ᠰᠠᠷᠠᠭᠤᠯ᠎ᠤᠨ 《ᠤᠡᠭ᠌ᠰᠢᠵᠤ ᠪᠢᠴᠢᠬᠦ᠌ ᠬᠢᠴᠢᠶᠡᠯ᠎ᠤᠨ ᠲᠠᠩᠬᠢᠮ》
2021-03-05 10:25:49
ᠵᠣᠬᠢᠶᠠᠭ᠍ᠴᠢ᠄
ᠭᠦᠸᠧ ᠬᠤᠩ ᠱᠧᠨ
ᠣᠩᠱᠢᠭ᠍ᠰᠠᠨ ᠣᠳᠠᠭ᠎ᠠ᠄
★★★☆☆

《〈ᠡᠪᠦᠯ᠎ᠤᠨ ᠡᠬᠢ〉 ᠵᠤᠬᠢᠶᠠᠯ᠄ ᠦᠷᠯᠦᠭᠡ᠂ ᠨᠡᠯᠦᠭᠡᠷ ᠴᠠᠭᠠᠨ ᠮᠠᠨᠠᠨ ᠴᠠᠢᠯᠵᠠᠵᠤ᠂ ᠲᠡᠷᠳᠡᠭᠡ ᠬᠤᠯᠠ᠎ᠶ᠋ᠢᠨ ᠰᠤᠪᠤᠷᠭ᠎ᠠ᠂ ᠠᠭᠤᠯᠠᠰ᠎ᠤᠨ ᠪᠠᠷ᠎ᠠ ᠬᠠᠷᠠᠬ᠍ᠳᠠᠬᠤ᠎ᠪᠠᠨ ᠪᠤᠯᠢᠪᠠ ᠁》᠃ ᠤᠢ᠍ᠢᠷ᠎ᠠ᠎ᠳᠤ᠂ ᠲᠦᠡᠭ᠌ᠯᠢᠶᠤᠤ ᠬᠤᠲᠠ᠎ᠶ᠋ᠢᠨ ᠬᠦᠷᠢᠶ᠎ᠠ ᠬᠤᠱᠢᠭᠤᠨ᠎ᠤ ᠬᠦᠷᠢᠶ᠎ᠠ ᠪᠠᠯᠭᠠᠰᠤ᠎ᠶ᠋ᠢᠨ ᠬᠠᠳᠠᠨ ᠠᠢᠯ ᠭᠠᠴᠠᠭᠠᠨ᠎ᠤ ᠨᠢᠭᠡᠨ ᠲᠠᠷᠢᠶᠠᠴᠢᠨ ᠠᠢᠯ᠎ᠤᠨ ᠬᠦᠷᠢᠶᠡᠨ᠎ᠠᠴᠠ ᠵᠢᠭᠠᠯ ᠬᠡᠥᠬᠡᠳ᠎ᠤᠨ ᠨᠤᠮ ᠤᠡᠭ᠌ᠰᠢᠬᠤ ᠳᠠᠭᠤᠨ ᠪᠠᠢᠨ ᠪᠠᠢᠨ ᠰᠤᠨᠤᠰᠲᠠᠨ᠎ᠠ᠃

ᠳᠠᠭᠠᠭᠤᠯᠵᠤ ᠤᠡᠭ᠌ᠰᠢᠵᠤ ᠪᠠᠢᠭ᠎ᠠ ᠬᠦᠮᠦᠨ᠎ᠢ ᠰᠠᠷᠠᠭᠤᠯ ᠭᠡᠳᠡᠭ᠂ ᠲᠡᠷᠡ ᠠᠮᠠᠷᠠᠯᠲᠠ᠎ᠶ᠋ᠢᠨ ᠬᠤᠭᠤᠴᠠᠭᠠᠨ᠎ᠳᠤ ᠬᠡᠦᠬᠡᠳ᠎ᠢᠶᠠᠨ ᠳᠠᠭᠠᠭᠤᠯᠤᠨ ᠬᠠᠢᠯᠠᠷ ᠬᠤᠲᠠ᠎ᠠᠴᠠ ᠳᠦᠷᠦᠭ᠌ᠰᠡᠨ ᠨᠤᠲᠤᠭ ᠬᠦᠷᠢᠶ᠎ᠠ ᠬᠤᠱᠢᠭᠤᠨ᠎ᠳᠠᠭᠠᠨ ᠲᠦᠷᠦᠯ ᠰᠠᠳᠤᠨ᠎ᠢᠶᠠᠨ ᠦᠵᠡᠬᠦ᠌᠎ᠪᠠᠷ ᠢᠷᠡᠭᠡᠳ ᠰᠠᠨᠠᠮᠰᠠᠷ ᠦᠬᠡᠢ᠎ᠪᠠᠷ ᠭᠠᠴᠠᠭᠠᠨ᠎ᠤ᠎ᠪᠠᠨ 《ᠬᠡᠦᠬᠡᠳ᠎ᠤᠨ ᠲᠦᠷᠦᠭᠦᠦ》 ᠪᠤᠯᠵᠠᠢ᠂ ᠡᠳᠦᠷ ᠪᠤᠯᠭᠠᠨ ᠬᠡᠳᠦᠨ ᠬᠡᠦᠬᠡᠳ ᠲᠡᠭᠦᠨ᠎ᠠᠴᠠ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠤᠡᠭ᠌ᠰᠢᠵᠤ ᠪᠢᠴᠢᠬᠦ᠌᠎ᠶ᠋ᠢ ᠰᠤᠷᠤᠯᠴᠠᠬᠤ ᠪᠤᠯᠪᠠ᠃

《ᠠᠵᠢᠯ᠎ᠤᠨ ᠭᠠᠷᠤᠭ᠎ᠠ᠎ᠪᠠᠨ ᠠᠪᠤᠬ᠍ᠰᠠᠨ᠎ᠤ ᠳᠠᠷᠠᠭ᠎ᠠ᠂ ᠪᠢ ᠡᠳᠦᠷ ᠪᠤᠯᠭᠠᠨ ᠠᠳᠠᠯᠢ ᠪᠤᠰᠤ ᠬᠡᠷᠡᠭ᠌ᠯᠡᠭ᠌ᠴᠢ᠎ᠲᠠᠢ ᠬᠠᠷᠢᠯᠴᠠᠬᠤ᠎ᠳᠠᠭᠠᠨ᠂ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ᠎ᠶ᠋ᠢ ᠰᠠᠢᠲᠤᠷ ᠰᠤᠷᠤᠯᠴᠠᠬᠤ᠎ᠨᠢ ᠡᠯ᠎ᠠ ᠠᠵᠢᠯ ᠲᠦᠷᠦᠯ᠎ᠤᠨ ᠬᠦᠮᠦᠰ᠎ᠲᠠᠢ ᠬᠠᠷᠢᠯᠴᠠᠵᠤ ᠪᠤᠳᠤᠯ ᠰᠠᠨᠠᠯ᠎ᠢᠶᠠᠨ ᠰᠤᠯᠢᠯᠴᠠᠬᠤ᠎ᠳᠤ ᠮᠠᠰᠢ ᠲᠤᠰᠠᠲᠠᠢ ᠭᠡᠳᠡᠭ᠎ᠢ ᠭᠦᠨᠵᠡᠭᠡᠢ ᠤᠢ᠍ᠢᠯᠠᠭᠠᠪᠠ》 ᠬᠡᠵᠤ ᠰᠠᠷᠠᠭᠤᠯ ᠬᠡᠯᠡᠨ᠎ᠠ᠃ ᠰᠠᠷᠠᠭᠤᠯ ᠠᠩᠬ᠎ᠠ ᠠᠵᠢᠯᠯᠠᠬᠤ᠎ᠳᠠᠭᠠᠨ ᠨᠢᠭᠡᠨ ᠭᠡᠷ ᠬᠦᠷᠦᠩᠬᠡ᠎ᠶ᠋ᠢᠨ ᠺᠤᠮᠫᠠᠨᠢ᠎ᠳᠤ ᠪᠤᠷᠤᠯᠠᠭᠤᠯᠤᠯᠲᠠ᠎ᠶ᠋ᠢᠨ ᠠᠵᠢᠯᠴᠢᠨ ᠪᠤᠯᠵᠤ᠂ ᠬᠡᠷᠡᠭ᠌ᠯᠡᠭ᠌ᠴᠢ᠎ᠳᠤ ᠭᠡᠷ ᠬᠦᠷᠦᠩᠬᠡ᠎ᠶ᠋ᠢᠨ ᠮᠡᠳᠡᠭᠡ ᠵᠠᠩᠬᠢ᠎ᠶ᠋ᠢ ᠲᠠᠨᠢᠯᠴᠠᠭᠤᠯᠬᠤ᠎ᠨᠢ ᠡᠳᠦᠷ ᠳᠤᠲᠤᠮ᠎ᠤᠨ ᠬᠠᠮᠤᠭ᠎ᠤᠨ ᠦᠨᠳᠦᠰᠦᠨ ᠠᠵᠢᠯ᠎ᠨᠢ ᠪᠤᠯᠵᠠᠢ᠃ ᠡᠨᠡ᠎ᠨᠢ ᠲᠡᠭᠦᠨ᠎ᠳᠤ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠡᠵᠡᠮᠱᠢᠬᠦ᠌᠎ᠶ᠋ᠢᠨ ᠴᠢᠬᠤᠯᠠ ᠴᠢᠨᠠᠷ᠎ᠢ ᠨᠡᠩ ᠪᠤᠳᠠᠲᠠᠢ ᠲᠠᠨᠢᠭᠤᠯᠪᠠ᠃ 《ᠡᠢᠮᠦ᠎ᠠᠴᠠ ᠪᠢ ᠬᠡᠦᠬᠡᠳ᠎ᠤᠨ᠎ᠢᠶᠠᠨ ᠤᠯᠤᠰ᠎ᠤᠨ ᠨᠢᠭᠡᠲᠦᠯᠲᠡᠢ ᠨᠠᠢᠷᠠᠭᠤᠯᠤᠬ᠍ᠰᠠᠨ ᠵᠢᠭᠠᠬᠤ ᠮᠠᠲ᠋ᠧᠷᠢᠶᠠᠯ᠎ᠢ ᠰᠠᠢᠲᠤᠷ ᠰᠤᠷᠬᠤ᠎ᠶ᠋ᠢ ᠮᠠᠰᠢ ᠳᠡᠮᠵᠢᠨ᠎ᠠ᠂ ᠢᠡᠭ᠌ᠭᠢᠪᠡᠯ ᠬᠡᠦᠬᠡᠳ᠎ᠤᠳ᠎ᠤᠨ ᠢᠷᠡᠭᠡᠳᠦᠢ᠎ᠶ᠋ᠢᠨ ᠬᠦᠭ᠌ᠵᠢᠯᠲᠡ᠎ᠶ᠋ᠢᠨ ᠤᠷᠤᠨ ᠵᠠᠢ ᠨᠡᠩ ᠠᠭᠤᠳᠠᠮ ᠪᠤᠯᠬᠤ ᠶᠤᠮ》 ᠭᠡᠵᠦ᠍ ᠰᠠᠷᠠᠭᠤᠯ ᠬᠡᠯᠡᠨ᠎ᠠ᠃

ᠰᠠᠷᠠᠭᠤᠯ᠎ᠤᠨ ᠬᠦᠦ ᠪᠤᠤ ᠠᠵᠠ ᠪᠤᠯ ᠪᠠᠭ᠎ᠠ ᠰᠤᠷᠭᠠᠭᠤᠯᠢ᠎ᠶ᠋ᠢᠨ ᠨᠢᠭᠡᠳᠦᠭᠡᠷ ᠤᠨ᠎ᠤ ᠱᠢᠨ᠎ᠠ ᠰᠤᠷᠤᠬ᠍ᠴᠢ ᠪᠤᠯᠬᠤ ᠶᠤᠮ᠂ ᠬᠡᠦᠬᠡᠳ᠎ᠢᠶᠠᠨ ᠤᠯᠤᠰ᠎ᠤᠨ ᠨᠢᠭᠡᠲᠦᠯᠲᠡᠢ ᠨᠠᠢᠷᠠᠭᠤᠯᠤᠬ᠍ᠰᠠᠨ ᠵᠢᠭᠠᠬᠤ ᠮᠠᠲ᠋ᠧᠷᠢᠶᠠᠯ᠎ᠳᠤ ᠡᠷᠲᠡᠭᠡᠨ ᠵᠤᠬᠢᠴᠠᠭᠤᠯᠬᠤ᠎ᠶ᠋ᠢᠨ ᠲᠦᠯᠦᠭᠡ᠂ ᠰᠠᠷᠠᠭᠤᠯ ᠬᠦᠦ᠎ᠳᠡᠭᠡᠨ ᠵᠢᠷᠤᠮᠵᠢᠬ᠍ᠰᠠᠨ ᠰᠤᠷᠤᠯᠴᠠᠯᠭ᠎ᠠ᠎ᠶ᠋ᠢᠨ ᠲᠦᠯᠦᠪᠯᠡᠭᠡ ᠲᠤᠬ᠍ᠲᠠᠭᠠᠨ ᠦᠭ᠌ᠴᠦ᠂ ᠲᠦᠷᠦᠯ ᠰᠠᠳᠤᠨ᠎ᠢᠶᠠᠨ ᠦᠵᠡᠬᠦ᠌ ᠬᠤᠭᠤᠴᠠᠭᠠᠨ᠎ᠳᠤ ᠪᠠᠰᠠ ᠲᠠᠰᠤᠯᠳᠠᠯ ᠦᠭᠡᠢ᠎ᠪᠠᠷ ᠡᠳᠦᠷ ᠪᠤᠯᠭᠠᠨ ᠬᠡᠦᠬᠡᠳ᠎ᠢᠶᠠᠨ ᠳᠠᠭᠠᠭᠤᠯᠵᠤ ᠬᠢᠴᠢᠶᠡᠯ ᠤᠡᠭ᠌ᠰᠢᠨ ᠦᠰᠦᠭ ᠪᠢᠴᠢᠵᠤ ᠪᠤᠯᠪᠠᠰᠤᠷᠠᠵᠤ᠂ ᠬᠡᠦᠬᠡᠳ᠎ᠤᠨ᠎ᠢᠶᠠᠨ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠤᠡᠭ᠌ᠰᠢᠵᠤ ᠪᠢᠴᠢᠬᠦ᠌ ᠴᠢᠳᠠᠪᠤᠷᠢ᠎ᠶ᠋ᠢ ᠳᠡᠭᠡᠭ᠌ᠰᠢᠯᠡᠭᠦᠯᠵᠦ᠍ ᠪᠠᠢᠯ᠎ᠠ᠃ ᠡᠨᠡ᠎ᠨᠢ ᠬᠦᠷᠰᠢ ᠠᠢᠯ᠎ᠤᠨ ᠭᠡᠷ᠎ᠤᠨ ᠠᠬᠠᠮᠠᠳ᠎ᠲᠠᠢ ᠰᠠᠨᠠᠯ ᠨᠡᠢᠴᠡᠵᠦ᠍᠂ ᠲᠡᠳᠡ ᠵᠠᠯᠭᠠᠭ᠎ᠠ᠎ᠪᠠᠷ ᠬᠡᠦᠬᠡᠳ᠎ᠢᠶᠠᠨ ᠰᠠᠷᠠᠭᠤᠯ᠎ᠤᠨ ᠳᠡᠷᠭᠡᠲᠡ ᠬᠦᠷᠭᠡᠨ ᠦᠭ᠌ᠴᠦ ᠬᠠᠮᠲᠤ ᠰᠤᠷᠤᠯᠴᠠᠭᠤᠯᠳᠠᠭ ᠪᠤᠯᠪᠠ᠃ ᠰᠠᠷᠠᠭᠤᠯ᠎ᠤᠨ 《ᠤᠡᠭ᠌ᠰᠢᠵᠤ ᠪᠢᠴᠢᠬᠦ᠌ ᠬᠢᠴᠢᠶᠡᠯ᠎ᠤᠨ ᠲᠠᠩᠬᠢᠮ》 ᠎ᠳᠤ ᠡᠳᠦᠷ ᠪᠤᠯᠭᠠᠨ ᠮᠤᠩᠭᠤᠯ ᠬᠡᠦᠬᠡᠳ ᠴᠠᠭ᠎ᠲᠠᠭᠠᠨ ᠢᠷᠡᠬᠦ᠌ ᠪᠤᠯᠤᠯ᠎ᠠ᠂ ᠱᠢᠷᠭᠠᠭᠤ ᠪᠤᠯᠪᠠᠰᠤᠷᠠᠯ᠎ᠢᠶᠠᠷ ᠳᠠᠮᠵᠢᠨ ᠲᠡᠳᠡᠨ᠎ᠤ ᠦᠰᠦᠭ ᠪᠢᠴᠢᠬᠦ᠌᠎ᠨᠢ ᠡᠳᠤᠷ ᠢᠷᠡᠬᠦᠶ᠎ᠡ ᠪᠤᠯᠪᠠᠰᠤᠷᠠᠩᠭᠤᠢ ᠪᠤᠯᠵᠤ᠂ ᠤᠡᠭ᠌ᠰᠢᠵᠤ ᠠᠪᠢᠶᠠᠯᠠᠬᠤ᠎ᠨᠢ ᠡᠳᠤᠷ ᠢᠷᠡᠬᠦᠶ᠎ᠡ ᠪᠠᠷᠢᠮᠵᠢᠶᠠᠱᠢᠵᠦ᠍᠂ ᠬᠡᠦᠬᠡᠳ᠎ᠤᠳ᠎ᠤᠨ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠤᠡᠭ᠌ᠰᠢᠵᠤ ᠪᠢᠴᠢᠬᠦ᠌ ᠴᠢᠳᠠᠪᠤᠷᠢ ᠢᠯᠡᠷᠭᠡᠢ ᠳᠡᠭᠡᠭ᠌ᠰᠢᠯᠡᠭ᠌ᠰᠡᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号