ᠠᠴᠢᠯᠠᠯ᠎ᠲᠠᠢ ᠰᠠᠢᠨ ᠪᠡᠷᠢ ᠳ᠋ᠠᠶ ᠱᠢᠤ ᠴᠢᠨ
2021-05-10 09:36:17
ᠵᠣᠬᠢᠶᠠᠭ᠍ᠴᠢ᠄
ᠶᠠᠨ ᠯᠢᠩ
ᠣᠩᠱᠢᠭ᠍ᠰᠠᠨ ᠣᠳᠠᠭ᠎ᠠ᠄
★★★☆☆

ᠵᠠᠯᠠᠢᠳ ᠬᠤᠱᠢᠭᠤᠨ᠎ᠤ ᠠᠷᠪᠠᠨ ᠭᠡᠷ ᠪᠠᠯᠭᠠᠰᠦᠨ᠎ᠤ ᠴᠠᠭᠠᠨᠪᠤᠯᠠᠭ ᠨᠡᠢᠭᠡᠮ ᠲᠣᠭᠤᠷᠢᠭ᠎ᠤᠨ ᠰᠠᠭᠤᠭᠠᠯᠢ ᠠᠷᠠᠳ ᠳ᠋ᠠᠶ ᠱᠢᠤ ᠴᠢᠨ 20 ᠭᠠᠷᠤᠶ ᠵᠢᠯ᠎ᠤᠨ ᠲᠤᠷᠰᠢ ᠨᠠᠰᠤ ᠠᠬᠢᠬ᠍ᠰᠡᠨ ᠡᠪᠡᠳᠴᠢᠨ ᠡᠮᠭᠡᠭ᠎ᠲᠠᠢ ᠬᠠᠳᠠᠮ ᠡᠵᠢ ᠠᠪᠤ᠎ᠪᠠᠨ ᠠᠯᠠᠭ ᠦᠭᠡᠢ ᠰᠡᠳᠭᠢᠯ᠎ᠢᠶᠠᠷ ᠬᠠᠷᠠᠭᠠᠯᠵᠠᠵᠤ᠂ ᠭᠤᠶᠠᠴᠢ ᠦᠭᠡᠢ ᠵᠢᠳᠬᠦᠯ᠎ᠢᠶᠠᠷ ᠠᠴᠢᠯᠠᠯᠲᠤ ᠶᠣᠰᠣ ᠪᠠ ᠶᠡᠭᠡ ᠬᠠᠢᠷ᠎ᠠ᠎ᠶ᠋ᠢ ᠤᠯᠠᠮᠵᠢᠯᠠᠨ ᠵᠠᠯᠭᠠᠮᠵᠢᠯᠠᠵᠤ᠂ ᠭᠡᠷ ᠪᠦᠯᠢ᠎ᠶ᠋ᠢᠨ ᠵᠣᠯ ᠵᠢᠷᠭᠠᠯ᠎ᠢᠶᠠᠨ ᠴᠤᠬ᠍ᠴᠠᠯᠠᠨ᠎ᠡ᠃

ᠬᠠᠳᠠᠮ ᠠᠪᠤ᠎ᠨᠢ ᠡᠮᠨᠡᠯᠭᠡ᠎ᠳᠤ ᠰᠠᠭᠤᠵᠤ ᠡᠮᠨᠡᠭᠦᠯᠵᠦ᠍ ᠪᠠᠢᠭ᠎ᠠ ᠬᠤᠭᠤᠴᠠᠭᠠᠨ᠎ᠳᠤ᠂ ᠳ᠋ᠠᠶ ᠱᠢᠤ ᠴᠢᠨ ᠡᠳᠦᠷ ᠰᠥᠨᠢ᠎ᠶ᠋ᠢᠨ ᠬᠤᠪᠢᠨ᠎ᠳᠤ ᠨᠢᠮᠪᠠᠢ ᠠᠰᠠᠷᠠᠵᠦ᠍ ᠨᠠᠷᠢᠯᠢᠭ ᠬᠠᠷᠠᠭᠠᠯᠵᠠᠭ᠍ᠰᠠᠨ᠎ᠠᠴᠠ ᠨᠠᠰᠤᠲᠠᠨ᠎ᠤ ᠡᠪᠡᠳᠴᠢᠨ᠎ᠤ ᠪᠠᠢᠳᠠᠯ᠎ᠳᠤ ᠡᠷᠬᠢᠯᠲᠡ ᠭᠠᠷᠴᠦ᠍᠂ ᠪᠡᠶ᠎ᠡ ᠮᠠᠬᠠᠪᠤᠳ᠎ᠨᠢ ᠨᠡᠯᠢᠶᠡᠳ ᠲᠡᠩᠬᠡᠭᠡᠷᠡᠵᠡᠢ᠂ ᠭᠡᠪᠡᠴᠦ᠍ ᠲᠡᠮᠡᠢ ᠤᠳᠠᠬ᠍ᠰᠡᠨ ᠦᠭᠡᠢ ᠨᠠᠰᠤᠲᠠᠨ᠎ᠤ ᠡᠪᠡᠳᠴᠢᠨ᠎ᠨᠢ ᠲᠠᠬᠢᠨᠲᠠ ᠬᠦᠨᠳᠦᠷᠡᠵᠦ᠍᠂ ᠡᠴᠦᠰ᠎ᠲᠡᠭᠡᠨ ᠠᠮᠢᠨ᠎ᠳᠠᠭᠠᠨ ᠵᠦᠪ ᠦᠭᠡᠢ ᠬᠦᠮᠦᠨ᠎ᠤ ᠭᠠᠷ ᠳᠡᠭᠡᠷ᠎ᠡ ᠪᠤᠯᠪᠠ᠃


QQ图片20210510091425.png


ᠳ᠋ᠠᠶ ᠱᠢᠤ ᠴᠢᠨ ᠵᠥᠭᠡᠯᠡᠨ ᠪᠠᠭᠤᠷᠠᠶ ᠮᠦᠷᠦᠨ ᠳᠡᠭᠡᠷ᠎ᠡ᠎ᠪᠠᠨ ᠬᠠᠳᠠᠮ ᠠᠪᠤ᠎ᠪᠠᠨ ᠬᠠᠷᠠᠭᠠᠯᠵᠠᠬᠤ ᠪᠦᠬᠦ᠌ ᠬᠠᠷᠢᠭᠤᠴᠠᠯᠭ᠎ᠠ᠎ᠶ᠋ᠢ ᠡᠭᠦᠷᠭᠡᠯᠡᠵᠡᠢ᠃ ᠨᠠᠰᠤᠲᠠᠨ᠎ᠳᠤ ᠬᠤᠭᠤᠯᠠ ᠬᠢᠵᠦ᠍ ᠢᠳᠡᠭᠦᠯᠦᠨ᠎ᠡ᠂ ᠦᠳᠭᠡᠨ ᠮᠦᠷ ᠱᠢᠩᠭᠡᠨ ᠮᠦᠷ᠎ᠢ᠎ᠨᠢ ᠠᠷᠢᠯᠭᠠᠵᠦ᠍ ᠴᠡᠪᠡᠷᠯᠡᠨ᠎ᠡ᠂ ᠪᠡᠶ᠎ᠡ᠎ᠶ᠋ᠢ᠎ᠨᠢ ᠵᠦᠯᠬᠦᠵᠦ᠍ ᠠᠷᠴᠢᠨ᠎ᠡ᠂ ᠬᠤᠪᠴᠠᠰᠦ ᠬᠤᠨᠠᠷ᠎ᠢ᠎ᠨᠢ ᠤᠬᠢᠶᠠᠨ᠎ᠡ᠃ ᠵᠠᠪ ᠴᠢᠯᠦᠭᠡ᠎ᠪᠠᠷ᠎ᠢᠶᠠᠨ ᠪᠠᠰᠠ ᠡᠪᠦᠭᠡᠨ᠎ᠤ ᠪᠡᠶ᠎ᠡ᠎ᠶ᠋ᠢ᠎ᠨᠢ ᠢᠯᠢᠵᠦ᠍ ᠨᠤᠬᠤᠯᠠᠵᠦ᠍ ᠦᠭ᠌ᠭᠦᠨ᠎ᠡ᠂ ᠲᠦᠷᠪᠡᠨ ᠮᠦᠴᠢ᠎ᠶ᠋ᠢ᠎ᠨᠢ ᠬᠦᠳᠡᠯᠭᠡᠭᠡᠨ ᠬᠢᠯᠭᠡᠨ᠎ᠡ᠂ ᠳ᠋ᠠᠶ ᠱᠢᠤ ᠴᠢᠨ᠎ᠤ ᠨᠢᠮᠪᠠᠢ ᠠᠷᠠᠴᠢᠯᠠᠯᠲᠠ ᠲᠤᠤᠷ᠎ᠠ ᠬᠠᠳᠠᠮ ᠠᠪᠤ᠎ᠶ᠋ᠢᠨ ᠬᠢᠨᠢ ᠪᠡᠶ᠎ᠡ᠎ᠨᠢ ᠡᠳᠦᠷ᠎ᠠᠴᠠ ᠡᠳᠦᠷ ᠰᠠᠢᠵᠢᠷᠠᠪᠠ᠃ ᠲᠡᠷᠡᠴᠢᠯᠡᠨ ᠨᠠᠰᠤ ᠠᠬᠢᠭ᠍ᠰᠠᠨ ᠬᠠᠳᠠᠮ ᠡᠵᠢ᠎ᠪᠠᠨ ᠬᠦᠳᠡᠯᠭᠡᠯ ᠦᠭᠡᠢ ᠲᠡᠷᠡ ᠪᠦᠬᠦ᠋ᠢᠯᠡ ᠭᠡᠷ᠎ᠤᠨ ᠠᠵᠢᠯ᠎ᠢ ᠰᠠᠨᠠᠭᠠᠴᠢᠯᠠᠭ᠎ᠠ᠎ᠠᠴᠠ᠎ᠪᠠᠨ ᠳᠠᠭᠠᠭᠠᠴᠢᠯᠠᠵᠦ᠍ ᠬᠢᠪᠡ᠂ ᠲᠡᠷᠡ ᠪᠠᠰᠠ ᠦᠪᠡᠷ᠎ᠤᠨ ᠢᠳᠡᠵᠦ᠍ ᠤᠤᠭᠤᠬᠤ᠎ᠪᠠᠨ ᠠᠷᠪᠢᠯᠠᠨ ᠪᠠᠢᠵᠤ᠂ ᠬᠠᠳᠠᠮ ᠡᠵᠢ᠎ᠳᠡᠭᠡᠨ ᠦᠨᠳᠦᠷ ᠦᠨ᠎ᠡ ᠪᠦᠬᠦᠢ ᠬᠢᠮᠡᠯ ᠱᠢᠳᠦ ᠰᠣᠯᠢᠵᠤ ᠦᠭ᠌ᠭᠦᠭ᠌ᠰᠡᠨ ᠶᠤᠮ᠃

ᠳ᠋ᠠᠶ ᠱᠢᠤ ᠴᠢᠨ ᠬᠦᠦ ᠥᠬᠢᠨ᠎ᠢᠶᠠᠨ ᠰᠤᠷᠭᠠᠬᠤ ᠭᠡᠵᠦ᠍ ᠬᠡᠵᠢᠶᠡᠳᠡ ᠶᠠᠩᠱᠢᠳᠠᠭ ᠦᠭᠡᠢ᠂ ᠬᠠᠷᠢᠨ ᠥᠪᠡᠷ᠎ᠤᠨ ᠦᠭᠡ ᠶᠠᠷᠢᠶ᠎ᠠ ᠦᠢᠯᠡ ᠠᠵᠢᠯᠯᠠᠭ᠎ᠠ᠎ᠪᠠᠷ᠎ᠢᠶᠠᠨ ᠬᠡᠦᠬᠡᠳ᠎ᠲᠡᠭᠡᠨ ᠦᠯᠢᠭᠡᠷ ᠳᠠᠭᠤᠷᠢᠶᠠᠯ ᠪᠤᠯᠳᠠᠭ᠃ ᠲᠡᠭᠦᠨ᠎ᠤ ᠨᠦᠯᠦᠭᠡᠯᠡᠯ ᠲᠤᠤᠷ᠎ᠠ᠂ ᠬᠤᠶᠠᠷ ᠬᠡᠦᠬᠡᠳ᠎ᠨᠢ ᠬᠠᠷᠠᠬᠠᠨ ᠪᠠᠭ᠎ᠠ᠎ᠠᠴᠠ᠎ᠪᠠᠨ ᠠᠴᠢᠯᠠᠯ᠎ᠲᠠᠢ᠂ ᠬᠠᠢᠷ᠎ᠠ ᠰᠡᠳᠭᠢᠯᠭᠡ᠎ᠲᠠᠢ᠂ ᠥᠭᠡᠳᠡᠯᠡᠨ ᠲᠠᠪᠱᠢᠬᠤ ᠵᠣᠷᠢᠭ᠎ᠲᠠᠢ ᠪᠤᠯᠵᠦ᠍ ᠬᠦᠮᠦᠵᠢᠭ᠌ᠳᠡᠭ᠌ᠰᠡᠨ ᠪᠢᠯᠡ᠃ ᠡᠪᠦᠭᠡ᠎ᠨᠢ ᠡᠪᠡᠳᠴᠢᠯᠡᠭ᠌ᠰᠡᠨ᠎ᠢ ᠮᠡᠳᠡᠭᠡᠳ ᠬᠤᠶᠠᠭᠤᠯᠠ᠎ᠪᠠᠨ ᠦᠷᠭᠦᠯᠵᠢ ᠰᠥᠨᠢᠵᠢᠨ ᠤᠨᠲᠠᠬᠤ ᠦᠭᠡᠢ ᠡᠭᠡᠯᠵᠢ᠎ᠪᠠᠷ ᠡᠪᠦᠭᠡ᠎ᠶ᠋ᠢᠨ᠎ᠢᠶᠠᠨ ᠬᠠᠵᠠᠭᠤ᠎ᠳᠤ ᠰᠠᠬᠢᠵᠤ ᠰᠠᠭᠤᠳᠠᠭ ᠪᠠᠢᠯ᠎ᠡ᠃ 《ᠡᠵᠢ ᠪᠣᠯ ᠮᠢᠨᠦ᠍ ᠬᠠᠮᠤᠭ᠎ᠤᠨ ᠰᠠᠢᠨ ᠪᠠᠭ᠍ᠰᠢ》 ᠭᠡᠵᠦ᠍ ᠳ᠋ᠠᠶ ᠱᠢᠤ ᠴᠢᠨ᠎ᠤ ᠬᠡᠤᠬᠡᠳ᠎ᠨᠢ ᠦᠷᠭᠦᠯᠵᠢ ᠶᠠᠷᠢᠳᠠᠭ᠃


QQ图片20210510091441.png


ᠳ᠋ᠠᠶ ᠱᠢᠤ ᠴᠢᠨ ᠪᠣᠯ ᠬᠥᠳᠡᠭᠡ᠎ᠶ᠋ᠢᠨ ᠨᠢᠭᠡᠨ ᠡᠭᠡᠯ ᠵᠢᠷ᠎ᠤᠨ ᠪᠦᠰᠡᠭᠦᠢ᠂ ᠭᠡᠪᠡᠴᠦ᠍ ᠲᠡᠷᠡ ᠬᠤᠷᠢ ᠭᠠᠷᠤᠢ ᠵᠢᠯ᠎ᠤᠨ ᠪᠤᠳᠠᠳᠠᠢ ᠦᠢᠯᠡ ᠠᠵᠢᠯᠯᠠᠭ᠎ᠠ᠎ᠪᠠᠷ᠎ᠢᠶᠠᠨ ᠬᠠᠪᠢ ᠲᠡᠷᠭᠡᠳᠡᠬᠢ ᠤᠯᠠᠨ ᠬᠦᠮᠦᠰ᠎ᠢ ᠨᠦᠯᠦᠭᠡᠯᠡᠵᠦ᠍᠂ ᠬᠤᠢᠴᠢ ᠦᠶ᠎ᠡ᠎ᠪᠠᠨ ᠨᠤᠮ᠎ᠲᠠᠢ ᠰᠤᠷᠲᠠᠯ᠎ᠲᠠᠢ ᠬᠦᠮᠦᠨ ᠪᠤᠯᠭᠠᠨ ᠬᠥᠮᠦᠵᠢᠭᠦᠯᠦᠭ᠌ᠰᠡᠨ ᠪᠠᠢᠨ᠎ᠡ᠂ ᠲᠡᠷᠡ ᠪᠢᠳᠡᠨ᠎ᠳᠤ ᠨᠠᠰᠤᠲᠠᠨ᠎ᠢᠶᠠᠨ ᠬᠦᠨᠳᠦᠯᠡᠬᠦ᠂ ᠨᠠᠰᠤᠲᠠᠨ᠎ᠢᠶᠠᠨ ᠬᠠᠢᠷᠠᠯᠠᠬᠤ᠂ ᠨᠠᠰᠤᠲᠠᠨ᠎ᠢᠶᠠᠨ ᠬᠠᠪᠰᠤᠷᠬᠤ ᠰᠠᠢᠨ ᠰᠠᠢᠬᠠᠨ ᠬᠡᠪ ᠰᠤᠷᠲᠠᠯ ᠪᠠ ᠢᠳᠡᠪᠬᠢ ᠬᠦᠴᠦᠨ᠎ᠢ ᠳᠠᠮᠵᠢᠭᠤᠯᠤᠭ᠍ᠰᠠᠨ᠎ᠢᠶᠠᠷ ᠪᠠᠷᠠᠬᠤ ᠦᠭᠡᠢ᠂ ᠨᠡᠩ ᠴᠤ᠌ ᠳᠤᠮᠳᠠᠳᠤ᠎ᠶ᠋ᠢᠨ ᠦᠨᠳᠦᠰᠦᠲᠡᠨ᠎ᠤ ᠱᠢᠯᠢᠳᠡᠭ ᠤᠯᠠᠮᠵᠢᠯᠠᠯᠲᠤ ᠰᠠᠢᠨ ᠰᠠᠢᠬᠠᠨ ᠶᠣᠰᠣ ᠮᠣᠷᠠᠯ᠎ᠢ ᠠᠮᠢᠳᠤᠯᠢᠭ ᠢᠯᠡᠷᠡᠭᠦᠯᠦᠭ᠌ᠰᠡᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号