ᠵᠠᠩ ᠮᠧᠶ ᠵᠧᠨ ᠬᠥᠩᠭᠡᠬᠡᠨ ᠭᠡᠭ᠌ᠴᠢ ᠬᠠᠭᠠᠯᠤᠮᠠᠬ᠍ᠴᠠ ᠠᠮᠲᠠᠲᠤ ᠬᠡᠮᠬᠡ ᠬᠤᠷᠣᠮᠬᠠᠨ ᠵᠠᠭᠤᠷ᠎ᠠ ᠬᠠᠭᠠᠷᠠᠵᠤ᠂ ᠠᠯᠲᠠᠨ ᠱᠢᠷᠭᠠᠯ ᠭᠤᠸᠠ᠎ᠶ᠋ᠢᠨ ᠭᠤᠣᠯ᠎ᠠᠴᠠ᠎ᠨᠢ ᠠᠩᠬᠢᠯᠤᠮ᠎ᠠ ᠦᠨᠦᠷ ᠦᠨᠦᠷᠲᠦᠭ᠌ᠳᠡᠨᠡ᠃ 《ᠡᠨᠡ ᠠᠮᠲᠠᠲᠤ ᠬᠡᠮᠬᠡ ᠬᠡᠤᠷᠡᠭ ᠮᠥᠷᠲᠡᠭᠡᠨ ᠱᠢᠬᠢᠷᠯᠢᠭ᠂ ᠦᠨᠡᠬᠡᠷ ᠠᠮᠲᠠᠲᠠᠶ!》 ᠭᠡᠵᠤ ᠰᠤᠷᠪᠤᠯᠵᠢᠯᠠᠭ᠍ᠴᠢ ᠠᠮᠲᠠᠯᠠᠬᠤ᠎ᠶ᠋ᠢᠨ ᠳᠠᠭᠠᠤ ᠡᠷᠡᠬᠡᠢ ᠭᠤᠵᠦ᠋ᠢᠯᠭᠠᠨ ᠮᠠᠭ᠍ᠲᠠᠵᠤ ᠭᠠᠷᠤᠯ᠎ᠠ᠃
6 ᠰᠠᠷ᠎ᠠ᠎ᠶ᠋ᠢᠨ 17 ᠤ ᠡᠳᠦᠷ᠂ 《〈ᠡᠭᠦᠷᠢᠳᠡ ᠨᠠᠮ᠎ᠢᠶᠠᠨ ᠳᠠᠭᠠᠶ᠎ᠠ〉 ᠡᠬᠦᠯᠡᠨ ᠬᠦᠯᠦᠭ • ᠵᠠᠭᠤᠨ ᠰᠤᠷᠪᠤᠯᠵᠢᠯᠠᠭ᠍ᠴᠢ᠎ᠶ᠋ᠢᠨ ᠲᠦᠮᠡᠨ ᠭᠠᠵᠠᠷ᠎ᠤᠨ ᠠᠶᠠᠯᠠᠯ 》 ᠲᠣᠮᠣ ᠬᠡᠯᠪᠡᠷᠢ᠎ᠶ᠋ᠢᠨ ᠳᠠᠮᠵᠢᠭᠤᠯᠭ᠎ᠠ᠎ᠶ᠋ᠢᠨ ᠠᠵᠢᠯᠯᠠᠭ᠎ᠠ᠎ᠶ᠋ᠢᠨ ᠰᠤᠷᠪᠤᠯᠵᠢᠯᠠᠨ ᠮᠡᠳᠡᠭᠡᠯᠡᠬᠦ᠌ ᠳᠤᠭᠤᠢᠯᠠᠩ ᠦᠶᠤᠸᠠᠨ ᠱᠢᠶᠠᠨ᠎ᠤ ᠱᠧᠩ ᠹᠧᠩ ᠪᠠᠯᠭᠠᠰᠤᠨ᠎ᠤ 《ᠳ᠋ᠧᠩᠯᠦ᠎ᠶ᠋ᠢᠨ ᠤᠯᠠᠭᠠᠨ》 ᠠᠮᠲᠠᠳᠤ ᠬᠡᠮᠬᠡᠭᠤᠨ ᠬᠦᠷᠢᠶᠡᠯᠡᠩ᠎ᠳᠤ ᠬᠦᠷᠴᠦ᠍᠂ ᠤᠯᠠᠮᠵᠢᠯᠠᠯᠲᠤ ᠲᠠᠷᠢᠶᠠᠯᠠᠩ ᠪᠠ ᠣᠲᠣ ᠦᠶ᠎ᠡ᠎ᠶ᠋ᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠷᠢᠳᠢ ᠱᠢᠳᠢ᠎ᠶ᠋ᠢ ᠪᠡᠶᠡᠴᠢᠯᠡᠨ ᠣᠢᠯᠠᠭᠠᠪᠠ᠃
《ᠠᠮᠲᠠᠲᠤ ᠬᠡᠮᠬᠡ᠎ᠶ᠋ᠢᠨ ᠭᠠᠳᠠᠷ ᠬᠡᠯᠪᠡᠷᠢ᠎ᠶ᠋ᠢ ᠦᠵᠡᠬᠦ᠌᠎ᠳᠤ ᠶᠠᠭ ᠳ᠋ᠧᠩᠯᠦ᠍ ᠱᠢᠭ ᠪᠠᠢᠳᠠᠭ᠎ᠠᠴᠠ 〈ᠳ᠋ᠧᠩᠯᠦ᠎ᠶ᠋ᠢᠨ ᠤᠯᠠᠭᠠᠨ〉 ᠭᠡᠳᠡᠭ》᠃ ᠱᠧᠩ ᠹᠧᠩ ᠪᠠᠯᠭᠠᠰᠤᠨ᠎ᠤ ᠱᠢᠨ ᠹᠧᠩ ᠲᠣᠰᠭᠤᠨ᠎ᠤ ᠵᠠᠩ ᠮᠧᠶ ᠵᠧᠨ᠄ 《ᠦᠨ᠎ᠡ ᠬᠠᠩᠰᠢ᠎ᠶ᠋ᠢᠨ ᠪᠠᠢᠳᠠᠯ ᠰᠠᠢᠨ ᠦᠶ᠎ᠡ᠎ᠳᠤ 1 ᠵᠢᠩ 〈ᠳ᠋ᠧᠩᠯᠦ᠎ᠶ᠋ᠢᠨ ᠤᠯᠠᠭᠠᠨ〉 ᠢ 40 ᠲᠥᠭᠦᠷᠢᠭ᠎ᠢᠶᠠᠷ ᠬᠤᠳᠠᠯᠳᠤᠳᠠᠭ᠂ ᠡᠨᠡ ᠬᠡᠳᠦᠨ ᠡᠳᠦᠷ᠎ᠤᠨ ᠦᠨ᠎ᠡ 12 ᠲᠥᠭᠦᠷᠢᠭ ᠪᠤᠯᠪᠠ᠂ ᠪᠢ 20 ᠭᠠᠷᠤᠶ ᠮᠥ᠍ ᠳᠠᠷᠢᠵᠤ᠂ 1 ᠵᠢᠯ᠎ᠳᠤ ᠳᠤᠮᠳᠠᠴᠢ᠎ᠪᠠᠷ ᠠᠷᠪᠠᠨ ᠬᠡᠳᠦᠨ ᠲᠦᠮᠡᠨ ᠲᠥᠭᠦᠷᠢᠭ ᠣᠯᠳᠠᠭ》 ᠭᠡᠵᠦ᠍ ᠪᠠᠶᠠᠷᠳᠠᠢᠬᠠᠨ ᠬᠡᠯᠡᠵᠦ᠍ ᠪᠠᠢᠯ᠎ᠠ᠃
《〈ᠳ᠋ᠧᠩᠯᠦ᠎ᠶ᠋ᠢᠨ ᠤᠯᠠᠭᠠᠨ〉 ᠪᠠ ᠪᠤᠰᠤᠳ ᠠᠮᠲᠠᠲᠤ ᠬᠡᠮᠬᠡ᠎ᠶ᠋ᠢᠨ ᠬᠠᠮᠤᠭ᠎ᠤᠨ ᠶᠡᠭᠡ ᠢᠯᠭᠠᠭ᠎ᠠ᠎ᠲᠠᠢ ᠲᠠᠯ᠎ᠠ᠎ᠨᠢ ᠦᠷ᠎ᠠ ᠳᠡᠭᠡᠷ᠎ᠠ᠎ᠪᠠᠨ ᠢᠯᠡᠷᠡᠳᠡᠭ᠂ 〈ᠳ᠋ᠧᠩᠯᠦ᠎ᠶ᠋ᠢᠨ ᠤᠯᠠᠭᠠᠨ〉 ᠤ ᠬᠤᠪᠢᠨ᠎ᠳᠠᠭᠠᠨ ᠦᠯᠡᠳᠡᠭᠡᠭ᠌ᠰᠡᠨ ᠦᠷ᠎ᠡ — ᠱᠢᠭᠤᠳ ᠭᠤᠸᠠ᠎ᠶ᠋ᠢᠨ ᠭᠤᠤᠯ ᠳᠣᠲᠣᠷᠠᠬᠢ ᠦᠷᠡᠢ ᠳᠠᠷᠢᠪᠠᠯ ᠪᠣᠯᠴᠢᠬᠠᠨ᠎ᠠ᠂ ᠡᠢᠮᠦ᠎ᠠᠴᠠ ᠳᠠᠷᠢᠬᠤ ᠥᠪᠡᠷ᠎ᠤᠨ ᠥᠷᠲᠡᠭ᠎ᠨᠢ ᠮᠠᠰᠢ ᠳᠤᠤᠷ᠎ᠠ ᠪᠠᠢᠳᠠᠭ᠃ ᠭᠡᠪᠡᠴᠦ᠍ ᠵᠢᠷᠠ ᠳᠠᠯᠠᠨ ᠵᠢᠯ ᠤᠯᠠᠮᠵᠢᠯᠠᠯᠲᠤ ᠠᠷᠭ᠎ᠠ᠎ᠪᠠᠷ ᠲᠠᠷᠢᠪᠠᠯ᠂ ᠬᠤᠪᠢᠨ᠎ᠳᠠᠭᠠᠨ ᠦᠯᠡᠳᠡᠭᠡᠭ᠌ᠰᠡᠨ ᠦᠷ᠎ᠡ᠎ᠶ᠋ᠢᠨ ᠴᠡᠪᠡᠷᠴᠡ᠎ᠨᠢ ᠪᠠᠭᠤᠷᠠᠬᠤ᠎ᠨᠢ ᠵᠠᠢᠯᠠᠰᠢ ᠥᠬᠡᠶ ᠶᠤᠮ᠂ ᠪᠢᠳᠡ ᠮᠡᠷᠭᠡᠵᠢᠯ᠎ᠤᠨ ᠠᠷᠭ᠎ᠠ ᠪᠠᠷᠢᠯ᠎ᠢᠶᠠᠷ ᠬᠤᠪᠢᠨ᠎ᠳᠠᠭᠠᠨ ᠦᠯᠡᠳᠡᠭᠡᠭ᠌ᠰᠡᠨ ᠦᠷ᠎ᠡ᠎ᠶ᠋ᠢ 〈ᠴᠡᠪᠡᠷᠱᠢᠭᠦᠯᠦᠨ ᠱᠢᠯᠢᠳᠡᠭ᠌ᠵᠢᠭᠦᠯᠦᠭ᠌ᠰᠡᠨ〉 ᠶᠤᠮ》 ᠭᠡᠵᠦ᠍ ᠱᠢᠨ ᠹᠧᠩ ᠲᠣᠰᠭᠤᠨ᠎ᠤ ᠨᠠᠮ᠎ᠤᠨ ᠡᠭᠦᠷ᠎ᠤᠨ ᠱᠦᠵᠢ ᠵᠤᠤ ᠬᠠᠢ ᠯᠦᠩ ᠲᠠᠨᠢᠯᠴᠠᠭᠤᠯᠪᠠ᠃
《ᠪᠤᠳᠠᠳᠤ ᠠᠬᠤᠢ᠎ᠶ᠋ᠢᠨ ᠪᠣᠷᠣᠯᠠᠭᠤᠯᠭ᠎ᠠ᠎ᠠᠴᠠ ᠭᠠᠳᠠᠨ᠎ᠠ᠂ ᠪᠢ ᠪᠠᠰᠠ ᠰᠦᠯᠵᠢᠶᠡᠨ ᠳᠡᠭᠡᠷᠡᠬᠢ ᠮᠠᠰᠢ ᠣᠯᠠᠨ ᠲᠠᠪᠴᠠᠩ ᠳᠡᠭᠡᠷ᠎ᠡ ᠠᠮᠳᠠᠳᠤ ᠬᠡᠮᠬᠡᠭ ᠬᠤᠳᠠᠯᠳᠤᠵᠤ᠂ ᠣᠷᠣᠯᠭ᠎ᠠ ᠴᠦ᠍ ᠳᠠᠬᠢᠨ᠎ᠢᠶᠠᠷ ᠨᠡᠮᠡᠭ᠌ᠳᠡᠪᠡ》᠃ ᠠᠮᠲᠠᠲᠤ ᠬᠡᠮᠬᠡᠭᠢ ᠶᠠᠷᠢᠬᠤ᠎ᠳᠤ᠂ ᠱᠢᠨ ᠬᠤᠩ ᠲᠣᠰᠭᠤᠨ᠎ᠤ ᠨᠠᠮ᠎ᠤᠨ ᠡᠭᠦᠷ᠎ᠤᠨ ᠱᠦᠵᠢ ᠵᠠᠩ ᠵᠢᠶᠠᠨ ᠵᠢᠶᠦ᠋ᠨ ᠠᠮᠠ ᠬᠠᠮᠬᠢᠯ ᠦᠭᠡᠢ ᠪᠠᠶᠠᠷᠯᠡᠵᠤ᠄ 《ᠲᠣᠰᠭᠤᠨ᠎ᠤ ᠠᠷᠠᠳ ᠮᠢᠨᠦ᠍ ᠪᠠᠶᠠᠵᠢᠭ᠍ᠰᠠᠨᠢ ᠦᠵᠡᠭᠡᠳ ᠪᠦᠷ ᠨᠠᠮᠠᠶ᠋ᠢ ᠲᠠᠭᠠᠵᠤ ᠠᠮᠲᠠᠲᠤ ᠬᠡᠮᠬᠡᠭ ᠲᠠᠷᠢᠪᠠ᠂ ᠪᠠᠰᠠᠨᠠᠮᠠ ᠵᠢᠨᠠᠮᠤᠨ ᠡᠭᠦᠷ᠎ᠤᠨ ᠱᠦᠵᠢ᠎ᠪᠠᠷ ᠰᠣᠩᠭᠤᠵᠤ᠂ ᠤᠯᠠᠨ᠎ᠢ ᠳᠠᠭᠠᠭᠤᠯᠤᠨ ᠬᠠᠮᠲᠤ᠎ᠪᠠᠷ ᠪᠠᠶᠠᠵᠢᠨ ᠴᠢᠨᠡᠭᠡᠯᠢᠭ᠌ᠵᠢᠬᠦ᠌᠎ᠶ᠋ᠢ ᠬᠦᠰᠡᠪᠡ》 ᠭᠡᠵᠦ᠍ ᠬᠡᠯᠡᠪᠡ᠃
ᠱᠧᠩ ᠹᠧᠩ ᠪᠠᠯᠭᠠᠰᠤᠨ᠎ᠤ 《ᠳ᠋ᠧᠩᠯᠦ᠎ᠶ᠋ᠢᠨ ᠤᠯᠠᠭᠠᠨ》 ᠠᠮᠲᠠᠲᠤ ᠬᠡᠮᠬᠡᠭᠶ᠋ᠢᠨ ᠲᠠᠷᠢᠶᠠᠨ ᠭᠠᠵᠠᠷ᠎ᠤᠨ ᠲᠥᠯᠥᠪᠵᠢᠭᠦᠯᠭᠡ᠎ᠶ᠋ᠢᠨ ᠲᠠᠯᠠᠪᠠᠢ 1 ᠲᠦᠮᠡᠨ ᠮᠦ᠍ ᠪᠠᠢᠵᠤ᠂ ᠱᠢᠨ ᠹᠧᠩ ᠲᠣᠰᠭᠤᠨ᠂ ᠱᠢᠨ ᠬᠤᠩ ᠲᠣᠰᠭᠤᠨ ᠪᠣᠯᠤᠨ ᠱᠧᠩ ᠹᠧᠩ ᠵᠶ᠋ᠢ ᠪᠠᠯᠭᠠᠰᠤ᠎ᠶ᠋ᠢᠨ 580 ᠡᠷᠦᠬᠡ᠎ᠲᠠᠢ ᠬᠤᠯᠪᠣᠭ᠍ᠳᠠᠨ᠎ᠠ᠃ ᠭᠤᠣᠯ ᠡᠵᠡᠩᠨᠡᠯᠲᠡ᠎ᠶ᠋ᠢᠨ ᠣᠷᠣᠨ᠎ᠨᠢ 2000 ᠮᠦ᠍ ᠭᠠᠵᠠᠷ ᠡᠵᠡᠯᠡᠵᠦ᠍᠂ ᠱᠢᠨ ᠹᠧᠩ ᠲᠣᠰᠭᠤᠨ᠎ᠤ 286 ᠡᠷᠦᠬᠡ᠎ᠲᠠᠢ ᠬᠤᠯᠪᠣᠭ᠍ᠳᠠᠨ᠎ᠠ᠃
ᠤᠯᠠᠮᠵᠢᠯᠠᠯᠲᠤ ᠦᠪᠡᠷ᠎ᠢᠶᠠᠨ ᠦᠯᠡᠳᠡᠭᠡᠭ᠌ᠰᠡᠨ ᠦᠷ᠎ᠡ᠎ᠶ᠋ᠢ ᠲᠠᠷᠢᠬᠤ᠎ᠲᠠᠢ ᠬᠠᠷᠢᠴᠠᠭᠤᠯᠪᠠᠯ᠂ ᠣᠳᠣ ᠦᠶ᠎ᠡ᠎ᠶ᠋ᠢᠨ ᠪᠤᠢᠵᠢᠭᠤᠯᠤᠭ᠍ᠰᠠᠨ ᠦᠷ᠎ᠡ᠎ᠶ᠋ᠢ ᠲᠠᠷᠢᠬᠤ᠎ᠨᠢ ᠤᠨᠳᠤᠤ ᠪᠠᠢᠳᠠᠭ᠃ ᠳᠠᠷᠠᠭ᠎ᠠ᠎ᠨᠢ᠂ ᠰᠤᠷᠪᠤᠯᠵᠢᠯᠠᠭ᠍ᠴᠢ ᠪᠠᠶᠠᠨᠨᠠᠭᠤᠷ ᠬᠤᠲᠠ᠎ᠶ᠋ᠢᠨ ᠯᠢᠨ ᠾᠧ ᠲᠣᠭᠤᠷᠢᠭ᠎ᠤᠨ᠎ᠶ᠋ᠢᠨ ᠪᠥᠸᠧ ᠯᠢ ᠲᠠᠷᠢᠶᠠᠯᠠᠩ᠎ᠤᠨ ᠲᠠᠯᠠᠪᠠᠶ ᠪᠣᠯᠤᠨ ᠥᠪᠥᠷ ᠮᠣᠩᠭᠤᠯ᠎ᠤᠨ ᠱᠢᠶᠠᠨ ᠨᠦᠩ ᠲᠠᠷᠢᠶᠠᠯᠠᠩ ᠮᠠᠯ ᠠᠵᠤ ᠠᠬᠤᠶ᠎ᠶ᠋ᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠬᠢᠵᠠᠭᠠᠷᠲᠤ ᠺᠣᠮᠫᠠᠨᠢ᠎ᠳᠤ ᠬᠦᠷᠴᠦ᠍᠂ ᠣᠳᠣᠬᠢᠴᠢᠯᠠᠭ᠍ᠰᠠᠨ ᠲᠠᠷᠢᠮᠠᠯ᠎ᠤᠨ ᠴᠤᠭ ᠵᠢᠪᠬᠤᠭ᠎ᠠ᠎ᠶ᠋ᠢ ᠨᠢᠳᠦ᠎ᠪᠠᠷ᠎ᠢᠶᠠᠨ ᠦᠵᠡᠪᠡ᠃
《 ᠶ᠋ᠢᠨ ᠪᠥᠸᠧ ᠯᠢ ᠲᠠᠷᠢᠶᠠᠯᠠᠩ᠎ᠤᠨ ᠲᠠᠯᠠᠪᠠᠶ ᠪᠣᠯ ᠲᠡᠷᠢᠭᠦᠨ᠎ᠤ ᠲᠠᠷᠢᠶᠠᠯᠠᠩ᠎ᠤᠨ ᠦᠶᠯᠡᠳᠪᠦᠷᠢᠯᠡᠯ᠎ᠤᠨ ᠮᠡᠷᠭᠡᠵᠢᠯ᠎ᠢᠶᠠᠷ ᠠᠴᠢᠶᠠᠯᠠᠪᠤᠷᠢ ᠪᠣᠯᠭᠠᠭ᠍ᠰᠠᠨ ᠣᠳᠣᠬᠢᠴᠢᠯᠠᠭ᠍ᠰᠠᠨ ᠣᠶᠤᠨᠴᠢ ᠲᠠᠷᠢᠶᠠᠯᠠᠩ᠎ᠤᠨ ᠠᠵᠤ ᠦᠶᠯᠡᠰ᠎ᠤᠨ ᠬᠦᠷᠢᠶᠡᠯᠡᠩ ᠪᠣᠯᠤᠨ᠎ᠠ᠂ ᠦᠶᠯᠡᠳᠪᠦᠷᠢᠵᠢᠭᠦᠯᠦᠨ ᠴᠢᠬᠢ ᠪᠤᠢᠵᠢᠭᠤᠯᠬᠤ᠂ ᠤᠶᠤᠨᠴᠢᠯᠠᠨ ᠤᠰᠤᠯᠠᠬᠤ᠂ ᠠᠮᠢᠳᠤ ᠪᠣᠳᠠᠰᠵᠢᠭᠤᠯᠤᠨ ᠰᠡᠷᠭᠡᠢᠯᠡᠨ ᠵᠠᠰᠠᠬᠤ᠎ᠶ᠋ᠢ ᠬᠡᠷᠡᠭ᠌ᠵᠢᠭᠦᠯᠳᠡᠭ᠃ ᠡᠳ᠋ ᠪᠠᠷᠠᠭᠠᠨ᠎ᠤ ᠮᠡᠳᠡᠭᠡ ᠵᠠᠩᠭᠢ᠎ᠶ᠋ᠢᠨ ᠰᠦᠯᠵᠢᠶᠡᠨ᠎ᠤ ᠱᠢᠰᠲ᠋ᠧᠮ᠎ᠢᠶᠠᠷ ᠳᠠᠮᠵᠢᠭᠤᠯᠤᠨ᠂ ᠬᠥᠷᠥᠰᠥ᠍ ᠱᠢᠷᠣᠶ᠂ ᠤᠰᠤ᠂ ᠳᠤᠯᠠᠭᠠᠨ᠎ᠤ ᠬᠡᠮᠵᠢᠶ᠎ᠡ ᠵᠡᠷᠭᠡ ᠲᠤᠭ᠎ᠠ ᠪᠠᠷᠢᠮᠲᠠ᠎ᠶ᠋ᠢᠨ ᠭᠦᠶᠴᠡᠳᠭᠡᠯ ᠲᠤᠭ᠎ᠠ᠎ᠶ᠋ᠢ ᠴᠥᠮ ᠭᠠᠷ ᠤᠲᠠᠰᠤᠨ ᠳᠡᠭᠡᠷ᠎ᠡ ᠴᠠᠭ ᠲᠤᠬᠠᠶ᠎ᠳᠤᠨᠢ ᠢᠯᠡᠷᠡᠭᠦᠯᠵᠦ᠍ ᠪᠣᠯᠤᠨ᠎ᠠ᠂ ᠳᠠᠷᠤᠭᠤᠯᠢᠨᠢ ᠳᠠᠷᠤᠮᠠᠭ᠍ᠴᠠ ᠳᠠᠷᠤᠶ ᠠᠶᠠᠨ᠎ᠳᠠᠭᠠᠨ ᠳᠤᠯᠠᠭᠠᠨ᠎ᠢ ᠲᠣᠬᠢᠷᠠᠭᠤᠯᠵᠤ᠂ ᠤᠰᠤᠯᠠᠵᠤ ᠴᠢᠳᠠᠳᠠᠭ᠃ ᠲᠠᠷᠢᠶᠠᠯᠠᠩ᠎ᠤᠨ ᠲᠠᠯᠠᠪᠠᠢ ᠭᠤᠣᠯᠳᠠᠭᠤ ᠠᠮᠲᠠᠲᠤ ᠬᠡᠮᠬᠡ᠂ ᠪᠧᠢ ᠪᠧᠢ ᠨᠠᠩᠭᠤᠸᠠ᠂ ᠲᠥᠪᠡᠳ ᠬᠠᠰᠢ ᠵᠡᠷᠭᠡ 30 ᠭᠠᠷᠤᠢ ᠲᠥᠷᠥᠯ ᠵᠦᠢᠯ᠎ᠢ ᠲᠠᠷᠢᠵᠤ᠂ ᠮᠦ᠍ ᠪᠦᠷᠢ᠎ᠶ᠋ᠢᠨ ᠳᠤᠮᠳᠠᠴᠢ ᠦᠷ᠎ᠡ ᠠᠱᠢᠭ᠎ᠨᠢ 2.5 ᠲᠦᠮᠡᠨ ᠲᠥᠭᠦᠷᠢᠭ᠎ᠲᠤ ᠬᠦᠷᠳᠡᠭ》 ᠭᠡᠵᠦ᠍ ᠲᠠᠷᠢᠶᠠᠯᠠᠩ᠎ᠤᠨ ᠲᠠᠯᠠᠪᠠᠶ᠎ᠶ᠋ᠢᠨ ᠬᠠᠷᠢᠭᠤᠴᠠᠯᠭᠠᠲᠠᠨ ᠶᠠᠩ ᠴᠢᠤᠸᠠᠨ ᠱᠧᠩ ᠰᠤᠷᠪᠤᠯᠵᠢᠯᠠᠭ᠍ᠴᠢ᠎ᠳᠤ ᠬᠡᠯᠡᠪᠡ᠃
《ᠪᠢᠳᠡ ᠠᠦ᠋ᠲ᠋ᠣ᠋᠎ᠪᠠᠷ ᠳᠤᠯᠠᠭᠠᠨ᠎ᠢ ᠡᠵᠡᠮᠳᠡᠬᠦ᠂ ᠪᠦᠷᠢᠨ ᠠᠦ᠋ᠲ᠋ᠣ᠋᠎ᠪᠠᠷ ᠤᠰᠤ ᠪᠣᠷᠲᠣᠭᠤᠷ᠎ᠢ ᠨᠢᠭᠡ ᠴᠤᠭ᠍ᠴᠠᠵᠢᠭᠤᠯᠬᠤ᠂ ᠡᠪᠡᠳᠴᠢᠨ ᠬᠤᠷᠣᠬᠠᠶ᠎ᠶ᠋ᠢᠨ ᠬᠥᠨᠥᠭᠡᠯ᠎ᠢ ᠪᠣᠬᠢᠷᠲᠤᠯ ᠥᠬᠡᠶ᠎ᠪᠠᠷ ᠰᠡᠷᠭᠡᠢᠯᠡᠨ ᠡᠵᠡᠮᠳᠡᠬᠦ᠂ ᠨᠡᠭᠦᠷᠡᠰᠦᠲᠥ᠋ᠷᠥᠭ᠌ᠴᠢ᠎ᠶ᠋ᠢᠨ ᠳᠠᠪᠬᠤᠷ ᠢᠰᠦᠯ᠎ᠤᠨ ᠬᠡᠶ ᠪᠣᠷᠲᠣᠭᠤᠷ ᠣᠷᠣᠭᠤᠯᠬᠤ ᠵᠡᠷᠭᠡ ᠮᠡᠷᠭᠡᠵᠢᠯ᠎ᠢ ᠬᠡᠷᠡᠭ᠌ᠯᠡᠵᠦ᠍᠂ ᠡᠢᠮᠦᠷᠬᠦ᠌ ᠣᠶᠤᠨᠴᠢ ᠬᠦᠯᠡᠮᠵᠢ᠎ᠳᠤ 2000 ᠰᠠᠭᠤᠷᠢ ᠲᠥᠪᠡᠳ ᠬᠠᠰᠢ ᠳᠠᠷᠢᠵᠤ᠂ ᠰᠠᠭᠤᠷᠢ ᠪᠦᠷᠢ᠎ᠠᠴᠠ ᠳᠥᠴᠢ ᠲᠠᠪᠢᠨ ᠵᠢᠩ ᠲᠥᠪᠡᠳ ᠬᠠᠰᠢ ᠲᠡᠭᠦᠳᠡᠭ᠂ ᠵᠢᠩ ᠪᠦᠷᠢ ᠲᠥᠪᠡᠳ ᠬᠠᠰᠢ᠎ᠶ᠋ᠢᠨ ᠵᠠᠬᠢᠶᠠᠯᠠᠭ᠎ᠠ᠎ᠶ᠋ᠢᠨ ᠦᠨᠡᠨ᠎ᠢ 7 ᠲᠥᠭᠦᠷᠢᠭ ᠪᠣᠯᠤᠨ᠎ᠠ᠂ ᠢᠩᠭᠢᠵᠦ᠍ ᠪᠤᠳᠤᠪᠠᠯ ᠮᠥ᠍ ᠪᠦᠷᠢ᠎ᠶ᠋ᠢᠨ ᠳᠤᠮᠳᠠᠴᠢ ᠦᠶᠯᠡᠳᠬᠦᠨ᠎ᠤ ᠥᠷᠲᠡᠭ᠎ᠨᠢ ᠪᠠᠷᠤᠭ 60 ᠭᠠᠷᠤᠶ ᠲᠦᠮᠡᠨ ᠲᠥᠭᠦᠷᠢᠭ᠎ᠲᠤ ᠬᠦᠷᠦᠨ᠎ᠠ》 ᠭᠡᠵᠦ᠍ ᠥᠪᠥᠷ ᠮᠣᠩᠭᠤᠯ᠎ᠤᠨ ᠱᠢᠶᠠᠨ ᠨᠦᠩ ᠲᠠᠷᠢᠶᠠᠯᠠᠩ ᠮᠠᠯ ᠠᠵᠤ ᠠᠬᠤᠶ᠎ᠶ᠋ᠢᠨ ᠱᠢᠨᠵᠢᠯᠡᠬᠦ᠌ ᠤᠬᠠᠭᠠᠨ ᠮᠡᠷᠭᠡᠵᠢᠯ᠎ᠤᠨ ᠬᠢᠵᠠᠭᠠᠷᠲᠤ ᠺᠣᠮᠫᠠᠨᠢ᠎ᠶ᠋ᠢᠨ ᠳᠡᠳ᠋ ᠶᠡᠷᠦᠩᠬᠡᠶ ᠳᠠᠭᠠᠭᠠᠮᠠᠯ ᠼᠦᠢ ᠮᠢᠨ ᠭᠡᠯᠡᠬᠦ᠌ᠶ᠋ᠢᠨ ᠳᠠᠭᠠᠤ 《ᠡᠭᠦᠨ᠎ᠠᠴᠠ ᠭᠠᠳᠠᠨ᠎ᠠ᠂ ᠪᠢᠳᠡ ᠪᠠᠰᠠ 〈ᠡᠮᠦᠨᠡᠲᠦ ᠣᠷᠣᠨ᠎ᠤ ᠵᠢᠮᠢᠰ᠎ᠢ ᠤᠮᠠᠷᠠᠲᠤ ᠣᠷᠣᠨ᠎ᠳᠤ ᠳᠠᠷᠢᠬᠤ〉 ᠲᠥᠷᠥᠯ ᠵᠦᠶᠯ᠎ᠲᠠᠢ᠂ ᠪᠠᠨᠠᠨᠠ᠂ ᠪᠠᠮᠪᠠᠷ ᠵᠢᠮᠢᠰ ᠵᠡᠷᠭᠡ 20 ᠭᠠᠷᠤᠶ ᠵᠦᠢᠯ᠎ᠤᠨ ᠵᠢᠮᠢᠰ᠎ᠢ ᠲᠠᠷᠢᠵᠤ᠂ ᠠᠱᠢᠭ ᠣᠷᠣᠯᠭ᠎ᠠ ᠮᠠᠰᠢ ᠰᠠᠢᠨ ᠪᠠᠢᠨ᠎ᠠ》 ᠭᠡᠵᠦ᠍ ᠲᠠᠨᠢᠯᠴᠠᠭᠤᠯᠪᠠ᠃
ᠰᠤᠷᠪᠤᠯᠵᠢᠯᠠᠬ᠍ᠴᠢ᠄ ᠬᠠᠨ ᠵᠶ᠋ᠢ ᠸᠠᠩ᠂ ᠵᠤᠤ ᠸᠧᠨ ᠼᠦᠢ᠂ ᠱᠢᠤᠸᠠᠢ ᠯᠠᠢ᠂ ᠶᠢᠦ ᠺᠦᠨ
ᠰᠡᠬᠦᠳᠡᠷᠯᠡᠭ᠌ᠴᠢ᠄ ᠯᠦ᠍ ᠱᠢᠩ᠂ ᠮᠡᠷᠭᠡᠨᠪᠢᠯᠢᠭ᠂ ᠲᠡᠬᠦᠰᠪᠢᠯᠢᠭ