ᠦᠴᠦᠸᠠᠨ᠎ᠤ ᠨᠣᠭᠤᠭᠠᠨ ᠪᠠ ᠤᠯᠠᠭᠠᠨ
2021-06-14 09:36:36
ᠵᠣᠬᠢᠶᠠᠭ᠍ᠴᠢ᠄
ᠱᠢᠤᠸᠠᠢ ᠯᠠᠶ ᠵᠧᠩ ᠱᠢᠤᠸᠠᠢ ᠯᠢᠶᠠᠩ ᠯᠦ᠍ ᠱᠢᠩ ᠶᠢᠦ ᠺᠦᠨ ᠮᠡᠷᠭᠡᠨᠪᠢᠯᠢᠭ
ᠣᠩᠱᠢᠭ᠍ᠰᠠᠨ ᠣᠳᠠᠭ᠎ᠠ᠄
★★★☆☆



6 ᠰᠠᠷ᠎ᠠ᠎ᠶ᠋ᠢᠨ 12 ᠎ᠤᠨ ᠡᠳᠦᠷ᠎ᠤᠨ ᠦᠳᠡ᠎ᠶ᠋ᠢᠨ ᠡᠮᠦᠨᠡᠬᠢ 7 ᠴᠠᠭ᠎ᠲᠤ᠌᠂ ᠲᠠᠪᠤᠨ ᠰᠠᠷ᠎ᠠ᠎ᠶ᠋ᠢᠨ ᠱᠢᠨ᠎ᠡ᠎ᠶ᠋ᠢᠨ ᠲᠠᠪᠤᠨ᠎ᠤ ᠠᠮᠠᠷᠠᠯᠲᠠ᠎ᠶ᠋ᠢᠨ ᠠᠩᠬᠠᠨ᠎ᠤ ᠡᠳᠦᠷ᠎ᠢᠶᠠᠷ 《〈ᠡᠭᠦᠷᠢᠳᠡ ᠨᠠᠮ᠎ᠢᠶᠠᠨ ᠳᠠᠭᠠᠨ᠎ᠠ〉 ᠡᠬᠦᠯᠡᠨ ᠬᠦᠯᠦᠭ · ᠵᠠᠭᠤᠨ ᠰᠤᠷᠪᠤᠯᠵᠢᠯᠠᠭ᠍ᠴᠢ ᠲᠦᠮᠡᠨ ᠭᠠᠵᠠᠷ᠎ᠤᠨ ᠠᠶᠠᠯᠠᠯ》 ᠲᠣᠮᠣ ᠬᠡᠯᠪᠡᠷᠢ᠎ᠶ᠋ᠢᠨ ᠳᠠᠮᠵᠢᠭᠤᠯᠭ᠎ᠠ᠎ᠶ᠋ᠢᠨ ᠠᠵᠢᠯᠯᠠᠭ᠎ᠠ᠎ᠶ᠋ᠢᠨ ᠰᠤᠷᠪᠤᠯᠵᠢᠯᠠᠨ ᠮᠡᠳᠡᠭᠡᠯᠡᠬᠦ᠌ ᠳᠤᠭᠤᠢᠯᠠᠩ᠎ᠤᠨ ᠭᠡᠱᠢᠭᠦᠳ ᠰᠣᠨᠢᠨ᠎ᠤ ᠬᠤᠷᠢᠶᠠᠨ᠎ᠤ ᠡᠭᠦᠳᠡᠨ᠎ᠠᠴᠠ ᠲᠡᠷᠭᠡᠨ᠎ᠳᠤ ᠭᠠᠷᠴᠤ᠌ ᠬᠦᠬᠡᠬᠤᠳᠠ᠎ᠶ᠋ᠢᠨ ᠦᠴᠦᠸᠠᠨ ᠱᠢᠶᠠᠨ᠎ᠢ ᠴᠢᠭ᠌ᠯᠡᠨ ᠮᠤᠷᠳᠠᠵᠦ᠍᠂ ᠦᠴᠦᠸᠠᠨ᠎ᠤ ᠠᠮᠢ ᠠᠬᠤᠢ᠎ᠶ᠋ᠢ ᠤᠷᠢᠳ᠎ᠢᠶᠠᠷ ᠪᠤᠳᠤᠯᠬᠢᠯᠠᠬᠤ᠂ ᠪᠣᠬᠢᠷᠲᠤᠯ ᠥᠬᠡᠶ ᠬᠥᠭ᠌ᠵᠢᠯᠳᠠ᠎ᠪᠠᠷ ᠤᠳᠤᠷᠢᠳᠤᠮᠵᠢ ᠪᠤᠯᠭᠠᠭ᠍ᠰᠠᠨ ᠴᠢᠨᠠᠷ ᠰᠠᠢᠳᠠᠢ ᠬᠦᠭ᠌ᠵᠢᠯᠳᠠ᠎ᠶ᠋ᠢᠨ ᠱᠢᠨ᠎ᠠ ᠵᠠᠮ ᠪᠠ ᠬᠦᠨ ᠵᠤᠵᠠᠭᠠᠨ ᠬᠤᠪᠢᠰᠭᠠᠯ᠎ᠤᠨ ᠰᠣᠶᠣᠯ᠎ᠢ ᠬᠠᠢᠯ᠎ᠠ᠃

ᠬᠥᠬᠡᠬᠤᠲᠠ᠎ᠠᠴᠠ ᠭᠠᠷᠤᠮᠠᠭ᠍ᠴᠠ ᠳᠠᠯᠠᠨ ᠬᠠᠷ᠎ᠠ ᠠᠭᠤᠯᠠ᠎ᠶ᠋ᠢᠨ ᠤᠯᠤᠰ᠎ᠤᠨ ᠪᠠᠢᠭᠠᠯᠢ᠎ᠶ᠋ᠢᠨ ᠬᠠᠮᠠᠭᠠᠯᠠᠯᠲᠠ᠎ᠶ᠋ᠢᠨ ᠣᠷᠣᠨ᠎ᠳᠤ ᠣᠷᠣᠪᠠ᠂ ᠠᠭᠤᠯᠠᠨ ᠪᠠᠯ᠎ᠢᠶᠠᠷ ᠮᠣᠳᠣᠳ ᠢᠭ᠍ᠴᠤᠷᠠᠨ᠂ ᠨᠣᠮᠢᠨ ᠨᠣᠭᠤᠭᠠᠨ ᠥᠩᠭᠡ᠎ᠪᠠᠷ ᠪᠢᠯᠬᠠᠨ᠎ᠠ᠃ 20 ᠵᠢᠯ᠎ᠤᠨ ᠡᠮᠦᠨ᠎ᠡ᠂ ᠠᠳᠡᠬᠢ ᠠᠭᠤᠯᠠᠨ᠎ᠳᠤ ᠶᠡᠭᠡ ᠪᠠᠭ᠎ᠠ 200 ᠭᠠᠷᠤᠶ ᠠᠵᠤ ᠠᠬᠤᠢᠯᠠᠯ ᠬᠠᠢᠷ ᠴᠢᠯᠠᠭᠤ ᠮᠠᠯᠲᠠᠵᠤ᠂ ᠭᠠᠵᠠᠷ ᠱᠢᠷᠣᠶ᠎ᠶ᠋ᠢᠨ ᠡᠪᠳᠡᠭ᠌ᠳᠡᠭ᠌ᠰᠡᠨ ᠲᠠᠯᠠᠪᠠᠶ ᠨᠡᠢᠲᠡ 154.72 ᠾᠧᠺᠲ᠋ᠠᠷ᠎ᠲᠤ ᠬᠦᠷᠴᠡᠶ᠃ 2012 ᠣᠨ᠎ᠳᠤ ᠲᠠᠯᠠᠨ ᠬᠠᠷ᠎ᠠ ᠠᠭᠤᠯᠠ᠎ᠶ᠋ᠢᠨ ᠡᠮᠦᠨ᠎ᠡ ᠪᠡᠯ᠎ᠢ ᠵᠠᠰᠠᠬᠤ ᠢᠨᠵᠧᠨᠧᠷᠢᠩ᠎ᠢ ᠡᠬᠢᠯᠡᠬᠦᠯᠵᠦ᠍᠂ ᠡᠷᠬᠢᠨ ᠲᠣᠭᠤᠷᠢᠨ᠎ᠤ ᠦᠢᠯᠡᠳᠪᠦᠷᠢ ᠠᠭᠤᠷᠬᠠᠢ ᠠᠵᠤ ᠠᠬᠤᠢᠯᠠᠯ᠎ᠢ ᠪᠦᠬᠦᠨ᠎ᠢ ᠬᠠᠭᠠᠵᠤ᠂ ᠤᠯᠤᠰ᠎ᠤᠨ ᠨᠤᠳᠤᠭ ᠲᠡᠪᠢᠰᠭᠡᠷ᠎ᠢ ᠨᠤᠭᠤᠭᠠᠷᠠᠭᠤᠯᠬᠤ ᠶᠡᠭᠡ ᠬᠡᠪᠴᠢᠶᠠᠨ᠎ᠤ ᠠᠵᠢᠯᠯᠠᠭ᠎ᠠ᠎ᠶ᠋ᠢ ᠬᠦᠨᠵᠡᠭᠡᠢ ᠦᠷᠨᠢᠬᠦᠯᠦᠭᠡᠳ ᠤᠳᠤ ᠪᠤᠯᠬᠤ᠎ᠳᠤ 225 ᠲᠦᠮᠡᠨ ᠮᠦ᠍ ᠤᠯᠤᠰ᠎ᠤᠨ ᠨᠤᠲᠤᠭ ᠳᠡᠪᠢᠰᠭᠡᠷ᠎ᠤᠨ ᠠᠮᠢ ᠠᠬᠤᠢ᠎ᠶ᠋ᠢ ᠰᠡᠷᠭᠦᠭᠡᠨ ᠵᠠᠰᠠᠵᠤ᠂ ᠨᠣᠭᠤᠭᠠᠷᠠᠭᠤᠯᠤᠯᠲᠠ᠎ᠶ᠋ᠢᠨ ᠪᠦᠷᠬᠦᠴᠡ᠎ᠶ᠋ᠢᠨ ᠨᠤᠷᠮ᠎ᠠ᠂ ᠨᠣᠭᠤᠭᠠᠷᠠᠭᠤᠯᠤᠬ᠍ᠰᠠᠨ ᠭᠠᠵᠠᠷ᠎ᠤᠨ ᠨᠤᠷᠮ᠎ᠠ ᠲᠤᠰ ᠲᠤᠰ 40.1%᠂ 37.3% ᠎ᠳᠤ ᠬᠦᠷᠴᠡᠢ᠃ 2013 ᠣᠨ᠎ᠳᠤ᠂ ᠦᠴᠦᠸᠠᠨ ᠱᠢᠶᠠᠨ ᠳᠠᠯᠠᠨ ᠬᠠᠷ᠎ᠠ ᠠᠭᠤᠯᠠ᠎ᠶ᠋ᠢᠨ ᠠᠷᠤ ᠪᠠᠯ᠎ᠤᠨ ᠨᠣᠭᠤᠭᠠᠷᠠᠭᠤᠯᠤᠯᠲᠠ᠎ᠶ᠋ᠢᠨ ᠢᠨᠵᠧᠨᠧᠷᠢᠩ ᠪᠣᠯᠤᠨ 《ᠲᠠᠯᠠᠨ ᠬᠠᠷ᠎ᠠ᠎ᠪᠠᠨ ᠨᠣᠭᠤᠭᠠᠷᠠᠭᠤᠯᠵᠤ᠂ ᠤᠮᠠᠷᠠᠲᠤ ᠬᠢᠯᠢ᠎ᠪᠠᠨ ᠰᠠᠬᠢᠨ ᠬᠠᠮᠠᠭᠠᠯᠠᠬᠤ》 ᠠᠮᠢ ᠠᠬᠤᠶ᠎ᠶ᠋ᠢᠨ ᠪᠦᠲᠦᠭᠡᠨ ᠪᠠᠢᠭᠤᠯᠤᠯᠲᠠ᠎ᠶ᠋ᠢᠨ ᠠᠵᠢᠯᠯᠠᠭ᠎ᠠ᠎ᠶ᠋ᠢ ᠵᠠᠯᠭᠠᠭ᠎ᠠ᠎ᠪᠠᠷ ᠵᠣᠬᠢᠶᠠᠨ ᠪᠠᠢᠭᠤᠯᠤᠨ ᠬᠡᠷᠡᠭ᠌ᠵᠢᠭᠦᠯᠪᠠ᠃ ᠤᠳᠤ ᠪᠤᠯᠬᠤ᠎ᠳᠤ᠂ ᠠᠭᠤᠯᠠᠨ ᠳᠡᠭᠡᠷ᠎ᠠ 44.65 ᠲᠦᠮᠡᠨ ᠮᠦ᠍ ᠨᠣᠭᠤᠭᠠᠷᠠᠭᠤᠯᠤᠯᠳᠠ ᠬᠢᠵᠦ᠍᠂ 《ᠠᠷᠪᠡᠨ ᠲᠦᠷᠪᠡᠳᠦᠭᠡᠷ ᠲᠠᠪᠤᠨ ᠵᠢᠯ》 ᠎ᠤᠨ ᠪᠦᠬᠦ᠌ ᠱᠢᠶᠠᠨ᠎ᠤ ᠠᠮᠢ ᠠᠬᠤᠢ᠎ᠶ᠋ᠢᠨ ᠪᠦᠳᠦᠭᠡᠨ ᠪᠠᠢᠭᠤᠯᠤᠯᠳᠠ᠎ᠳᠤ ᠰᠠᠢᠨ ᠰᠠᠢᠬᠠᠨ ᠰᠠᠭᠤᠷᠢ᠎ᠶ᠋ᠢ ᠲᠠᠯᠪᠢᠵᠠᠢ᠃


QQ截图20210614091636.jpg


ᠮᠠᠱᠢᠨ ᠲᠡᠷᠭᠡ ᠤᠮᠠᠷᠠᠰᠢ ᠠᠶᠠᠯᠠᠵᠤ᠂ ᠤᠳᠠᠯ ᠦᠭᠡᠢ 209 ᠤᠯᠤᠰ᠎ᠤᠨ ᠵᠠᠮ᠎ᠳᠤ ᠣᠷᠣᠪᠠ᠂ ᠵᠠᠮ᠎ᠤᠨ ᠬᠤᠶᠠᠷ ᠬᠠᠵᠠᠭᠤ᠎ᠶ᠋ᠢᠨ ᠬᠡᠷᠡᠰᠭᠡ ᠵᠢᠷᠪᠢᠯᠵᠡᠨ ᠦᠩᠭᠡᠷᠡᠵᠦ᠍᠂ ᠢᠭ᠍ᠴᠤ ᠰᠠᠬᠤᠯᠢᠭ ᠨᠠᠷᠠᠰᠤ ᠮᠠᠢᠯᠠᠰᠤ ᠨᠠᠭᠠᠱᠢᠯᠠᠨ᠎ᠠ᠃ 《ᠡᠨᠡ ᠵᠠᠮ᠎ᠢ ᠤᠤᠯ᠎ᠳᠠᠭᠠᠨ 104 ᠮᠤᠵᠢ᠎ᠶ᠋ᠢᠨ ᠲᠡᠰ᠎ᠤᠨ ᠵᠠᠮ ᠭᠡᠳᠡᠭ ᠪᠠᠢᠪᠠ᠂ 2017 ᠤᠨ᠎ᠤ 3 ᠰᠠᠷ᠎ᠠ᠎ᠠᠴᠠ ᠡᠬᠢᠯᠡᠨ ᠨᠡᠷ᠎ᠠ᠎ᠶ᠋ᠢ᠎ᠨᠢ ᠬᠠᠯᠠᠬᠤ᠎ᠶ᠋ᠢᠨ ᠬᠠᠮᠳᠦ ᠲᠠᠬᠢᠨ ᠱᠢᠨ᠎ᠠ᠎ᠪᠠᠷ ᠵᠠᠰᠠᠨ ᠲᠡᠪᠢᠰᠴᠦ᠍᠂ 2019 ᠤᠨ᠎ᠤ 10 ᠰᠠᠷ᠎ᠠ᠎ᠳᠤ ᠵᠢᠩᠬᠢᠨᠢ᠎ᠪᠠᠷ ᠳᠡᠷᠭᠡ ᠨᠡᠪᠳᠡᠷᠡᠬᠦᠯᠵᠡᠢ᠃ ᠤᠤᠯ᠎ᠨᠢ ᠳᠡᠷᠭᠡ᠎ᠪᠠᠷ ᠬᠥᠬᠡᠬᠤᠲᠠ᠎ᠠᠴᠠ ᠦᠴᠦᠸᠠᠨ ᠬᠦᠷᠲᠡᠯ᠎ᠡ ᠨᠢᠭᠡ ᠴᠠᠭ ᠢᠯᠡᠭᠦᠦ ᠶᠠᠪᠤᠳᠠᠭ ᠪᠠᠢᠬ᠍ᠰᠠᠨ ᠪᠤᠯ ᠣᠲᠣ ᠬᠠᠷᠢᠨ 30 ᠮᠢᠨᠦ᠋ᠲ᠎ᠲᠤ ᠬᠦᠷᠴᠢᠬᠡᠨ᠎ᠡ》 ᠭᠡᠵᠦ᠍ ᠦᠴᠦᠸᠠᠨ ᠱᠢᠶᠠᠨ᠎ᠤ ᠨᠠᠮ᠎ᠤᠨ ᠬᠤᠷᠢᠶᠠᠨ᠎ᠤ ᠤᠬᠠᠭᠤᠯᠬᠤ ᠬᠡᠯᠲᠡᠰ᠎ᠤᠨ ᠺᠠᠳ᠋ᠷ ᠵᠧᠦ ᠽᠦᠸᠧ ᠱᠧᠩ ᠲᠠᠨᠢᠯᠴᠠᠭᠤᠯᠤᠯ᠎ᠠ᠃

ᠦᠴᠦᠸᠠᠨ ᠱᠢᠶᠠᠨ᠎ᠳᠤ ᠬᠦᠷᠦᠭ᠌ᠰᠡᠨ᠎ᠤ ᠳᠠᠷᠠᠭ᠎ᠠ᠂ 《ᠶᠤᠤᠮᠠᠶ᠎ᠶ᠋ᠢᠨ ᠭᠤᠯᠢᠷ᠎ᠤᠨ ᠵᠡᠭᠡᠯᠢ》 ᠶᠠᠭᠤᠨ᠎ᠤ ᠤᠷᠢᠳ ᠬᠠᠷᠠᠭᠠᠨ᠎ᠳᠤ ᠦᠷᠳᠦᠪᠡ᠃ ᠦᠴᠦᠸᠠᠨ᠎ᠨᠢ ᠲᠠᠯᠠᠨ ᠬᠠᠷ᠎ᠠ ᠠᠭᠤᠯᠠ᠎ᠶ᠋ᠢᠨ ᠠᠷᠤ ᠪᠡᠯ᠎ᠳᠤ ᠪᠠᠢᠷᠢᠯᠠᠵᠦ᠍᠂ ᠨᠡᠬᠦᠳᠡᠯ ᠮᠠᠯᠵᠢᠯ᠎ᠤᠨ ᠰᠤᠶᠤᠯ ᠪᠠ ᠲᠠᠷᠢᠶᠠᠯᠠᠬᠤ ᠰᠤᠶᠤᠯ᠎ᠤᠨ ᠰᠤᠯᠪᠢᠴᠠᠭ᠍ᠰᠠᠨ ᠭᠠᠵᠠᠷ ᠪᠤᠯᠤᠨ᠎ᠠ᠂ ᠦᠪᠡᠷᠮᠢᠴᠡ ᠤᠨᠴᠠᠯᠢᠭ᠎ᠲᠠᠢ ᠭᠠᠵᠠᠷ ᠵᠦᠢ᠎ᠶ᠋ᠢᠨ ᠨᠦᠬᠦᠴᠡᠯ᠎ᠨᠢ ᠠᠳᠡᠬᠢ᠎ᠶ᠋ᠢᠨ ᠲᠠᠷᠢᠶᠠᠯᠠᠩ ᠪᠠ ᠢᠳᠡᠭᠡᠨ ᠤᠮᠳᠠᠭᠠᠨ᠎ᠤ ᠤᠨᠴᠠᠯᠢᠭ᠎ᠢ ᠪᠦᠷᠢᠯᠳᠦᠬᠦᠯᠵᠡᠢ᠃ ᠶᠤᠤᠮᠠᠶ᠎ᠨᠢ ᠥᠨᠳᠦᠷᠯᠢᠭ ᠭᠠᠵᠠᠷ᠎ᠤᠨ ᠬᠦᠢᠲᠡᠨ ᠠᠭᠤᠷ ᠠᠮᠢᠰᠭᠤᠯ᠎ᠳᠤ ᠳᠤᠷᠠᠲᠠᠶ᠂ ᠭᠠᠩ ᠬᠠᠭᠤᠷᠠᠶ᠎ᠳᠤ ᠲᠡᠰᠪᠦᠷᠢᠳᠠᠢ᠂ ᠤᠷᠭᠤᠯᠲᠠ᠎ᠶ᠋ᠢᠨ ᠬᠤᠭᠤᠴᠠᠭᠠᠨ᠎ᠳᠤ ᠭᠦᠶᠴᠡᠳ ᠨᠡᠷᠡᠨ᠎ᠤ ᠲᠤᠰᠤᠯᠲᠠ ᠬᠡᠷᠡᠭ᠌ᠰᠡᠳᠡᠭ᠃ ᠦᠴᠦᠸᠠᠨ᠎ᠨᠢ ᠴᠢᠪ ᠬᠡᠮᠡᠨ ᠡᠳᠡᠭᠡᠷ ᠨᠥᠬᠦᠴᠡᠯ᠎ᠢ ᠪᠦᠷᠢᠯᠳᠦᠭᠦᠯᠦᠭ᠌ᠰᠡᠨ᠎ᠢᠶᠠᠷ ᠶᠤᠤᠮᠠᠶ ᠪᠣᠯᠤᠨ ᠦᠴᠦᠸᠠᠨ 《ᠬᠠᠨᠢᠰᠴᠤ᠌》 ᠤᠨᠴᠠ᠎ᠶ᠋ᠢᠨ ᠰᠠᠢᠬᠠᠨ ᠭᠢᠯᠪᠠᠭ᠎ᠠ ᠰᠠᠴᠤᠷᠠᠭᠤᠯᠵᠠᠢ᠃

ᠡᠬᠦᠨ᠎ᠠᠴᠠ ᠭᠠᠳᠠᠨ᠎ᠠ᠂ ᠦᠴᠦᠸᠠᠨ ᠱᠢᠶᠠᠨ᠎ᠤ᠎ᠬᠢᠨ 《ᠠᠮᠢ ᠠᠬᠤᠶ᠎ᠪᠠᠷ ᠱᠢᠶᠠᠨ᠎ᠢᠶᠠᠨ ᠪᠠᠢᠭᠤᠯᠵᠤ᠂ ᠪᠣᠬᠢᠷᠲᠤᠯ ᠥᠬᠡᠶ᠎ᠪᠠᠷ ᠱᠢᠶᠠᠨ᠎ᠢᠶᠠᠨ ᠬᠦᠴᠦᠷᠬᠡᠭ᠌ᠵᠢᠭᠦᠯᠬᠦ᠌》 ᠬᠥᠭ᠌ᠵᠢᠯᠲᠡ᠎ᠶ᠋ᠢᠨ ᠪᠠᠢᠷᠢ ᠲᠣᠭ᠍ᠲᠠᠭᠠᠯᠲᠠ᠎ᠲᠠᠢ ᠨᠢᠭ᠍ᠲᠠ ᠤᠶᠠᠯᠳᠤᠭᠤᠯᠤᠨ᠂ ᠠᠵᠤ ᠦᠢᠯᠡᠰ᠎ᠤᠨ ᠬᠦᠭ᠌ᠵᠢᠯᠳᠠ᠎ᠶ᠋ᠢ ᠢᠮᠬᠠᠳᠠ ᠴᠢᠬᠤᠯᠠ ᠪᠠᠢᠷᠢᠨ᠎ᠳᠤ ᠲᠠᠯᠪᠢᠵᠦ᠍᠂ 《ᠲᠦᠮᠦᠰᠦᠨ᠎ᠤ ᠠᠵᠤ ᠦᠢᠯᠡᠰ᠎ᠢ ᠬᠦᠴᠦᠷᠭᠡᠭ᠌ᠵᠢᠬᠦᠯᠬᠦ᠂ ᠢᠳᠡᠱᠢᠨ ᠮᠦᠬᠦ᠌᠎ᠶ᠋ᠢᠨ ᠬᠦᠭ᠌ᠵᠢᠯᠳᠠ᠎ᠶ᠋ᠢᠨ ᠲᠦᠪᠱᠢᠨ᠎ᠢ ᠳᠡᠭᠡᠭ᠌ᠰᠢᠯᠡᠬᠦᠯᠬᠦ᠂ ᠪᠤᠭᠤᠳᠠᠢ᠎ᠶ᠋ᠢᠨ ᠭᠠᠷᠤᠯᠳᠠ᠎ᠶ᠋ᠢ ᠲᠤᠭ᠍ᠳᠠᠪᠤᠷᠢᠵᠢᠭᠤᠯᠬᠤ᠂ ᠬᠤᠨᠢᠨ᠎ᠤ ᠡᠬᠦᠯᠳᠡᠷ᠎ᠢ ᠱᠢᠯᠢᠳᠡᠭ᠌ᠵᠢᠬᠦᠯᠬᠦ᠂ ᠡᠮ᠎ᠤᠨ ᠦᠢᠯᠡᠰ᠎ᠢ ᠮᠠᠨᠳᠤᠭᠤᠯᠬᠤ》 ᠎ᠪᠠᠷ ᠭᠠᠷᠳᠠᠴᠠ ᠪᠤᠯᠭᠠᠨ᠂ ᠠᠵᠤ  ᠦᠢᠯᠡᠰ᠎ᠤᠨ ᠪᠦᠲᠦᠴᠡ᠎ᠶ᠋ᠢᠨ ᠲᠣᠬᠢᠷᠠᠭᠤᠯᠤᠯᠲᠠ᠎ᠶ᠋ᠢ ᠭᠦᠨᠵᠡᠭᠡᠶ ᠠᠬᠢᠭᠤᠯᠵᠤ᠂ 《ᠠᠭᠤᠯᠠᠷᠬᠠᠭ ᠭᠠᠵᠠᠷ᠎ᠤᠨ ᠡᠪᠡᠰᠦᠨ ᠡᠮ᠂ ᠲᠠᠯ᠎ᠠ ᠭᠠᠵᠠᠷ᠎ᠤᠨ ᠢᠳᠡᠱᠢᠨ ᠮᠥᠭᠦ᠌᠂ ᠭᠤᠤ ᠭᠠᠩᠭ᠎ᠠ᠎ᠶ᠋ᠢᠨ ᠠᠵᠤ ᠠᠬᠤᠶ᠎ᠶ᠋ᠢᠨ ᠣᠶ᠂ ᠬᠦᠳᠦᠯ ᠭᠠᠵᠠᠷ᠎ᠤᠨ ᠡᠯᠳᠡᠪ ᠠᠮᠤ᠂ ᠤᠬ ᠨᠤᠳᠤᠭ᠎ᠤᠨ ᠴᠤᠬᠤ ᠬᠠᠷ᠎ᠠ ᠬᠤᠨᠢ᠂ ᠦᠷᠭᠡᠨ ᠲᠠᠯ᠎ᠠ᠎ᠶ᠋ᠢᠨ ᠴᠢᠨᠠᠷ ᠰᠠᠢᠲᠠᠶ ᠲᠥᠮᠥᠰᠥ᠍》 ᠎ᠶ᠋ᠢᠨ ᠣᠨᠴᠠᠯᠢᠭ᠍ᠲᠤ ᠠᠵᠤ ᠦᠢᠯᠡᠰ᠎ᠤᠨ ᠪᠠᠢᠷᠢᠱᠢᠯ᠎ᠢ ᠠᠩᠬ᠎ᠠ ᠠᠯᠬᠤᠮ ᠪᠦᠷᠢᠯᠳᠦᠭᠦᠯᠪᠡ᠃

ᠮᠠᠱᠢᠨ ᠳᠡᠷᠭᠡ ᠦᠴᠦᠸᠠᠨ ᠱᠢᠶᠠᠨ᠎ᠠᠴᠠ ᠪᠠᠷᠠᠭᠤᠨᠰᠢ᠎ᠪᠠᠨ ᠦᠷᠭᠦᠯᠵᠢᠯᠡᠨ ᠤᠷᠤᠭ᠍ᠰᠢᠯᠠᠵᠤ᠂ ᠲᠣᠰᠭᠤᠨ᠎ᠢᠶᠠᠷ ᠥᠩᠭᠡᠷᠡᠨ᠂ 40 ᠮᠢᠨᠦ᠋ᠲ᠎ᠤᠨ ᠳᠠᠷᠠᠭ᠎ᠠ ᠳᠠᠯᠠᠨ ᠬᠠᠷ᠎ᠠ ᠠᠭᠤᠯᠠ᠎ᠶ᠋ᠢᠨ ᠶᠠᠫᠣᠨ᠎ᠢ ᠡᠰᠡᠷᠭᠦᠴᠡᠬᠦ᠌ ᠫᠠᠷᠲ᠋ᠢᠽᠠᠨ ᠰᠠᠭᠤᠷᠢᠨ ᠭᠠᠵᠠᠷ᠎ᠲᠤ ᠬᠦᠷᠪᠡ᠃ ᠳᠠᠯᠠᠨ ᠬᠠᠷ᠎ᠠ ᠠᠭᠤᠯᠠ᠎ᠶ᠋ᠢᠨ ᠶᠠᠫᠣᠨ᠎ᠢ ᠡᠰᠡᠷᠭᠦᠴᠡᠬᠦ᠌ ᠫᠠᠷᠲ᠋ᠢᠽᠠᠨ ᠰᠠᠭᠤᠷᠢᠨ ᠭᠠᠵᠠᠷ᠎ᠤᠨ ᠬᠠᠭᠤᠴᠢᠨ ᠪᠠᠭᠤᠷᠢ᠎ᠨᠢ ᠲᠡᠷᠡᠰᠦᠳᠦ᠎ᠶ᠋ᠢᠨ ᠭᠤᠤ ᠱᠢᠶᠠᠩ᠎ᠤᠨ ᠬᠤᠢᠳᠦ ᠠᠢᠯ ᠲᠣᠰᠭᠤᠨ᠎ᠳᠤ ᠪᠠᠢᠷᠢᠯᠠᠵᠤ᠂ ᠶᠠᠫᠣᠨ᠎ᠢ ᠡᠰᠡᠷᠭᠦᠴᠡᠬᠦ᠌ ᠳᠠᠢᠨ᠎ᠤ ᠦᠶ᠎ᠡ᠎ᠳᠤ ᠵᠥᠪᠯᠡᠯᠲᠦ ᠮᠣᠩᠭᠤᠯ᠎ᠳᠤ ᠨᠡᠪᠲᠡᠷᠡᠬᠦ᠌ ᠬᠤᠪᠢᠰᠭᠠᠯ᠎ᠤᠨ ᠵᠠᠮ ᠬᠠᠷᠢᠯᠴᠠᠭᠠᠨ᠎ᠤ ᠬᠦᠢᠰᠦ᠂ ᠤᠮᠠᠷᠠᠲᠤ ᠣᠷᠣᠨ᠎ᠤ ᠶᠠᠫᠣᠨ᠎ᠢ ᠡᠰᠡᠷᠭᠦᠴᠡᠬᠦ᠌ ᠹᠷᠣᠨᠲ᠎ᠤᠨ ᠪᠠᠬᠢᠯᠡᠯᠲᠡ᠂ ᠥᠪᠥᠷ ᠮᠣᠩᠭᠤᠯ ᠣᠷᠣᠨ᠎ᠤ ᠶᠠᠫᠣᠨ᠎ᠢ ᠡᠰᠡᠷᠭᠦᠴᠡᠬᠦ᠌ ᠳᠠᠢᠨ᠎ᠤ ᠦᠶ᠎ᠡ᠎ᠶ᠋ᠢᠨ ᠴᠣᠷ᠎ᠤᠨ ᠭᠠᠭ᠍ᠴᠠ ᠵᠡᠪᠰᠡᠭ᠌ᠲᠦ ᠰᠠᠭᠤᠷᠢᠨ ᠭᠠᠵᠠᠷ ᠪᠣᠯᠤᠨ᠎ᠠ᠃ 2005 ᠣᠨ᠎ᠳᠤ ᠲᠥᠪ᠎ᠤᠨ ᠤᠬᠠᠭᠤᠯᠬᠤ ᠬᠡᠯᠲᠡᠰ ᠵᠡᠷᠭᠡ 13 ᠶᠠᠮᠤᠨ ᠵᠥᠪᠯᠡᠯ᠎ᠠᠴᠠ ᠪᠦᠬᠦ᠌ ᠤᠯᠤᠰ᠎ᠤᠨ 100 ᠬᠤᠪᠢᠰᠭᠠᠯ᠎ᠤᠨ ᠵᠢᠭᠤᠯᠴᠢᠯᠠᠯ᠎ᠤᠨ ᠰᠣᠩᠭᠤᠳᠠᠭ ᠦᠵᠡᠮᠵᠢ᠎ᠶ᠋ᠢᠨ ᠣᠷᠣᠨ᠎ᠤ ᠨᠢᠭᠡ᠎ᠪᠠᠷ ᠨᠡᠷᠡᠢᠳᠴᠦ᠍᠂ 2009 ᠣᠨ᠎ᠳᠤ ᠲᠥᠪ᠎ᠤᠨ ᠤᠬᠠᠭᠤᠯᠬᠤ ᠬᠡᠯᠲᠡᠰ᠎ᠠᠴᠠ 《ᠪᠦᠬᠦ᠌ ᠤᠯᠤᠰ᠎ᠤᠨ ᠤᠯᠤᠰ᠎ᠢᠶᠠᠨ ᠬᠠᠢᠷᠠᠯᠠᠬᠤ ᠦᠵᠡᠯ᠎ᠤᠨ ᠬᠥᠮᠦᠵᠢᠯ᠎ᠤᠨ ᠵᠢᠱ᠌ᠢᠶ᠎ᠡ ᠦᠵᠡᠭᠦᠯᠬᠦ᠌ ᠰᠠᠭᠤᠷᠢᠨ ᠭᠠᠵᠠᠷ》 ᠎ᠢᠶᠠᠷ ᠨᠡᠷᠡᠢᠳᠪᠡ᠃

ᠰᠤᠷᠪᠤᠯᠵᠢᠯᠠᠭ᠍ᠴᠢ᠎ᠶ᠋ᠢᠨ ᠵᠠᠮ ᠵᠠᠭᠤᠷ᠎ᠠ ᠠᠵᠢᠬ᠍ᠯᠠᠭ᠍ᠰᠠᠨ᠎ᠢᠶᠠᠷ᠂ ᠦᠴᠦᠸᠠᠨ᠎ᠨᠢ ᠰᠠᠢᠨ ᠰᠠᠢᠬᠠᠨ ᠠᠮᠢ ᠠᠬᠤᠢ᠎ᠲᠠᠢ᠂ ᠬᠥᠭ᠌ᠵᠢᠨ ᠴᠡᠴᠡᠭ᠌ᠯᠡᠭ᠌ᠰᠡᠨ ᠠᠵᠤ ᠦᠢᠯᠡᠰ᠎ᠲᠠᠢ᠂ ᠭᠦᠨ ᠵᠤᠵᠠᠭᠠᠨ ᠲᠡᠦᠬᠡ᠎ᠲᠠᠢ᠎ᠪᠠᠷ ᠪᠠᠷᠠᠬᠤ ᠦᠭᠡᠢ᠂ ᠨᠡᠩ ᠴᠤ᠌ ᠬᠦᠰᠡᠯ ᠡᠷᠡᠮᠡᠯᠵᠡᠯ ᠪᠢᠯᠬᠠᠭ᠍ᠰᠠᠨ ᠢᠷᠡᠭᠡᠳᠦᠢ᠎ᠲᠠᠢ ᠪᠠᠢᠨᠠᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号