ᠬᠤᠯᠤᠰᠤᠨ ᠳᠤᠳᠤᠷᠡᠬᠢ ᠪᠠᠢᠱᠢᠩ
ᠶᠠᠳᠠᠷ ᠭᠠᠨᠢᠪᠠᠷ ᠬᠤᠯᠤᠰᠤᠨ ᠰᠦᠬᠡᠭᠲᠤᠷ ᠰᠠᠭᠤᠵᠦ᠍
ᠶᠠᠳᠤᠭᠠ ᠴᠢᠪᠬᠠᠳᠠᠨ ᠪᠠᠰᠠ ᠠᠶᠠᠯᠠᠭᠤᠯᠤᠨ ᠳᠠᠭᠤᠯᠡᠮᠤᠢ
ᠶᠠᠮᠪᠡᠷ ᠬᠦᠮᠦᠨ ᠱᠢᠭᠤᠢᠶ᠋ᠢᠨ ᠳᠤᠳᠤᠷᠡᠬᠢᠶ᠋ᠢ ᠮᠡᠳᠡᠨᠡᠮ
ᠶᠠᠯᠢᠩ ᠰᠠᠷᠡᠨ ᠮᠢᠨᠦ᠍ ᠳᠡᠬᠡᠷᠠ ᠳᠤᠰᠤᠮᠤᠢ᠃
ᠮᠦᠷᠦᠬᠡᠳᠦᠯ
ᠤᠯᠠᠭᠠᠨ ᠪᠤᠷᠴᠠᠭ ᠡᠮᠦᠨᠡᠳᠦ ᠭᠠᠵᠠᠷ ᠤᠷᠭᠤᠮᠤᠢ
ᠤᠷᠢᠬᠠᠨ ᠬᠠᠪᠤᠷ ᠬᠡᠳᠦᠨ ᠰᠠᠯᠠᠭᠠ ᠭᠠᠷᠪᠠ
ᠠᠪᠤᠭᠠᠢᠶ᠋ᠢ ᠬᠦᠰᠡᠬᠦ᠌ ᠢᠨᠦ᠍ ᠢᠯᠡᠬᠦᠬᠡᠨ ᠳᠡᠬᠦᠵᠦ᠍ ᠠᠪ
ᠠᠭᠤᠰᠭᠢ ᠵᠢᠷᠦᠬᠡᠨᠠᠴᠠ ᠰᠠᠨᠠᠵᠦ᠍ ᠮᠦᠷᠦᠬᠡᠳᠦᠮᠤᠢ ᠳᠡᠷᠡ᠃
— ᠰᠤᠳᠦᠪᠢᠯᠢᠭᠤᠨ ᠤᠷᠴᠢᠭᠤᠯᠤᠭ᠍ᠰᠠᠨ 《ᠳᠠᠩ ᠤᠯᠤᠰᠤᠨ ᠱᠢᠯᠦᠭ ᠭᠤᠷᠪᠡᠨ ᠵᠠᠭᠤᠨ ᠪᠠᠳᠠᠭ》 ᠠᠴᠠ