ᠯᠢᠶᠠᠨ ᠱᠢᠩ ᠱᠢᠨ᠎ᠡ ᠲᠣᠰᠭᠤᠨ᠎ᠤ ᠱᠢᠨ᠎ᠡ ᠠᠮᠢᠳᠤᠷᠠᠯ
2021-06-26 11:58:27
ᠵᠣᠬᠢᠶᠠᠭ᠍ᠴᠢ᠄
​ ᠬᠠᠨ ᠵᠢᠶ ᠸᠠᠩ ᠱᠢᠤᠸᠠᠢ ᠯᠠᠶ ᠯᠦ᠍ ᠱᠢᠩ ᠶ᠋ᠸᠦ ᠺᠦᠨ ᠮᠡᠷᠭᠡᠨᠪᠢᠯᠢᠭ ᠲᠡᠭᠦᠰᠪᠢᠯᠢᠭ
ᠣᠩᠱᠢᠭ᠍ᠰᠠᠨ ᠣᠳᠠᠭ᠎ᠠ᠄
★★★☆☆

457 ᠡᠷᠦᠬᠡ᠎ᠶ᠋ᠢᠨ ᠭᠡᠷ ᠪᠠᠢᠱᠢᠩ᠎ᠤᠨ ᠣᠷᠣᠶ᠂ ᠬᠦᠷᠢᠶ᠎ᠡ ᠬᠠᠱᠢᠶ᠎ᠠ ᠪᠠ ᠲᠡᠵᠢᠭᠡᠨ ᠦᠷᠡᠵᠢᠭᠦᠯᠬᠦ᠌ ᠬᠠᠱᠢᠶ᠎ᠠ ᠰᠠᠷᠠᠪᠴᠢᠨ᠎ᠳᠤ ᠲᠦᠮᠡ᠎ᠪᠠᠷ ᠲᠤᠭᠠᠯᠠᠭ᠍ᠳᠠᠬᠤ ᠬᠡᠷᠡᠯᠴᠢ ᠴᠡᠨᠡᠭ᠎ᠢᠶᠠᠷ ᠴᠠᠬᠢᠯᠭᠠᠨ ᠭᠠᠷᠭᠠᠬᠤ ᠬᠠᠪᠲᠠᠰᠤ ᠤᠭ᠍ᠰᠠᠷᠠᠪᠠ᠂ ᠬᠦᠬᠡ ᠦᠡᠭ᠌ᠭᠡ᠎ᠲᠠᠢ ᠬᠡᠷᠡᠯᠴᠢ ᠴᠡᠨᠡᠭ᠎ᠢᠶᠠᠷ ᠴᠠᠬᠢᠯᠭᠠᠨ ᠭᠠᠷᠭᠠᠬᠤ ᠬᠠᠪᠲᠠᠰᠤ᠎ᠨᠢ ᠵᠣᠨ᠎ᠤ ᠨᠡᠷᠡᠨ᠎ᠳᠤ ᠨᠢᠳᠦ ᠭᠢᠯᠠᠰᠤᠮ᠎ᠠ ᠬᠡᠷᠡᠯ ᠰᠠᠴᠤᠷᠠᠵᠤ᠂ ᠶᠠᠭ ᠯᠠ ᠲᠤᠶᠠᠭ᠎ᠠ ᠰᠠᠴᠤᠷᠠᠭ᠍ᠰᠠᠨ 《ᠴᠡᠩᠭᠡᠷ ᠲᠡᠯᠡᠶ》 ᠮᠡᠲᠦ ᠪᠠᠢᠯ᠎ᠠ᠃ 6 ᠰᠠᠷ᠎ᠠ᠎ᠶ᠋ᠢᠨ 17 ᠎ᠤ ᠡᠳᠦᠷ᠂ 《〈ᠡᠭᠦᠷᠢᠳᠡ ᠨᠠᠮ᠎ᠢᠶᠠᠨ ᠲᠠᠭᠠᠨ᠎ᠠ〉 ᠡᠭᠦᠯᠡᠨ ᠬᠦᠯᠦᠭ · ᠵᠠᠭᠤᠨ ᠰᠤᠷᠪᠤᠯᠵᠢᠯᠠᠭ᠍ᠴᠢ᠎ᠶ᠋ᠢᠨ ᠲᠦᠮᠡᠨ ᠭᠠᠵᠠᠷ᠎ᠤᠨ ᠠᠶᠠᠯᠠᠯ》 ᠲᠤᠮᠤ ᠬᠡᠯᠪᠡᠷᠢ᠎ᠶ᠋ᠢᠨ ᠳᠠᠮᠵᠢᠭᠤᠯᠭ᠎ᠠ᠎ᠶ᠋ᠢᠨ ᠠᠵᠢᠯᠯᠠᠭ᠎ᠠ᠎ᠶ᠋ᠢᠨ ᠮᠡᠳᠡᠭᠡᠯᠡᠬᠦ᠌ ᠳᠤᠭᠤᠢᠯᠠᠩ ᠦᠶᠤᠸᠠᠨ ᠱᠢᠶᠠᠨ᠎ᠤ ᠯᠢᠶᠠᠨ ᠱᠢᠩ ᠭᠡᠷᠡᠯᠴᠢ ᠴᠡᠨᠡᠭ᠎ᠤᠨ ᠱᠢᠨ᠎ᠡ ᠲᠣᠰᠭᠤᠨ᠎ᠳᠤ ᠬᠦᠷᠦᠮᠡᠭ᠌ᠴᠡ ᠡᠨᠡ ᠬᠦ᠌ ᠰᠦᠷᠯᠢᠭ ᠰᠠᠢᠬᠠᠨ ᠦᠵᠡᠭ᠌ᠳᠡᠯ᠎ᠳᠤ ᠬᠦᠨ ᠲᠠᠲᠠᠭ᠍ᠳᠠᠪᠠ᠃

《ᠮᠠᠨ᠎ᠤ ᠱᠢᠨ᠎ᠡ ᠲᠣᠰᠭᠤᠨ ᠪᠣᠯ 〈ᠵᠠᠰᠠᠭ᠎ᠤᠨ ᠣᠷᠳᠣᠨ᠎ᠠᠴᠠ ᠬᠥᠲᠥᠯᠥᠨ ᠵᠢᠯᠣᠭᠤᠳᠴᠤ᠌᠂ ᠠᠵᠤ ᠠᠬᠤᠢᠯᠠᠯ᠎ᠢᠶᠠᠷ ᠭᠤᠤᠯ ᠴᠣᠭ᠍ᠴᠠ ᠪᠣᠯᠭᠠᠨ᠂ ᠲᠠᠷᠢᠶᠠᠴᠢᠳ ᠰᠠᠢᠨ ᠳᠤᠷ᠎ᠠ᠎ᠠᠴᠠ᠎ᠪᠠᠨ ᠤᠷᠤᠯᠴᠠᠬᠤ〉 ᠵᠠᠷᠴᠢᠮ ᠶᠣᠰᠣᠭᠠᠷ ᠪᠥᠲᠥᠭᠡᠨ ᠪᠠᠢᠭᠤᠯᠤᠭ᠍ᠰᠠᠨ ᠣᠲᠣ ᠦᠶ᠎ᠡ᠎ᠶ᠋ᠢᠨ ᠲᠠᠷᠢᠶᠠᠯᠠᠩ᠎ᠤᠨ ᠵᠢᠱ᠌ᠢᠶᠡᠴᠢ ᠲᠣᠰᠭᠤᠨ ᠪᠣᠯᠤᠨ᠎ᠠ᠂ ᠬᠡᠷᠡᠯᠴᠢ ᠴᠡᠨᠡᠭ᠎ᠤᠨ ᠣᠨ᠎ᠤ ᠴᠠᠬᠢᠯᠭᠠᠨ ᠭᠠᠷᠭᠠᠯᠲᠠ᠎ᠶ᠋ᠢᠨ ᠬᠡᠮᠵᠢᠶ᠎ᠡ 5400 ᠲᠦᠮᠡᠨ ᠭᠷᠠᠳᠦ᠋ᠰ᠎ᠲᠤ ᠬᠦᠷᠴᠦ᠍᠂ 20 ᠵᠢᠯ ᠳᠠᠷᠠᠭᠠᠯᠠᠨ ᠬᠡᠷ ᠪᠠᠢᠱᠢᠩ᠎ᠤᠨ ᠲᠠᠯᠠᠪᠠᠶ᠎ᠪᠠᠷ᠎ᠨᠢ ᠲᠠᠷᠢᠶᠠᠴᠢᠳ᠎ᠲᠤ ᠨᠥᠬᠦᠪᠥᠷᠢ ᠣᠯᠭᠤᠪᠠ᠃ ᠡᠭᠦᠨ᠎ᠳᠤ᠂ ᠬᠡᠷ ᠪᠠᠢᠱᠢᠩ᠎ᠤᠨ ᠲᠠᠯᠠᠪᠠᠶ᠎ᠨᠢ 88 ᠲᠡᠭ᠌ᠰᠢ ᠳᠥᠷᠪᠡᠯᠵᠢᠨ ᠮᠧᠳ᠋ᠷ᠎ᠠᠴᠠ ᠳᠡᠭᠡᠭ᠌ᠰᠢ ᠪᠤᠯ 8100 ᠲᠥᠭᠦᠷᠢᠭ᠎ᠤᠨ ᠨᠥᠬᠦᠪᠥᠷᠢ ᠦᠭ᠌ᠴᠦ᠂ 88 ᠲᠡᠭ᠌ᠰᠢ ᠳᠥᠷᠪᠡᠯᠵᠢᠨ ᠮᠧᠳ᠋ᠷ᠎ᠠᠴᠠ ᠳᠣᠷᠣᠭ᠍ᠰᠢ ᠪᠤᠯ 4050 ᠲᠥᠭᠦᠷᠢᠭ᠎ᠤᠨ ᠨᠥᠬᠦᠪᠥᠷᠢ ᠦᠭ᠌ᠳᠡᠭ》᠃ ᠯᠢᠶᠠᠨ ᠱᠢᠩ ᠲᠣᠰᠭᠤᠨ᠎ᠤ ᠨᠠᠮ᠎ᠤᠨ ᠡᠭᠦᠷ᠎ᠤᠨ ᠱᠦᠵᠢ ᠯᠢ ᠶᠦᠩ ᠹᠦ᠋ ᠲᠠᠨᠢᠯᠴᠠᠭᠤᠯᠬᠤ᠎ᠳᠠᠭᠠᠨ᠂ 《ᠱᠢᠨ᠎ᠡ ᠲᠣᠰᠭᠤᠨ᠎ᠨᠢ 2 ᠵᠠᠰᠠᠭ ᠵᠠᠬᠢᠷᠭᠠᠨ᠎ᠤ ᠲᠣᠰᠭᠤᠨ᠂ 4 ᠲᠣᠰᠭᠤᠨ᠎ᠤ ᠠᠷᠠᠳ᠎ᠤᠨ ᠳᠤᠭᠤᠢᠯᠠᠩ᠎ᠢ ᠪᠦᠬᠦᠯᠢ ᠴᠣᠭ᠍ᠴᠠ᠎ᠪᠠᠷ᠎ᠨᠢ ᠳᠠᠬᠢᠨ ᠵᠠᠰᠠᠨ ᠰᠡᠷᠬᠦᠭᠡᠵᠤ ᠨᠡᠭᠦᠯᠭᠡᠨ ᠱᠢᠨ᠎ᠡ᠎ᠪᠠᠷ ᠪᠠᠢᠭᠤᠯᠵᠤ᠂ ᠱᠢᠨ᠎ᠡ ᠲᠣᠰᠭᠤᠨ᠎ᠤ ᠪᠥᠲᠥᠭᠡᠨ ᠪᠠᠢᠭᠤᠯᠤᠯᠲᠠ᠎ᠳᠤ ᠬᠡᠷᠡᠭ᠌ᠯᠡᠬᠦ᠌ ᠭᠠᠵᠠᠷ᠎ᠨᠢ 320 ᠮᠥ᠎ᠠᠴᠠ ᠭᠠᠳᠠᠨ᠎ᠠ᠂ ᠬᠠᠭᠤᠴᠢᠨ ᠲᠣᠰᠭᠤᠨ᠎ᠤ ᠤᠤᠯ᠎ᠤᠨ 2300 ᠮᠥ᠍ ᠭᠠᠵᠠᠷ ᠱᠢᠷᠣᠶ᠎ᠶ᠋ᠢ ᠪᠦᠬᠦᠨ᠎ᠢ ᠳᠠᠬᠢᠨ ᠠᠳᠠᠷ ᠬᠠᠭᠠᠯᠪᠤᠷᠢᠯᠠᠯᠳᠠ᠎ᠶ᠋ᠢ ᠰᠡᠷᠬᠦᠭᠡᠵᠦ᠍᠂ 1570 ᠮᠥ᠍ ᠲᠠᠷᠢᠶᠠᠨ ᠭᠠᠵᠠᠷ᠎ᠢ ᠨᠡᠮᠡᠭ᠌ᠳᠡᠭᠦᠯᠵᠦ᠍᠂ ᠭᠠᠵᠠᠷ ᠱᠢᠷᠣᠶ᠎ᠶ᠋ᠢ ᠡᠷᠴᠢᠮᠵᠢᠭᠦᠯᠦᠨ ᠠᠱᠢᠬ᠍ᠯᠠᠬᠤ᠎ᠶ᠋ᠢ ᠪᠡᠶᠡᠯᠡᠭᠦᠯᠵᠦ᠍᠂ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ ᠱᠢᠨ᠎ᠡ ᠵᠠᠭ᠍ᠪᠤᠷ᠎ᠢ ᠬᠠᠢᠨ ᠰᠦᠪᠡᠭ᠌ᠴᠢᠯᠡᠵᠠᠢ》 ᠭᠡᠪᠡ᠃

《ᠤᠤᠯ᠎ᠤᠨ ᠣᠷᠣᠨ ᠰᠠᠭᠤᠴᠠ᠎ᠶ᠋ᠢᠨ ᠣᠷᠴᠢᠨ ᠨᠦᠬᠦᠴᠡᠯ ᠪᠠᠷᠤᠭ᠍ᠲᠠᠢ᠂ ᠪᠣᠷᠣᠭᠠᠨ ᠣᠷᠣᠮᠠᠭ᠍ᠴᠠ ᠵᠠᠮ ᠳᠡᠭᠡᠷ᠎ᠡ ᠪᠦᠷ ᠱᠢᠪᠠᠷ ᠱᠠᠯᠴᠢᠭ ᠪᠤᠯᠵᠤ ᠣᠷᠣᠵᠤ ᠭᠠᠷᠬᠤ᠎ᠳᠤ ᠮᠠᠰᠢ ᠳᠥᠭᠦᠮ ᠦᠭᠡᠢ᠃ ᠲᠦᠯᠡᠭᠡ ᠲᠦᠯᠡᠵᠦ᠍ ᠬᠤᠭᠤᠯᠠ ᠪᠤᠳᠠᠭ᠎ᠠ᠎ᠪᠠᠨ ᠬᠢᠵᠦ᠍᠂ ᠭᠡᠷ᠎ᠢᠶᠠᠨ ᠳᠤᠯᠠᠭᠠᠯᠠᠳᠠᠭ᠎ᠠᠴᠠ ᠭᠡᠷ ᠳᠦᠭᠦᠷᠡᠩ ᠤᠲᠤᠭ᠎ᠠ ᠲᠣᠭᠤᠰᠣ ᠪᠤᠯᠴᠢᠬᠠᠳᠠᠭ ᠪᠠᠢᠪᠠ᠃ ᠤᠳᠤ᠂ ᠱᠢᠨ᠎ᠡ ᠲᠣᠰᠭᠤᠨ᠎ᠳᠤ ᠴᠦᠮ ᠴᠠᠷᠳᠠᠮᠠᠯ ᠵᠠᠮ ᠳᠡᠪᠢᠰᠴᠦ᠍᠂ ᠬᠤᠯᠠᠩ ᠦᠭᠡᠢ ᠭᠡᠷ ᠪᠠᠢᠱᠢᠩ ᠪᠠᠢᠭᠤᠯᠵᠤ᠂ ᠪᠠᠢᠭᠠᠯᠢ᠎ᠶ᠋ᠢᠨ ᠱᠢᠲᠠᠮᠠᠬᠠᠢ ᠬᠡᠢ᠎ᠪᠠᠷ ᠬᠤᠭᠤᠯᠠ ᠬᠢᠵᠦ᠍᠂ ᠨᠢᠭᠡᠳᠦᠯᠲᠡᠢ᠎ᠪᠠᠷ ᠳᠤᠯᠠᠭᠠᠯᠠᠭ᠎ᠠ ᠬᠠᠩᠭᠠᠳᠠᠭ ᠪᠤᠯᠪᠠ》᠃ ᠯᠢᠶᠠᠨ ᠱᠢᠩ ᠲᠣᠰᠭᠤᠨ᠎ᠤ ᠠᠷᠠᠳ ᠶᠠᠩ ᠭᠠᠢ ᡁᠢ ᠪᠠᠶᠠᠷᠯᠠᠨ ᠬᠡᠯᠡᠬᠦ᠌᠎ᠳᠡᠭᠡᠨ᠂ 《ᠣᠷᠣᠯᠭ᠎ᠠ ᠪᠠᠰᠠ ᠪᠠᠭ᠎ᠠ ᠪᠤᠰᠤ ᠨᠡᠮᠡᠭ᠌ᠳᠡᠪᠡ᠂ ᠤᠤᠯ᠎ᠨᠢ ᠲᠠᠷᠢᠶ᠎ᠠ ᠲᠠᠷᠢᠬᠤ᠎ᠳᠤ ᠡᠯ᠎ᠡ ᠵᠦᠢᠯ᠎ᠤᠨ ᠠᠶᠤᠯ ᠲᠦᠭ᠌ᠰᠢᠭᠦᠷᠢ ᠡᠭᠦᠷᠭᠡᠯᠡᠳᠡᠭ ᠪᠠᠢᠪᠠ᠂ ᠪᠢ ᠭᠠᠵᠠᠷ ᠱᠢᠷᠣᠢ᠎ᠪᠠᠨ ᠱᠢᠯᠵᠢᠭᠦᠯᠦᠭ᠌ᠰᠡᠨ᠎ᠤ ᠳᠠᠷᠠᠭ᠎ᠠ ᠲᠣᠰᠭᠤᠨ᠎ᠳᠤ ᠲᠦᠷ ᠴᠠᠭ᠎ᠤᠨ ᠠᠵᠢᠯ ᠬᠢᠵᠦ᠍᠂ ᠳᠡᠭᠡᠷ᠎ᠡ᠎ᠨᠢ ᠲᠡᠵᠢᠭᠡᠨ ᠦᠷᠡᠵᠢᠭᠦᠯᠬᠦ᠌ ᠠᠵᠢᠯ ᠬᠢᠭ᠌ᠰᠡᠨ᠎ᠠᠴᠠ ᠵᠢᠯ᠎ᠤᠨ ᠣᠷᠣᠯᠭ᠎ᠠ 20 ᠭᠠᠷᠤᠢ ᠲᠦᠮᠡ᠎ᠳᠤ ᠬᠦᠷᠴᠡᠢ!》 ᠭᠡᠯ᠎ᠠ᠃

ᠣᠢᠯᠠᠭᠠᠭ᠍ᠰᠠᠨ᠎ᠢᠶᠠᠷ᠂ ᠲᠣᠰ ᠲᠥᠷᠥᠯ ᠵᠦᠶᠯ᠎ᠳᠤ ᠨᠡᠢᠲᠡ 8.5 ᠳ᠋ᠦᠩᠱᠢᠭᠤᠷ ᠲᠥᠭᠦᠷᠢᠭ᠎ᠤᠨ ᠪᠠᠯᠠ ᠣᠷᠣᠭᠤᠯᠵᠤ᠂ 457 ᠥᠨᠳᠥᠷ ᠪᠠᠷᠢᠮᠵᠢᠶᠠᠲᠤ ᠬᠡᠷᠡᠯᠴᠢ ᠴᠡᠨᠡᠭ᠎ᠤᠨ ᠣᠷᠣᠨ ᠰᠠᠭᠤᠴᠠ᠂ 7 ᠲᠦᠮᠡᠨ ᠮᠥ᠍ ᠥᠨᠳᠥᠷ ᠪᠠᠷᠢᠮᠵᠢᠶᠠᠲᠤ ᠲᠠᠷᠢᠮᠠᠯ᠎ᠤᠨ ᠰᠠᠭᠤᠷᠢᠨ ᠭᠠᠵᠠᠷ᠂ 10 ᠲᠦᠮᠡᠨ ᠰᠠᠭᠠᠯᠢ᠎ᠶ᠋ᠢᠨ ᠢᠮᠠᠭ᠎ᠠ᠎ᠶ᠋ᠢᠨ ᠬᠡᠪᠴᠢᠶᠡᠵᠢᠭᠦᠯᠦᠭ᠌ᠰᠡᠨ ᠲᠡᠵᠢᠭᠡᠨ ᠦᠷᠡᠵᠢᠭᠦᠯᠬᠦ᠌ ᠬᠦᠷᠢᠶᠡᠯᠡᠩ ᠲᠣᠭᠤᠷᠢᠭ᠎ᠢ ᠪᠠᠢᠭᠤᠯᠬᠤ᠎ᠶ᠋ᠢᠨ ᠬᠠᠮᠲᠤ ᠲᠤᠨᠤᠭ ᠲᠥᠬᠦᠭᠡᠷᠦᠮᠵᠢ ᠪᠦᠷᠢᠳᠦᠭ᠌ᠰᠡᠨ ᠠᠮᠢᠳᠤᠷᠠᠯ᠎ᠤᠨ ᠨᠡᠢᠭᠡᠮ ᠲᠣᠭᠤᠷᠢᠭ᠎ᠢ ᠪᠠᠢᠭᠤᠯᠵᠤ ᠦᠭ᠌ᠪᠡ᠃ ᠱᠢᠨ᠎ᠡ ᠲᠣᠰᠭᠤᠨ᠎ᠢ 2014 ᠣᠨ᠎ᠳᠤ ᠡᠬᠢᠯᠡᠨ ᠪᠠᠢᠭᠤᠯᠵᠤ᠂ 2015 ᠣᠨ᠎ᠤ ᠡᠴᠦᠰ᠎ᠲᠤ ᠪᠠᠢᠭᠤᠯᠵᠤ ᠳᠠᠭᠤᠰᠭᠠᠨ ᠨᠡᠭᠦᠯᠭᠡᠵᠦ᠍᠂ 2016 ᠣᠨ᠎ᠳᠤ 《ᠳᠤᠮᠳᠠᠳᠤ ᠤᠯᠤᠰ᠎ᠤᠨ ᠬᠠᠮᠤᠭ᠎ᠤᠨ ᠭᠤᠶᠣ ᠲᠣᠰᠭᠤᠨ ᠪᠠᠯᠭᠠᠰᠤ》 ᠎ᠪᠠᠷ ᠦᠨᠡᠯᠡᠭ᠌ᠳᠡᠪᠡ᠃


4025670_lity_1624635369801_m.jpg


            ᠦᠶᠤᠸᠠᠨ ᠱᠢᠶᠠᠨ᠎ᠤ ᠯᠢᠶᠠᠨ ᠱᠢᠩ ᠭᠡᠷᠡᠯᠴᠢ ᠴᠡᠨᠡᠭ᠎ᠤᠨ ᠱᠢᠨ᠎ᠡ ᠲᠣᠰᠭᠤᠨ

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号