ᠬᠠᠢᠷ᠎ᠠ ᠪᠢᠯᠬᠠᠭ᠍ᠰᠠᠨ ᠬᠠᠯᠠᠭᠤᠨ ᠪᠦᠯᠢ
2021-04-02 10:15:40
ᠵᠣᠬᠢᠶᠠᠭ᠍ᠴᠢ᠄
ᠨᠠᠮᠢᠰ
ᠣᠩᠱᠢᠭ᠍ᠰᠠᠨ ᠣᠳᠠᠭ᠎ᠠ᠄
★★★☆☆


ᠵᠠᠷᠤᠳ ᠬᠤᠱᠢᠭᠤᠨ᠎ᠤ ᠪᠠᠶᠠᠷᠳᠣᠬᠤᠱᠢᠭᠤ ᠪᠠᠯᠭᠠᠰᠤᠨ᠎ᠤ ᠲᠦᠪᠱᠢᠨ ᠭᠠᠴᠠᠭ᠎ᠠ᠎ᠳᠤ ᠡᠢᠮᠦ᠍ ᠨᠢᠭᠡᠨ ᠬᠡᠷ ᠪᠦᠯᠢ ᠪᠠᠢᠳᠠᠭ᠂ ᠮᠣᠩᠭᠤᠯ ᠬᠠᠳᠠᠮ ᠡᠵᠢ ᠬᠢᠲᠠᠳ ᠬᠦᠦ ᠪᠡᠷᠢ᠎ᠪᠠᠨ ᠦᠬᠢᠨ᠎ᠢᠶᠠᠨ ᠠᠳᠠᠯᠢ ᠲᠤᠳᠤᠨᠤᠴᠢᠯᠠᠨ ᠬᠠᠢᠷᠠᠯᠠᠬᠤ᠎ᠳᠤ᠂ ᠬᠦᠦ ᠪᠡᠷᠢ᠎ᠨᠢ ᠬᠠᠳᠠᠮ ᠡᠵᠢ᠎ᠪᠠᠨ ᠲᠦᠷᠦᠭ᠌ᠰᠡᠨ ᠡᠬᠡ᠎ᠪᠠᠨ ᠱᠢᠭ ᠬᠦᠨᠳᠦᠳᠭᠡᠨ ᠠᠰᠠᠷᠠᠵᠤ᠂ ᠦᠷ᠎ᠡ ᠬᠦᠮᠦᠨ᠎ᠤ ᠠᠴᠢᠯᠠᠯ ᠡᠯᠪᠡᠷᠢᠯ᠎ᠢ ᠬᠦᠢᠴᠡᠳᠭᠡᠵᠥ᠍ ᠶᠠᠪᠤᠨ᠎ᠠ᠃ ᠡᠨᠡ ᠬᠦ᠌ ᠬᠡᠷ ᠪᠦᠯᠢ᠎ᠶ᠋ᠢᠨ ᠡᠶ᠎ᠡ ᠨᠠᠢᠷᠰᠠᠭ᠂ ᠬᠠᠯᠠᠭᠤᠨ ᠲᠤᠳᠤᠨᠤ ᠠᠭᠤᠷ ᠠᠮᠢᠰᠭᠤᠯ᠎ᠨᠢ ᠬᠠᠷᠠᠭ᠍ᠰᠠᠨ ᠪᠦᠬᠦᠨ᠎ᠢ ᠪᠠᠶᠠᠰᠭᠠᠵᠤ᠂ 《ᠨᠢᠬᠡ ᠬᠡᠷ᠎ᠤᠨ ᠬᠦᠮᠥᠰ ᠢᠩᠬᠢᠵᠤ ᠬᠠᠷᠢᠯᠴᠠᠨ ᠬᠠᠢᠷ᠎ᠠ ᠬᠠᠯᠠᠮᠵᠢ᠎ᠲᠠᠢ ᠶᠠᠪᠤᠬᠤ᠎ᠨᠢ ᠵᠥᠢ》 ᠬᠡᠵᠡᠬᠡᠳᠡᠭ ᠪᠠᠢᠯ᠎ᠠ᠃

ᠥᠷᠯᠥᠭᠡ ᠡᠷᠲᠡ ᠬᠦᠦ ᠪᠡᠷᠢ ᠭᠤᠤ ᠶᠤᠸᠠᠢ᠎ᠨᠢ ᠬᠠᠳᠠᠮ ᠡᠵᠢ ᠬᠠᠩᠱᠢᠮ᠎ᠠ᠎ᠪᠠᠨ ᠬᠠᠪᠰᠣᠷᠴᠦ᠍᠂ ᠬᠡᠵᠢᠬᠡ᠎ᠶ᠋ᠢ᠎ᠨᠢ ᠰᠠᠮᠨᠠᠵᠤ ᠦᠭ᠌ᠭᠦᠨ᠎ᠡ᠃ ᠳᠠᠤᠡᠮᠠᠭᠠᠢ ᠪᠦᠬᠡᠳ ᠨᠠᠷᠢᠨ ᠨᠢᠮᠪᠠᠢ ᠬᠥᠳᠡᠯᠦᠯ ᠪᠠᠷᠢᠯ᠂ ᠡᠶᠡᠯᠳᠡᠭ ᠲᠤᠳᠤᠨᠤ ᠪᠠᠢᠳᠠᠯ ᠡᠳᠦᠷ ᠪᠦᠷᠢ ᠡᠨᠡ ᠬᠦ᠌ ᠭᠡᠷ ᠪᠦᠯᠢ᠎ᠳᠤ ᠵᠤᠷᠱᠢᠯ ᠶᠤᠰᠤᠭᠠᠷ ᠦᠷᠬᠦᠯᠵᠢᠯᠡᠨ᠎ᠡ᠃ ᠬᠡᠳᠦ᠋ᠢᠪᠡᠷ ᠬᠠᠳᠠᠮ ᠡᠵᠢ ᠪᠡᠷᠢ ᠬᠤᠶᠠᠭᠤᠯᠠ᠎ᠶ᠋ᠢᠨ ᠦᠭᠡ ᠬᠡᠯᠡ᠎ᠨᠢ ᠠᠳᠠᠯᠢ ᠦᠭᠡᠢ ᠪᠣᠯᠪᠠᠴᠤ᠌᠂ ᠭᠤᠤ ᠶᠤᠸᠠᠢ ᠡᠳᠦᠷ ᠲᠤᠲᠤᠮ᠎ᠤᠨ ᠠᠮᠢᠳᠤᠷᠠᠯ ᠳᠤᠮᠳᠠᠬᠢ ᠵᠢᠵᠢᠭ ᠰᠠᠵᠢᠭ ᠤᠴᠢᠷ ᠶᠠᠪᠤᠳᠠᠯ᠎ᠠᠴᠠ ᠭᠠᠷᠳᠠᠵᠤ᠂ ᠬᠦᠦ ᠪᠡᠷᠢ᠎ᠶ᠋ᠢᠨ ᠬᠠᠷᠢᠭᠤᠴᠠᠯᠭ᠎ᠠ᠎ᠪᠠᠨ ᠦᠨᠡᠨᠴᠢ᠎ᠪᠠᠷ ᠬᠦᠢᠴᠡᠳᠭᠡᠵᠥ᠍ ᠶᠠᠪᠤᠨ᠎ᠠ᠃


111.jpg


《ᠮᠢᠨᠤ ᠬᠦᠤ ᠪᠡᠷᠢ ᠨᠡᠳᠡ᠎ᠳᠤ ᠦᠨᠡᠬᠡᠷ ᠰᠠᠢᠨ ᠱᠢᠤ᠂ ᠦᠷᠯᠥᠬᠡ ᠡᠷᠳᠡ ᠬᠡᠵᠢᠬᠡ ᠦᠰᠦ᠎ᠶ᠋ᠢ ᠰᠠᠮᠨᠠᠵᠤ ᠦᠭ᠌ᠬᠦᠨ᠂ ᠠᠵᠢᠯ᠎ᠠᠴᠠ᠎ᠪᠠᠨ ᠪᠠᠭᠤᠵᠦ᠍ ᠢᠷᠡᠭ᠌ᠰᠡᠬᠡᠷ ᠬᠤᠪᠴᠠᠰᠣ ᠬᠤᠨᠠᠷ ᠤᠬᠢᠶᠠᠵᠦ᠍᠂ ᠬᠡᠷ ᠲᠡᠷᠬᠡ᠎ᠪᠠᠨ ᠠᠬᠤᠢ᠍ᠢᠯᠠᠵᠤ ᠴᠡᠪᠡᠷᠯᠡᠬᠦ᠌ ᠮᠡᠳᠦ᠎ᠶ᠋ᠢᠨ ᠤᠯᠠᠨ ᠠᠵᠢᠯ᠎ᠳᠤ ᠪᠤᠷᠪᠢ ᠪᠤᠬᠢᠰᠭᠢᠯ ᠦᠬᠡᠢ ᠮᠤᠩᠬᠢᠨᠠᠵᠤ ᠯᠠ ᠪᠠᠢᠳᠠᠭ》 ᠬᠡᠵᠦ᠍ ᠬᠠᠩᠱᠢᠮ᠎ᠠ ᠨᠠᠰᠤᠳᠠᠨ ᠬᠡᠯᠡᠵᠦ᠍ ᠪᠠᠢᠯ᠎ᠠ᠃

ᠭᠤᠤ ᠶᠤᠸᠠᠢ ᠮᠣᠩᠭᠤᠯ ᠵᠠᠯᠠᠭᠤ ᠬᠤᠩᠭᠤᠷᠪᠠᠭᠠᠳᠤᠷ᠎ᠲᠠᠢ ᠠᠢᠯ ᠬᠡᠷ ᠪᠤᠯᠤᠭ᠍ᠰᠠᠨ᠎ᠤ ᠰᠡᠭᠦᠯᠡᠷ᠂ ᠬᠠᠳᠠᠮ ᠡᠵᠢ᠂ ᠬᠠᠳᠠᠮ ᠠᠬ᠎ᠠ ᠪᠡᠷᠭᠡᠨ᠎ᠲᠠᠢ᠎ᠪᠠᠨ ᠡᠪᠳᠡᠢ ᠰᠠᠢᠬᠠᠨ ᠶᠠᠪᠤᠯᠴᠠᠵᠦ᠍᠂ ᠡᠪ ᠲᠡᠮ᠂ ᠪᠤᠳᠤᠯ ᠰᠡᠳᠭᠢᠯ᠎ᠢᠶᠠᠨ ᠤᠯᠤᠯᠴᠠᠭ᠍ᠰᠠᠨ ᠪᠦᠬᠡᠳ ᠮᠣᠩᠭᠤᠯ ᠦᠬᠡ ᠴᠢᠷᠮᠠᠢᠨ ᠰᠤᠷᠴᠤ᠌᠂ ᠡᠨᠡ ᠬᠦ᠌ ᠬᠡᠷ ᠪᠦᠯᠢ᠎ᠶ᠋ᠢᠨ ᠠᠮᠢᠳᠤᠷᠠᠯ᠎ᠤᠨ ᠳᠠᠤᠡᠬᠠᠯ᠂ ᠰᠣᠶᠣᠯ ᠰᠡᠳᠭᠢᠴᠡ ᠵᠡᠷᠬᠡ᠎ᠳᠤ ᠴᠢᠷᠮᠠᠢᠨ ᠠᠭᠤᠰᠤᠯᠴᠠᠭ᠍ᠰᠠᠨ ᠪᠠᠢᠨ᠎ᠠ᠃

《ᠬᠠᠳᠠᠮ ᠡᠵᠢ ᠨᠠᠮ᠎ᠠ᠎ᠶ᠋ᠢ ᠥᠬᠢᠨ᠎ᠢᠶᠠᠨ ᠠᠳᠠᠯᠢ ᠰᠠᠨᠠᠳᠠᠭ᠃ ᠦᠨᠡᠨ᠎ᠳᠡᠭᠡᠨ ᠪᠢ ᠰᠠᠶᠢ ᠬᠠᠷᠢᠯᠠᠵᠤ ᠢᠷᠡᠬᠦ᠌ ᠦᠶ᠎ᠡ᠎ᠳᠤ ᠮᠣᠩᠭᠤᠯ ᠦᠭᠡ᠎ᠶ᠋ᠢ ᠨᠢᠭᠡ ᠴᠦ᠍ ᠤᠢᠯᠠᠭᠠᠬᠤ ᠦᠭᠡᠢ᠂ ᠬᠠᠳᠠᠮ ᠡᠵᠢ ᠬᠢᠲᠠᠳ ᠦᠬᠡ ᠮᠡᠳᠡᠬᠦ᠌ ᠥᠬᠡᠶ᠂ ᠶᠡᠷᠦ᠎ᠳᠡᠭᠡᠨ ᠬᠤᠩᠭᠤᠷᠪᠠᠭᠠᠳᠤᠷ ᠬᠤᠭᠤᠷᠤᠨᠳᠤ᠎ᠨᠢ ᠤᠷᠴᠢᠭᠤᠯᠵᠦ᠍ ᠦᠭ᠌ᠳᠡᠭ᠃ ᠭᠡᠪᠡᠴᠦ᠍ ᠡᠳᠦᠷ᠎ᠤᠨ ᠤᠳᠠᠭᠠᠨ᠎ᠳᠠᠭᠠᠨ ᠬᠡᠨ ᠠᠯᠢᠨ᠎ᠢᠶᠠᠨ ᠬᠡᠭᠦ᠌ ᠳᠣᠲᠣᠨᠣ ᠲᠥᠷᠥᠭ᠌ᠳᠡᠯ ᠦᠭᠡ ᠬᠡᠯᠡᠨ᠎ᠠᠴᠠ ᠳᠠᠪᠠᠵᠤ᠂ ᠤᠳᠤ ᠪᠢ ᠮᠤᠩᠭᠤᠯ ᠦᠬᠡ᠎ᠶ᠋ᠢ ᠨᠡᠯᠢᠶᠡᠳ ᠲᠦᠬᠦᠬᠡᠷᠡᠬᠦ᠌ ᠪᠤᠯᠤᠭ᠍ᠰᠠᠨ ᠪᠦᠬᠡᠳ ᠡᠳᠦᠷ ᠲᠤᠳᠤᠮ᠎ᠤᠨ ᠶᠠᠷᠢᠶᠠᠨ᠎ᠤ ᠦᠬᠡ᠎ᠶ᠋ᠢ ᠴᠤ᠌ ᠬᠡᠯᠡᠬᠡᠳ ᠴᠢᠳᠠᠴᠢᠬᠠᠨ᠎ᠠ᠃ ᠵᠠᠷᠢᠮ᠎ᠳᠠᠭᠠᠨ ᠬᠠᠳᠠᠮ ᠡᠵᠢ ᠪᠢᠳᠡ ᠬᠤᠶᠠᠭᠤᠯᠠ ᠨᠢᠳᠦᠨ ᠬᠠᠷᠠᠴᠠ᠎ᠪᠠᠷ᠎ᠢᠶᠠᠨ ᠰᠠᠨᠠᠭ᠎ᠠ ᠪᠤᠳᠤᠯ᠎ᠢ ᠮᠡᠳᠡᠴᠡᠭᠡᠨ᠎ᠡ》 ᠬᠡᠵᠦ᠍ ᠭᠤᠤ ᠶᠤᠸᠠᠢ ᠬᠡᠯᠡᠵᠦ᠍ ᠪᠠᠢᠯ᠎ᠠ᠃

ᠬᠤᠩᠭᠤᠷᠪᠠᠭᠠᠳᠣᠷ ᠦᠪᠡᠷ᠎ᠲᠡᠭᠡᠨ ᠭᠡᠷ ᠪᠦᠯᠢ᠎ᠶ᠋ᠢᠨ ᠮᠠᠯᠵᠢᠯ᠎ᠤᠨ ᠲᠠᠯᠠᠪᠠᠢ ᠡᠵᠡᠩᠨᠡᠵᠦ᠍᠂ ᠪᠦᠰᠡᠭᠦᠢ ᠭᠤᠤ ᠶᠤᠸᠠᠢ᠎ᠨᠢ ᠠᠷᠤ ᠭᠡᠷ᠎ᠢᠶᠠᠨ ᠲᠤᠳᠤᠮᠳᠠᠵᠦ᠍ ᠪᠠᠢᠭ᠎ᠠ ᠪᠤᠯᠬᠤᠷ ᠲᠠᠷᠡ ᠨᠢᠭᠡ ᠰᠡᠳᠭᠢᠯ᠎ᠢᠶᠠᠷ ᠠᠵᠢᠯ ᠦᠢᠯᠡᠰ᠎ᠲᠡᠭᠡᠨ ᠮᠠᠷᠠᠢᠵᠤ᠂ ᠠᠱᠢᠭ ᠤᠷᠤᠯᠭ᠎ᠠ᠎ᠨᠢ ᠤᠯᠠᠮ᠎ᠠᠴᠠ ᠤᠯᠠᠮ ᠰᠠᠢᠨ ᠪᠣᠯᠪᠠ᠃ ᠥᠪᠡᠷ᠎ᠤᠨ ᠬᠢᠨᠢ ᠠᠵᠢᠯ ᠶᠠᠭᠠᠷᠠᠤ᠎ᠠᠴᠠ ᠪᠣᠯᠵᠤ᠂ ᠭᠡᠷ᠎ᠤᠨ ᠤᠴᠢᠷ ᠶᠠᠪᠤᠳᠠᠯ᠎ᠤᠳ᠎ᠢᠶᠠᠨ ᠭᠤᠤ ᠶᠤᠸᠠᠢ᠎ᠳᠤ ᠨᠠᠢᠳᠠᠵᠤ᠂ ᠡᠵᠢ᠎ᠪᠠᠨ ᠠᠰᠠᠷᠠᠵᠤ ᠬᠦᠨᠳᠦᠯᠡᠬᠦ᠂ ᠬᠡᠦᠬᠡᠳ᠎ᠢᠶᠠᠨ ᠰᠤᠷᠭᠠᠨ ᠬᠥᠮᠦᠵᠢᠭᠦᠯᠬᠦ᠌ ᠲᠠᠯ᠎ᠠ᠎ᠪᠠᠷ ᠭᠤᠤ ᠶᠤᠸᠠᠢ ᠤᠬᠠᠭᠠᠨ ᠲᠠᠮᠢᠷ᠎ᠢᠶᠠᠨ ᠶᠡᠬᠡᠬᠡᠨ ᠱᠢᠪᠬᠠᠵᠦ᠍ ᠪᠠᠢᠨ᠎ᠠ᠃ ᠡᠷ᠎ᠡ ᠡᠮ᠎ᠡ ᠬᠤᠶᠠᠭᠤᠯᠠ ᠦᠨᠡᠨᠴᠢ ᠬᠠᠢᠷ᠎ᠠ᠎ᠪᠠᠷ᠎ᠢᠶᠠᠨ ᠭᠡᠷ ᠪᠦᠯᠢ᠎ᠪᠠᠨ ᠡᠵᠡᠩᠨᠡᠵᠥ᠍᠂ ᠠᠳᠠᠯᠢ ᠪᠤᠰᠤ ᠦᠨᠳᠦᠰᠦᠳᠡᠨ ᠴᠤ᠌ ᠬᠠᠯᠠᠭᠤᠨ ᠲᠤᠳᠤᠨᠤ ᠠᠮᠢᠳᠤᠷᠠᠵᠤ ᠪᠤᠯᠤᠨ᠎ᠠ ᠬᠡᠳᠡᠭ᠎ᠢ ᠬᠦᠮᠥᠰ᠎ᠲᠤ ᠬᠠᠷᠠᠭᠤᠯᠤᠨ᠎ᠠ᠃

《ᠮᠢᠨᠦ᠍ ᠡᠬᠡᠨᠡᠷ ᠭᠤᠤ ᠶᠤᠸᠠᠢ ᠠᠮᠢᠳᠤᠷᠠᠬᠤ᠎ᠳᠤ ᠬᠠᠱᠢᠷ ᠭᠠᠷ ᠱᠢᠤ᠂ ᠪᠠᠰᠠ ᠮᠠᠯᠵᠢᠯ᠎ᠤᠨ ᠲᠠᠯᠠᠪᠠᠢ᠎ᠶ᠋ᠢᠨ ᠤᠬᠠᠭᠤᠯᠭ᠎ᠠ ᠬᠢᠬᠦ᠂ ᠮᠠᠲ᠋ᠧᠷᠢᠶᠠᠯ ᠪᠢᠴᠢᠬᠦ᠌ ᠲᠠᠯ᠎ᠠ᠎ᠪᠠᠷ ᠨᠠᠮᠠᠶ᠋ᠢ ᠬᠠᠪᠰᠣᠷᠳᠠᠭ᠃ ᠠᠭᠠᠵᠢᠮ᠎ᠢᠶᠠᠷ ᠮᠢᠨᠦ᠍ ᠬᠢᠲᠠᠳ ᠬᠡᠯᠡ ᠴᠤ᠌ ᠨᠡᠯᠢᠶᠡᠳ ᠳᠡᠭᠡᠭ᠌ᠰᠢᠯᠡᠵᠡᠶ᠃ ᠮᠠᠨ᠎ᠤ ᠬᠡᠷ ᠪᠦᠯᠢ᠎ᠶ᠋ᠢᠨ ᠮᠠᠯᠵᠢᠯ᠎ᠤᠨ ᠲᠠᠯᠠᠪᠠᠶ ᠣᠲᠣ 300 ᠭᠠᠷᠤᠶ ᠦᠬᠡᠷ᠎ᠲᠠᠢ᠂ ᠨᠢᠳᠤᠨᠤᠨ᠎ᠤ ᠦᠬᠡᠷ᠎ᠤᠨ ᠮᠢᠬᠠᠨ᠎ᠤ ᠪᠣᠷᠣᠯᠠᠭᠤᠯᠭ᠎ᠠ 100 ᠭᠠᠷᠤᠶ ᠲᠦᠮᠡᠨ ᠲᠦᠬᠦᠷᠢᠭ᠎ᠲᠤ ᠬᠦᠷᠴᠡᠢ》 ᠬᠡᠵᠦ᠍ ᠬᠤᠩᠭᠤᠷᠪᠠᠭᠠᠲᠤᠷ ᠬᠡᠯᠡᠵᠦ᠍ ᠪᠠᠢᠯ᠎ᠠ᠃

ᠠᠴᠢᠯᠠᠯ ᠡᠯᠪᠡᠷᠢᠯ᠂ ᠬᠠᠢᠷ᠎ᠠ ᠬᠠᠯᠠᠮᠵᠢ᠂ ᠬᠠᠯᠠᠭᠤᠨ ᠳᠤᠯᠠᠭᠠᠨ ᠠᠭᠤᠷ ᠠᠮᠢᠰᠭᠤᠯ ᠬᠤᠩᠭᠤᠷᠪᠠᠭᠠᠳᠣᠷ᠎ᠤᠨ ᠭᠡᠷ᠎ᠲᠤ ᠪᠢᠯᠬᠠᠵᠤ᠂ ᠲᠡᠳᠡ ᠪᠣᠳᠠᠲᠤ ᠠᠵᠢᠯᠯᠠᠭ᠎ᠠ᠎ᠪᠠᠷ᠎ᠢᠶᠠᠨ ᠦᠨᠳᠦᠰᠦᠲᠡᠨ᠎ᠤ ᠪᠦᠯᠬᠦᠮᠳᠡᠯ᠎ᠤᠨ ᠰᠠᠢᠬᠠᠨ ᠦᠯᠢᠭᠡᠷ᠎ᠢ ᠬᠦᠦᠷᠨᠢᠨ᠎ᠡ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号