ᠥᠪᠥᠷ ᠮᠤᠨᠭᠭᠤᠯ ᠤᠨ ᠲᠡᠤᠬᠡᠨ ᠥᠪ ᠰᠢᠷᠢᠰ ᠮᠡᠲᠡᠬᠡᠯᠡᠯ (ᠲᠥᠷᠪᠡ )
ᠲᠡᠦᠬᠡ ᠰᠣᠶᠣᠯ ᠪᠣᠯ ᠬᠤᠳᠠ᠎ᠶ᠋ᠢᠨ ᠰᠦᠭ ᠰᠦᠨᠡᠰᠦ ᠮᠥᠨ᠂ ᠥᠪᠡᠷ᠎ᠦᠨ ᠠᠮᠢ ᠨᠠᠰᠤ᠎ᠪᠠᠨ ᠬᠠᠢᠷᠠᠯᠠᠬᠤ᠎ᠲᠠᠶ ᠠᠳᠠᠯᠢ᠎ᠪᠠᠷ ᠬᠤᠳᠠ᠎ᠶ᠋ᠢᠨ ᠲᠡᠦᠬᠡ ᠰᠣᠶᠣᠯ᠎ᠤᠨ ᠥᠪ᠎ᠢ ᠰᠠᠢᠲᠤᠷ ᠬᠠᠮᠠᠭᠠᠯᠠᠬᠤ ᠬᠡᠷᠡᠭ᠌ᠲᠡᠢ᠃ ᠲᠡᠦᠬᠡᠳᠦ ᠬᠠᠷᠢᠭᠤᠴᠠᠬᠤ᠂ ᠠᠷᠠᠳ ᠲᠦᠮᠡᠨ᠎ᠳᠦ ᠬᠠᠷᠢᠭᠤᠴᠠᠬᠤ ᠵᠣᠷᠢᠭ ᠰᠠᠨᠠᠭ᠎ᠠ᠎ᠪᠠᠷ ᠲᠡᠦᠬᠡ ᠰᠣᠶᠣᠯ᠎ᠢ ᠤᠯᠠᠮᠵᠢᠯᠠᠨ ᠵᠠᠯᠭᠠᠮᠵᠢᠯᠠᠵᠤ᠂ ᠬᠤᠲᠠ᠎ᠶ᠋ᠢ ᠥᠭᠡᠷᠡᠴᠢᠯᠡᠨ ᠨᠡᠭᠡᠭᠡᠨ ᠬᠥᠭ᠌ᠵᠢᠭᠦᠯᠬᠦ᠌ ᠪᠠ ᠲᠡᠦᠬᠡ ᠰᠣᠶᠣᠯ᠎ᠤᠨ ᠥᠪ᠎ᠢ ᠬᠠᠮᠠᠭᠠᠯᠠᠨ ᠠᠱᠢᠭ᠍ᠯᠠᠬᠤ᠎ᠶ᠋ᠢᠨ ᠬᠠᠷᠢᠴᠠᠭ᠎ᠠ᠎ᠶ᠋ᠢ ᠰᠠᠢᠲᠤᠷ ᠱᠢᠢᠳᠪᠦᠷᠢᠯᠡᠵᠦ᠍᠂ ᠬᠠᠮᠠᠭᠠᠯᠠᠬᠤ ᠳᠤᠮᠳᠠ ᠬᠥᠭ᠌ᠵᠢᠭᠦᠯᠬᠦ᠂ ᠬᠥᠭ᠌ᠵᠢᠭᠦᠯᠬᠦ᠌ ᠳᠤᠮᠳᠠ ᠬᠠᠮᠠᠭᠠᠯᠠᠬᠤ᠎ᠶ᠋ᠢ ᠦᠨᠡᠨ ᠬᠦ᠌ ᠪᠡᠶᠡᠯᠡᠭᠦᠯᠬᠦ᠌ ᠬᠡᠷᠡᠭ᠌ᠲᠡᠢ᠃
᠊᠊᠊᠊᠊᠊᠊᠊ ᠶᠡᠷᠦᠩᠬᠡᠢ ᠱᠦᠵᠢ ᠰᠢ ᠵᠢᠨ ᠫᠢᠡᠭ᠎ᠤᠨ ᠢᠤᠢ ᠾᠸ ᠵᠢᠨ ᠲᠡᠦᠭᠡ ᠰᠤᠶᠤᠯ᠎ᠢ ᠰᠢᠨᠵᠢᠯᠡᠨ ᠪᠠᠢᠴᠠᠭᠠᠬᠤ ᠦᠶ᠎ᠡ᠎ᠵᠢᠨ ᠶᠠᠷᠢᠶ᠎ᠠ ᠡᠴᠡ
ᠲᠤᠮᠳᠠᠳᠤᠴᠤᠳ ᠤ᠋ᠨ ᠡᠷᠳᠡᠨ᠎ᠤ ᠤᠷᠴᠢᠯᠠᠩ᠎ᠤᠨ ᠦᠵᠡᠯᠳᠡ ᠵᠢ ᠢᠯᠡᠷᠡᠭᠦᠯᠦᠭᠰᠡᠨ ᠨᠡᠷᠡᠨ᠎ᠦ ᠡᠷᠭᠢᠯᠲᠡ᠎ᠶ᠋ᠢᠨ ᠵᠠᠮ ᠪᠠ ᠬᠣᠷᠢᠨ ᠳᠥᠷᠪᠡᠨ ᠴᠠᠭ ᠤᠯᠠᠷᠢᠯ ᠵᠡᠷᠭᠡ᠎ᠶ᠋ᠢ ᠰᠡᠢᠯᠦᠭ᠌ᠰᠡᠨ 270 ᠠᠱᠢᠳᠠ᠎ᠶ᠋ᠢᠨ ᠣᠳᠣ᠂ 1500 ᠭᠠᠷᠤᠶ ᠦᠵᠡᠭ᠌ᠳᠡᠬᠦ᠌ ᠣᠳᠣ᠎ᠶᠢ ᠢᠯᠡᠳᠬᠡᠭᠰᠡᠨ ᠮᠤᠨᠭᠭᠤᠯ ᠤᠲᠤᠨ ᠤᠷᠤᠨ ᠤ ᠵᠢᠷᠤᠬ ᠲᠠᠢ ᠊᠊᠊᠊᠊᠊᠊᠊ ᠲᠠᠪᠤᠨ ᠰᠤᠪᠤᠷᠭᠠᠲᠤ ᠰᠥᠮ᠎ᠠ
ᠬᠦᠬᠡᠬᠤᠲᠠ᠎ᠵᠢᠨ ᠢᠦᠢ᠌ᠴᠢᠤᠸᠠᠨ ᠲᠤᠭᠤᠷᠢᠭ᠎ᠤᠨ ᠲᠠᠪᠤᠨ ᠰᠤᠪᠤᠷᠭ᠎ᠠ ᠵᠡᠭᠡᠯᠢ᠎ᠪᠡᠷ ᠮᠣᠩᠭᠣᠯ᠂ ᠬᠢᠲᠠᠳ᠂ ᠲᠥᠪᠡᠳ ᠵᠡᠷᠭᠡ ᠣᠯᠠᠨ ᠦᠨᠳᠦᠰᠦᠲᠡᠨ᠎ᠦ ᠪᠠᠷᠢᠯᠭ᠎ᠠ᠎ᠶ᠋ᠢᠨ ᠬᠡᠪ ᠨᠠᠮᠪᠠ᠎ᠶ᠋ᠢ ᠱᠢᠡᠭ᠌ᠭᠡᠬᠡᠭ᠌ᠰᠡᠨ᠂ ᠡᠷᠬᠢᠮᠰᠦᠭ ᠪᠣᠷᠣᠭ᠍ᠵᠢᠭᠤᠨ ᠡᠷᠲᠡᠨ᠎ᠤ ᠪᠠᠷᠢᠯᠭ᠎ᠠ᠂ ᠦᠵᠡᠰᠭᠦᠯᠡᠡᠭ᠌ᠲᠦ ᠰᠠᠢᠬᠠᠨ ᠶᠡᠬᠡ ᠪᠠᠭ᠎ᠠ ᠰᠦᠮ᠎ᠡ ᠬᠡᠢᠳ ᠰᠡᠭᠦᠢᠨ ᠰᠦᠨᠳᠡᠷᠯᠡᠵᠦ᠂ ᠡᠭᠦᠨ᠎ᠤ ᠳᠤᠮᠳᠠ ᠡᠴᠡ ᠤᠳᠤ ᠴᠦ᠍ ᠭᠡᠰᠡᠨ ᠡᠷᠲᠡᠨ᠎ᠦ ᠳᠦᠷᠰᠦ ᠪᠠᠢ᠌ᠳᠠᠯᠵᠢᠡᠨ ᠬᠠᠳᠠᠭᠠᠯᠠᠭ᠍ᠰᠠᠭᠠᠷ ᠪᠤᠢ ᠤᠯᠤᠰ᠎ᠤᠨ ᠳᠣᠲᠣᠭᠠᠳᠤ ᠭᠠᠳᠠᠭᠠᠳᠤ᠎ᠳᠤ ᠠᠯᠳᠠᠷᠱᠢᠭ᠍ᠰᠠᠨ ᠬᠣᠪᠣᠷ ᠨᠠᠨᠳᠢᠨ ᠰᠤᠪᠤᠷᠭ᠎ᠠ᠎ᠶ᠋ᠢᠨ ᠦᠨᠡᠲᠦ ᠡᠷᠳᠡᠨᠢ ᠲᠠᠪᠤᠨ ᠰᠤᠪᠤᠷᠭᠠᠲᠤ ᠰᠦᠮ᠎ᠡ ᠵᠢᠨ ᠸᠴᠢᠷ ᠰᠠᠭᠤᠳᠠᠯᠲᠤ ᠱᠠᠷᠢᠯ᠎ᠤᠨ ᠡᠷᠳᠡᠨᠢ᠎ᠶ᠋ᠢᠨ ᠰᠤᠪᠤᠷᠭ᠎ᠠ ᠨᠢ ᠤᠯᠠᠨ᠎ᠤ ᠠᠡᠭᠬᠠᠷᠤᠯ᠎ᠢ ᠤᠨᠴᠠᠭᠠᠢ ᠲᠠᠲᠠᠨ᠎ᠠ᠃
ᠭᠡᠭᠡᠨ ᠨᠢᠭᠦᠯᠡᠰᠦᠭ᠌ᠴᠢ ᠰᠦᠮ᠎ᠡ
ᠭᠡᠭᠡᠨ ᠨᠢᠭᠦᠯᠡᠰᠦᠭ᠌ᠴᠢ ᠰᠦᠮ᠎ᠡ ᠪᠣᠯ ᠰᠢᠷᠡᠭᠡᠳᠦ ᠵᠣᠣ᠎ᠶ᠋ᠢᠨ ᠬᠠᠷᠢᠶᠠᠲᠤ ᠰᠦᠮ᠎ᠡ ᠪᠣᠯᠤᠨ᠎ᠠ᠃ ᠶᠡᠷᠦ᠍ ᠳᠡᠭᠡᠨ ᠲᠠᠪᠤᠨ ᠰᠤᠪᠤᠷᠭᠠᠲᠤ ᠰᠦᠮ᠎ᠡ ᠭᠡᠳᠡᠭ᠃ ᠲᠥᠪᠡᠳ᠎ᠡᠴᠡ ᠤᠯᠠᠮᠵᠢᠯᠠᠭ᠍ᠰᠠᠨ ᠪᠤᠷᠬᠠᠨ ᠱᠠᠱᠢᠨ᠎ᠤ ᠰᠦᠮ᠎ᠡ ᠪᠣᠯᠤᠨ᠎ᠠ᠃ 1727 ᠤᠨ᠎ᠳᠦ ᠬᠦᠬᠡᠬᠤᠲᠠ᠎ᠵᠢᠨ ᠰᠢᠷᠡᠭᠡᠳᠦ ᠵᠤᠤ᠎ᠵᠢᠨ ᠯᠠᠮᠠ ᠶᠠᠨᠵᠠᠷᠴᠢᠵᠢᠨ ᠬᠤᠪᠢᠯᠭᠠᠨ ᠬᠦᠬᠡᠬᠤᠲᠠ᠎ᠵᠢᠨ ᠪᠦᠬᠦ᠌ ᠯᠠᠮᠠ ᠪᠠᠨᠳᠢ ᠨᠠᠷ᠎ᠢ ᠵᠠᠬᠢᠷᠤᠭ᠍ᠴᠢ ᠵᠠᠰᠠᠭ᠎ᠤᠨ ᠳᠡᠳ᠋ ᠲᠡᠷᠢᠭᠦᠨ ᠯᠠᠮᠠ᠎ᠵᠢᠨ ᠲᠤᠱᠢᠶᠠᠯ᠎ᠢ ᠬᠠᠷᠢᠭᠤᠴᠠᠵᠤ᠂ ᠳᠦ᠋ᠡᠭᠯᠢ ᠨᠤᠮ᠎ᠤᠨ ᠵᠢᠱ᠋ᠢ᠍ᠶᠠᠨᠳᠦ ᠤᠷᠤᠯᠴᠠᠨ ᠪᠡᠭᠡᠵᠢᠡᠭ᠎ᠳᠦ ᠰᠠᠭᠤᠬᠤ ᠬᠤᠭᠤᠴᠠᠭᠠᠨ᠎ᠳᠠᠭᠠᠨ᠂ ᠴᠢᠡᠭ ᠤᠯᠤᠰ᠎ᠤᠨ ᠨᠠᠢ᠌ᠷᠠᠯᠲᠤ ᠲᠥᠪ ᠬᠠᠭᠠᠨ᠎ᠤ ᠵᠦᠪᠱᠢᠶᠡᠷᠡᠯᠵᠢᠡᠷ ᠬᠦᠬᠡᠬᠤᠲᠠ᠎ᠵᠢᠨ ᠰᠢᠷᠡᠭᠡᠳᠦ ᠵᠤᠤ᠎ᠵᠢᠨ ᠡᠮᠦᠨ᠎ᠡ ᠡᠨᠡ ᠬᠦ᠌ ᠰᠦᠮ᠎ᠡ᠎ᠵᠢ ᠠᠡᠭ᠌ᠬᠠ ᠪᠠᠢ᠌ᠭᠤᠯᠵᠠᠢ᠃ ᠨᠡᠢ᠌ᠲᠡ᠎ᠵᠢᠨ ᠤᠨ ᠲᠤᠭᠠᠯᠠᠯ᠎ᠤᠨ 1732 ᠤᠨ(ᠨᠠᠢ᠌ᠷᠠᠯᠲᠤ ᠲᠥᠪ᠎ᠤᠨ ᠠᠷᠪᠠᠳᠤᠭᠠᠷ ᠤᠨ) ᠳ᠋ᠤ ᠴᠢᠡᠭ ᠤᠯᠤᠰ᠎ᠤᠨ ᠬᠠᠭᠠᠨᠲᠤ ᠲᠦᠷᠦ᠍ ᠡᠴᠡ 《ᠭᠡᠭᠡᠨ ᠨᠢᠭᠦᠯᠡᠰᠦᠭ᠌ᠴᠢ ᠰᠦᠮ᠎ᠡ》 (ᠼᠢ ᠳ᠋ᠸᠩ ᠰᠸ ᠰᠥᠮ᠎ᠡ) ᠭᠡᠬᠦ᠌ ᠮᠠᠨᠵᠤ᠂ ᠮᠤᠡᠭ᠌ᠭᠤᠯ᠂ ᠬᠢᠲᠠᠳ ᠦᠰᠦᠭ ᠬᠠᠪᠰᠤᠷᠭᠠᠭ᠍ᠰᠠᠨ ᠫᠠᠢ᠌ᠰᠠ ᠢᠯᠡᠷᠭᠡᠢ᠌ᠯᠡᠯ ᠤᠯᠭᠤᠵᠤ᠂ 2 ᠲᠡᠷᠢᠭᠦᠨ ᠯᠠᠮᠠ ᠲᠤᠮᠢᠯᠠᠨ ᠰᠥᠮ᠎ᠡ᠎ᠵᠢ ᠬᠠᠮᠢᠶᠠᠷᠤᠭᠤᠯᠵᠠᠢ᠃ ᠬᠥᠬᠡᠬᠣᠲᠠ ᠮᠢᠩ ᠤᠯᠤᠰ᠎ᠤᠨ ᠦᠶ᠎ᠡ᠎ᠶ᠋ᠢᠨ ᠬᠦᠶ ᠬᠤᠸᠠ ᠬᠣᠲᠠ ᠪᠣᠯᠤᠨ ᠴᠢᠡᠭ ᠤᠯᠤᠰ᠎ᠤᠨ ᠦᠶ᠎ᠡ᠎ᠶ᠋ᠢᠨ ᠰᠦᠢᠶᠤᠸᠠᠨ ᠬᠣᠲᠠ᠎ᠪᠠᠷ ᠪᠦᠷᠢᠯᠳᠦᠨ᠂ ᠬᠦᠶ ᠬᠤᠸᠠ ᠬᠣᠲᠠ᠎ᠶ᠋ᠢ ᠮᠣᠩᠭᠣᠯ ᠦᠨᠳᠦᠰᠦᠲᠡᠨ᠎ᠦ ᠲᠦᠮᠡᠳ ᠠᠢᠮᠠᠭ᠎ᠤᠨ ᠠᠯᠲᠠᠨ ᠬᠠᠭᠠᠨ ᠪᠠᠢᠭᠤᠯᠵᠤ᠂ ᠰᠦᠢᠶᠤᠸᠠᠨ ᠬᠣᠲᠠ᠎ᠶ᠋ᠢ ᠴᠢᠩ ᠤᠯᠤᠰ᠎ᠤᠨ ᠮᠠᠨᠵᠤ ᠨᠣᠶᠠᠷᠬᠠᠭ᠍ᠴᠢᠳ ᠨᠠᠢᠷᠠᠯᠲᠤ ᠲᠥᠪ᠎ᠦᠨ ᠦᠶ᠎ᠡ᠎ᠳᠦ ᠡᠬᠢᠯᠡᠨ ᠪᠠᠢᠭᠤᠯᠵᠤ᠂ ᠰᠦᠢᠶᠤᠸᠠᠨ ᠬᠣᠲᠠ ᠪᠣᠯ ᠴᠡᠷᠢᠭ᠎ᠦᠨ ᠶᠠᠪᠤᠳᠠᠯ᠎ᠤᠨ ᠴᠢᠨᠠᠷᠲᠠᠢ ᠬᠣᠲᠠ ᠪᠣᠯᠤᠨ᠎ᠠ᠃ ᠡᠷᠲᠡᠨ᠎ᠤ ᠶᠠᠷᠢᠶᠠᠨ᠎ᠳᠦ᠂ ᠰᠦᠢᠶᠤᠸᠠᠨ ᠬᠣᠲᠠ᠎ᠶ᠋ᠢ ᠪᠠᠢᠭᠤᠯᠬᠤ ᠦᠶ᠎ᠡ᠎ᠳᠦ᠂ ᠬᠦᠶ ᠬᠤᠸᠠ ᠬᠣᠲᠠ᠎ᠶ᠋ᠢᠨ ᠨᠠᠪᠳᠠᠭ ᠰᠠᠪᠳᠠᠭᠢ ᠡᠪᠳᠡᠭ᠌ᠰᠡᠨ ᠭᠡᠵᠦ ᠬᠦᠶ ᠬᠤᠸᠠ ᠬᠣᠲᠠ᠎ᠶ᠋ᠢᠨ ᠯᠠᠮᠠ ᠨᠠᠷ ᠵᠢᠴᠢ ᠨᠤᠲᠤᠭ᠎ᠤᠨ ᠡᠷᠬᠡᠲᠡᠨ᠎ᠦ ᠡᠰᠡᠷᠭᠦᠴᠡᠯ᠎ᠢ ᠤᠯᠤᠭᠰᠠᠨ ᠡᠴᠡ᠂ ᠨᠠᠢᠷᠠᠯᠲᠤ ᠲᠥᠪ ᠬᠠᠭᠠᠨ ᠡᠴᠡ ᠵᠠᠷᠯᠢᠭ ᠪᠤᠯᠵᠤ᠂ ᠭᠡᠭᠡᠨ ᠨᠢᠭᠦᠯᠡᠰᠦᠭ᠌ᠴᠢ ᠰᠥᠮ᠎ᠡ᠎ᠶ᠋ᠢ ᠪᠠᠢᠭᠤᠯᠵᠤ ᠬᠠᠮᠠᠭᠠᠯᠠᠬᠤ ᠦᠢᠯᠡᠳᠦᠯ ᠭᠠᠷᠭᠠᠵᠠᠶ᠃ ᠡᠢᠮᠦ᠍᠎ᠡᠴᠡ ᠲᠤᠬᠠᠢ᠎ᠵᠢᠨ ᠦᠶ᠎ᠡ᠎ᠳᠦ ᠭᠡᠭᠡᠨ ᠨᠢᠭᠦᠯᠡᠰᠦᠭ᠌ᠴᠢ ᠰᠦᠮ᠎ᠡ᠎ᠶ᠋ᠢ ᠪᠠᠰᠠ 《ᠱᠢᠨ᠎ᠡ ᠵᠤᠤ》 ᠭᠡᠳᠡᠭ᠃
ᠭᠡᠭᠡᠨ ᠨᠢᠭᠦᠯᠡᠰᠦᠭ᠌ᠴᠢ ᠰᠦᠮ᠎ᠡ ᠵᠢᠨ ᠪᠠᠷᠢᠯᠭ᠎ᠠ᠎ᠶ᠋ᠢᠨ ᠪᠠᠢᠷᠢᠯᠠᠭᠤᠯᠤᠯᠲᠠ᠎ᠵᠢ ᠰᠤᠷᠪᠤᠯᠵᠢ ᠪᠢᠴᠢᠭ ᠵᠢᠴᠢ ᠬᠠᠭᠤᠴᠢ ᠰᠤᠳᠤᠯᠤᠯ᠎ᠤᠨ ᠢᠯᠡᠷᠡᠭᠦᠯᠦᠯᠲᠡ᠎ᠪᠠᠷ ᠳᠠᠮᠵᠢᠨ ᠭᠤᠷᠪᠠᠨ ᠳᠠᠪᠬᠤᠷ ᠬᠦᠷᠢᠶ᠎ᠡ ᠲᠠᠢᠵᠢ ᠭᠡᠷᠡᠴᠢᠯᠡᠵᠡᠢ᠃ ᠬᠦᠷᠢᠶ᠎ᠡ ᠪᠦᠷᠢ᠎ᠳᠤ᠎ᠨᠢ ᠭᠤᠷᠪᠠᠨ ᠲᠤᠭᠠᠡᠭ ᠲᠠᠢ᠃ ᠡᠭᠦᠳᠡ᠎ᠪᠡᠷ ᠨᠢᠭᠡᠳᠦᠭᠡᠷ ᠬᠦᠷᠢᠶᠡᠨ᠎ᠳᠦ ᠣᠷᠣᠬᠤ᠎ᠲᠠᠶ ᠵᠡᠷᠭᠡ ᠭᠣᠣᠯ ᠳᠤᠮᠳᠠ ᠨᠢ ᠭᠤᠷᠪᠠᠨ ᠴᠠᠭ᠎ᠤᠨ ᠪᠤᠷᠬᠠᠨ᠎ᠤ ᠳᠤᠭᠠᠩ᠂ ᠬᠤᠶᠠᠷ ᠬᠠᠵᠠᠭᠤ᠎ᠳᠤᠨᠢ ᠶᠡᠬᠡ ᠨᠢᠭᠦᠯᠡᠰᠦᠭ᠌ᠴᠢ ᠲᠤᠭᠠᠡᠭ᠂ ᠳ᠋ᠠᠷ᠎ᠠ ᠡᠬᠡ᠎ᠵᠢᠨ ᠲᠤᠭᠠᠡᠭ ᠪᠠᠢ᠌ᠵᠤ᠂ ᠳ᠋ᠠᠷ᠎ᠠ ᠡᠬᠡ ᠵᠢᠨ ᠲᠤᠭᠠᠡᠭ ᠳᠤᠨᠢ ᠬᠤᠷᠢᠨ ᠨᠢᠭᠡᠨᠳ᠋ᠠᠷᠠ ᠡᠬᠡ᠎ᠵᠢᠨ ᠱᠤᠭᠤᠮᠠᠯ ᠬᠦᠷᠦᠭ᠎ᠢ ᠲᠠᠬᠢᠳᠠᠭ᠃ ᠡᠭᠦᠳᠡ ᠳᠠᠮᠵᠢᠨ ᠬᠤᠶᠠᠳᠤᠭᠠᠷ ᠬᠦᠷᠢᠶᠡᠨ᠎ᠳᠦ ᠤᠷᠤᠪᠠᠯ᠂ ᠨᠢᠭᠤᠷ ᠲᠠᠯ᠎ᠠ᠎ᠳᠦ ᠸᠴᠢᠷᠳ᠋ᡁᠠᠷ᠎ᠠ ᠲᠤᠭᠠᠡᠭ᠂ ᠬᠤᠶᠠᠷ ᠬᠠᠵᠠᠭᠤ᠎ᠳᠤᠨᠢ ᠠᠪᠢᠳᠠ᠎ᠵᠢᠨ ᠲᠤᠭᠠᠡᠭ ᠪᠠ ᠠᠮᠤᠭᠠᠱᠢᠲᠢᠵᠢᠨ ᠲᠤᠭᠠᠡᠭ ᠪᠤᠯᠤᠨ᠎ᠠ᠃ ᠭᠤᠷᠪᠠᠳᠤᠭᠠᠷ ᠬᠦᠷᠢᠶᠠᠨ᠎ᠤ ᠭᠤᠤᠯ ᠲᠤᠭᠠᠡᠭ ᠨᠢ ᠪᠢᠷᠤᠽᠠᠨᠠᠵᠢᠨ ᠲᠤᠭᠠᠡᠭ᠂ ᠬᠤᠶᠠᠷ ᠵᠢᠭᠦᠷ᠎ᠤᠨ ᠬᠠᠷᠰᠢ ᠨᠢ ᠠᠭᠴᠤᠪᠢᠵᠢᠨ ᠲᠤᠭᠠᠡᠭ ᠪᠠ ᠷᠠᠳᠨᠠᠰᠠᠮᠪᠠᠤᠠᠵᠢᠨ ᠲᠤᠭᠠᠡᠡᠭ᠃ ᠰᠦᠮ᠎ᠡ᠎ᠦᠨ ᠬᠠᠮᠤᠭ ᠬᠣᠢᠲᠤ ᠦᠵᠦᠭᠦᠷ ᠨᠢ ᠸᠴᠢᠷ ᠰᠠᠭᠤᠳᠠᠯᠲᠤ ᠱᠠᠷᠢᠯ᠎ᠤᠨ ᠡᠷᠳᠡᠨᠢ᠎ᠶ᠋ᠢᠨ ᠰᠤᠪᠤᠷᠭ᠎ᠠ (ᠲᠠᠪᠤᠨ ᠰᠤᠪᠤᠷᠭ᠎ᠠ) ᠪᠣᠯᠤᠨ᠎ᠠ᠃
ᠸᠴᠢᠷᠲᠦ ᠮᠠᠨᠳᠠᠯ
ᠪᠦᠬᠦᠢᠯᠡ ᠰᠦᠮ᠎ᠡ᠎ᠵᠢᠨ ᠶᠡᠷᠦᠡᠭ᠌ᠬᠡᠢ ᠪᠠᠢᠷᠢᠯᠠᠭᠤᠯᠤᠯᠲᠠ ᠨᠢ ᠸᠴᠢᠷᠳ᠋ᡁᠠᠷ᠎ᠠ᠎ᠪᠠᠷ ᠲᠥᠪ ᠪᠣᠯᠭᠠᠭ᠍ᠰᠠᠨ ᠮᠠᠨᠳᠠᠯ ᠪᠣᠯᠤᠨ᠎ᠠ᠃ ᠮᠠᠨᠳᠠᠯ ᠨᠢ ᠬᠦᠷᠲᠦ ᠭᠡᠰᠡᠨ ᠰᠠᠨᠠᠭ᠎ᠠ᠎ᠵᠢ ᠢᠯᠡᠳᠬᠡᠵᠦ᠂ ᠣᠯᠠᠨ ᠪᠤᠷᠬᠠᠨ᠎ᠤ ᠷᠢᠳᠢ ᠱᠢᠳᠢ᠎ᠵᠢ ᠨᠢᠭᠡ ᠳᠣᠣᠷ᠎ᠠ ᠲᠦᠪᠯᠡᠷᠡᠭᠦᠯᠦᠨ ᠨᠢᠭᠤᠴᠠ ᠭᠦᠯᠭᠡᠨᠤ ᠪᠢᠱᠢᠯᠭᠠᠯ ᠬᠢᠬᠦ ᠮᠠᠨᠳᠠᠯ ᠪᠣᠯᠵᠤ᠂ ᠪᠢᠱᠢᠯᠭᠠᠭ᠍ᠴᠢᠶ᠋ᠢᠨ ᠷᠢᠳᠢ ᠱᠢᠳᠢ᠎ᠶ᠋ᠢ ᠨᠡᠮᠡᠭ᠌ᠳᠡᠭᠦᠯᠳᠡᠭ᠃ ᠸᠴᠢᠷᠳ᠋ᡁᠠᠷ᠎ᠠ ᠪᠤᠯ ᠨᠢᠭᠤᠴᠠ ᠭᠦᠯᠭᠡᠨᠤ ᠬᠣᠶᠠᠳᠤᠭᠠᠷ ᠡᠵᠡᠨ᠂ ᠪᠢᠷᠤᠽᠠᠨᠠᠶ᠋ᠢᠨ ᠪᠦᠷᠢᠯᠸ᠎ᠠ᠂ ᠠᠯᠢᠪᠠ ᠣᠶᠤᠨ ᠤᠬᠠᠭᠠᠨ ᠪᠠ ᠬᠦᠴᠦᠨ ᠴᠢᠳᠠᠯ᠎ᠤᠨ ᠪᠤᠳᠠᠲᠤ ᠢᠯᠡᠷᠡᠯ ᠪᠣᠯᠤᠨ᠎ᠠ᠃ ᠡᠢᠮᠦ᠍᠎ᠡᠴᠡ ᠴᠠᠭᠠᠨ ᠰᠠᠷ᠎ᠠ᠎ᠶ᠋ᠢᠨ ᠠᠷᠪᠠᠨ ᠲᠠᠪᠤᠨ᠂ ᠱᠢᠨ᠎ᠡ᠎ᠶ᠋ᠢᠨ ᠨᠢᠭᠡᠨ ᠪᠣᠯᠬᠤ ᠪᠦᠷᠢ ᠬᠦᠶ ᠬᠤᠸᠠ᠎ᠶ᠋ᠢᠨ ᠯᠠᠮᠠᠨᠠᠷ ᠡᠳᠦᠷ ᠰᠣᠩᠭᠣᠵᠤ ᠭᠡᠭᠡᠨ ᠨᠢᠭᠦᠯᠡᠰᠦᠭ᠌ᠴᠢ ᠰᠦᠮ᠎ᠡ᠂ ᠳᠠᠷᠤᠢ ᠮᠠᠨᠳᠠᠯ᠎ᠢ ᠡᠷᠬᠢᠳᠡᠭ᠃ ᠡᠨᠡ ᠪᠤᠯ ᠨᠢᠭᠤᠴᠠ ᠭᠦᠯᠭᠡᠨᠤ ᠤᠬᠠᠭᠠᠨ᠎ᠤ ᠨᠢᠭᠡ ᠵᠦᠢᠯ᠎ᠦᠨ ᠪᠢᠰᠢᠷᠡᠯ᠎ᠤᠨ ᠪᠢᠰᠢᠯᠭᠠᠯ ᠪᠣᠯᠤᠨ᠎ᠠ᠃ ᠭᠡᠭᠡᠨ ᠨᠢᠭᠦᠯᠡᠰᠦᠭ᠌ᠴᠢ ᠰᠦᠮ᠎ᠡ᠎ᠶ᠋ᠢᠨ ᠵᠢᠩᠬᠢᠨᠢ ᠤᠳᠭ᠎ᠠ ᠪᠤᠯ ᠲᠠᠷᠤᠢ᠂ ᠪᠤᠷᠬᠠᠨ᠎ᠤ ᠨᠣᠮ ᠵᠤᠯᠠᠮᠡᠲᠦ᠂ ᠲᠣᠭᠣᠰᠣᠲᠤ ᠶᠢᠷᠲᠢᠨᠴᠦ᠍᠎ᠳᠡᠬᠢ ᠬᠠᠮᠤᠭ ᠠᠮᠢᠲᠠᠨ᠎ᠢ ᠭᠡᠷᠡᠯᠲᠦᠭᠦᠯᠵᠦ᠍᠂ ᠲᠡᠳᠡᠨ᠎ᠢ ᠭᠠᠰᠠᠯᠠᠡᠭ ᠵᠣᠪᠠᠯᠠᠩ᠎ᠠᠴᠠ ᠮᠤᠯᠲᠤᠷᠠᠭᠤᠯᠤᠨ ᠵᠠᠢᠯᠠᠭᠤᠯᠵᠤ᠂ ᠨᠢᠷᠸᠠᠨ ᠳᠦᠷᠢ᠎ᠳᠦ ᠬᠦᠷᠭᠡᠨ᠎ᠡ᠃


ᠲᠠᠪᠤᠨ ᠰᠤᠪᠤᠷᠭᠠᠲᠤ ᠰᠥᠮ᠎ᠠ ᠵᠢᠨ ᠫᠠᠢᠰᠠ
ᠸᠴᠢᠷ ᠰᠠᠭᠤᠳᠠᠯᠲᠤ ᠱᠠᠷᠢᠯ᠎ᠤᠨ ᠡᠷᠳᠡᠨᠢ᠎ᠶ᠋ᠢᠨ ᠰᠤᠪᠤᠷᠭ᠎ᠠ
ᠸᠴᠢᠷ ᠰᠠᠭᠤᠳᠠᠯᠲᠤ ᠱᠠᠷᠢᠯ᠎ᠤᠨ ᠡᠷᠳᠡᠨᠢ᠎ᠶ᠋ᠢᠨ ᠰᠤᠪᠤᠷᠭ᠎ᠠ ᠨᠢ ᠡᠨᠡᠳᠭᠡᠭ᠎ᠦᠨ ᠪᠤᠳᠢᠭᠠᠷᠠ ᠮᠠᠶᠢᠭ᠎ᠤᠨ ᠰᠤᠪᠤᠷᠭ᠎ᠠ᠎ᠶ᠋ᠢ ᠳᠠᠭᠤᠷᠢᠶᠠᠨ ᠪᠠᠢᠭᠤᠯᠵᠠᠢ᠃ ᠳ᠋ᠦᠨᠬᠤᠸᠠᠡᠭᠤᠨ ᠬᠠᠨ᠎ᠠ᠎ᠶ᠋ᠢᠨ ᠵᠢᠷᠤᠭ᠎ᠤᠨ ᠲᠡᠮᠳᠡᠭ᠌ᠯᠡᠯ᠎ᠢ ᠦᠨᠳᠦᠰᠦᠯᠡᠪᠡᠯ᠂ ᠠᠯᠢ ᠡᠷᠲᠡ 1000 ᠭᠠᠷᠤᠶ ᠵᠢᠯ᠎ᠦᠨ ᠡᠮᠦᠨ᠎ᠡ ᠸᠴᠢᠷ ᠰᠠᠭᠤᠳᠠᠯᠲᠤ ᠰᠤᠪᠤᠷᠭ᠎ᠠ᠎ᠶ᠋ᠢᠨ ᠳᠦᠷᠰᠦ ᠢᠯᠡᠷᠡᠵᠦ᠍᠂ ᠸᠴᠢᠷ ᠰᠠᠭᠤᠳᠠᠯᠲᠤ ᠰᠤᠪᠤᠷᠭ᠎ᠠ ᠨᠢ ᠮᠠᠨ᠎ᠤ ᠤᠯᠤᠰ᠎ᠲᠤ ᠤᠷᠲᠤ ᠤᠳᠠᠭᠠᠨ ᠵᠢᠯ᠎ᠤᠨ ᠲᠡᠤᠬᠡ᠎ᠲᠡᠶ ᠪᠣᠯᠤᠭ᠍ᠰᠠᠨ᠎ᠢ ᠬᠠᠷᠠᠭᠤᠯᠵᠤ ᠪᠠᠢᠨ᠎ᠠ᠃ ᠸᠴᠢᠷ ᠰᠠᠭᠤᠳᠠᠯᠲᠤ ᠱᠠᠷᠢᠯ᠎ᠤᠨ ᠡᠷᠳᠡᠨᠢ᠎ᠶ᠋ᠢᠨ ᠰᠤᠪᠤᠷᠭ᠎ᠠ᠎ᠶ᠋ᠢᠨ ᠳᠡᠷᠭᠡᠳᠡ ᠬᠦᠷᠴᠦ᠍ ᠨᠠᠷᠢᠨ ᠠᠵᠢᠭ᠍ᠯᠠᠬᠤᠢᠳᠦ᠂ ᠡᠭᠦᠳᠡᠨ ᠳᠡᠭᠡᠷ᠎ᠡ ᠨᠢ ᠨᠠᠷᠢᠯᠢᠭ ᠰᠠᠢᠬᠠᠨ ᠴᠢᠯᠠᠭᠤᠨ ᠰᠡᠢᠯᠦᠮᠡᠯ᠎ᠲᠡᠶ᠂ ᠳᠡᠭᠡᠷ᠎ᠡ ᠨᠢ ᠸᠴᠢᠷ᠂ ᠠᠷᠰᠯᠠᠨ᠂ ᠵᠠᠭᠠᠨ ᠵᠡᠷᠭᠡ ᠵᠢᠷᠤᠭ ᠳᠦᠷᠰᠦ᠎ᠲᠡᠶ᠃ ᠸᠴᠢᠷ ᠰᠠᠭᠤᠳᠠᠯᠲᠤ ᠱᠠᠷᠢᠯ᠎ᠤᠨ ᠰᠤᠪᠤᠷᠭ᠎ᠠ ᠪᠣᠯ ᠨᠢᠭᠡ ᠰᠠᠭᠤᠳᠠᠯ ᠳᠡᠭᠡᠷ᠎ᠡ 5 ᠵᠢᠵᠢᠭ ᠰᠤᠪᠤᠷᠭ᠎ᠠ ᠪᠠᠷᠢᠭ᠍ᠰᠠᠨ ᠪᠠᠷᠢᠯᠭ᠎ᠠ ᠪᠣᠯᠬᠣᠷ ᠬᠦᠮᠦᠰ ᠶᠡᠷᠦ᠎ᠳᠡᠭᠡᠨ 《ᠲᠠᠪᠤᠨ ᠰᠤᠪᠤᠷᠭ᠎ᠠ》 ᠬᠡᠮᠡᠨ ᠨᠡᠷᠡᠯᠡᠵᠦ᠂ ᠪᠦᠬᠦ ᠦᠨᠳᠦᠷ ᠨᠢ 16.5 ᠮᠸᠲᠷ᠂ ᠲᠥᠪ ᠰᠤᠪᠤᠷᠭ᠎ᠠ ᠨᠢ 7 ᠳᠠᠪᠬᠤᠷ᠂ ᠪᠤᠰᠤᠳ 4 ᠵᠢᠵᠢᠭ ᠰᠤᠪᠤᠷᠭ᠎ᠠ ᠨᠢ 5 ᠳᠠᠪᠬᠤᠷ ᠪᠠᠢᠳᠠᠭ᠃

ᠲᠠᠪᠤᠨ ᠰᠤᠪᠤᠷᠭᠠᠲᠤ ᠰᠥᠮ᠎ᠠ ᠵᠢᠨ ᠱᠠᠷᠢᠯ᠎ᠤᠨ ᠰᠤᠪᠤᠷᠭ᠎ᠠ

ᠲᠠᠪᠤᠨ ᠡᠷᠲᠡᠨᠢ ᠵᠢᠨ ᠰᠤᠪᠤᠷᠭ᠎ᠠ ᠵᠢᠨ ᠸᠴᠢᠷ ᠰᠠᠭᠤᠲᠠᠯ
ᠱᠤᠭᠤᠮᠠᠯ ᠤᠷᠠᠯᠢᠬ᠎ᠤᠨ ᠰᠠᠩ
ᠬᠠᠵᠠᠭᠤ ᠡᠴᠡ ᠨᠢ ᠬᠠᠷᠠᠬᠤ᠎ᠳᠦ᠂ ᠲᠠᠪᠤᠨ ᠰᠤᠪᠤᠷᠭ᠎ᠠ᠎ᠶ᠋ᠢᠨ ᠬᠡᠯᠪᠡᠷᠢ ᠳᠦᠷᠰᠦ ᠵᠢᠭ᠌ᠳᠡ᠂ ᠬᠠᠷᠢᠴᠠᠯ ᠲᠣᠬᠢᠷᠠᠮᠵᠢᠲᠠᠶ᠂ ᠵᠢᠷᠤᠭᠠᠰᠤ ᠡᠶ᠎ᠡ ᠵᠣᠬᠢᠴᠠᠩᠭᠤᠶ᠂ ᠲᠥᠪ ᠶᠡᠬᠡᠮᠰᠦᠭ᠃ ᠳᠣᠣᠷ᠎ᠠ ᠬᠡᠰᠡᠭ᠎ᠢ ᠨᠢ ᠸᠴᠢᠷ ᠰᠠᠭᠤᠳᠠᠯ ᠬᠡᠮᠡᠨ᠂ ᠯᠢᠩᠬᠤ᠎ᠠ᠎ᠶ᠋ᠢᠨ ᠳᠡᠯᠪᠢ᠎ᠪᠡᠷ ᠴᠢᠮᠡᠭ᠌ᠯᠡᠭ᠌ᠰᠡᠨ ᠰᠦᠮᠢᠷ ᠰᠠᠭᠤᠳᠠᠯ᠎ᠳᠦ ᠰᠠᠭᠤᠷᠢᠯᠠᠵᠦ᠍ ᠪᠤᠢ᠃ ᠠᠮᠢᠳᠤ ᠳᠦᠷᠰᠦᠯᠢᠭ ᠴᠢᠯᠠᠭᠤᠨ ᠱᠤᠭᠤᠮᠠᠯ ᠨᠢ ᠪᠤᠷᠬᠠᠨ ᠱᠠᠱᠢᠨ᠎ᠤ ᠠᠭᠤᠯᠭᠠᠵᠢᠴᠢ ᠡᠭᠡᠯ ᠠᠮᠢᠳᠤᠷᠠᠯ᠎ᠤᠨ ᠦᠵᠡᠭ᠌ᠳᠡᠯ᠎ᠢ ᠤᠶᠠᠯᠳᠤᠭᠤᠯᠵᠦ᠂ ᠠᠷᠰᠢ᠎ᠶᠢᠨ ᠬᠥᠯ ᠳᠤᠤᠷ᠎ᠠ ᠯᠢᠩᠬᠤ᠎ᠠ ᠴᠡᠴᠡᠭ ᠳᠡᠯᠭᠡᠷᠡᠵᠦ᠍᠂ ᠥᠯᠵᠡᠢᠲᠦ ᠡᠭᠦᠯᠡ ᠡᠪᠬᠡᠷᠡᠯᠳᠦᠨᠡ᠃ ᠰᠦᠮᠢᠷ ᠰᠠᠭᠤᠳᠠᠯ᠎ᠵᠢᠨ ᠳᠤᠤᠷᠠᠬᠢ ᠬᠡᠰᠡᠭ ᠲᠦ᠍ ᠠᠷᠰᠯᠠᠨ᠂ ᠵᠠᠭᠠᠨ᠂ ᠨᠣᠮ᠎ᠤᠨ ᠬᠦᠷᠳᠦ᠂ ᠭᠠᠷᠤᠳᠢ᠂ ᠸᠴᠢᠷ ᠵᠡᠷᠭᠡ ᠰᠡᠢ᠌ᠯᠦᠮᠡᠯ ᠪᠠ ᠮᠣᠩᠭᠣᠯ᠂ ᠲᠥᠪᠡᠳ᠂ ᠰᠠᠨᠰᠺᠷᠢᠲ ᠭᠤᠷᠪᠠᠨ ᠵᠦᠢᠯ᠎ᠦᠨ ᠦᠰᠦᠭ᠎ᠢᠶᠡᠷ ᠪᠢᠴᠢᠭ᠌ᠰᠡᠨ ᠨᠤᠮ ᠱᠢᠭᠢᠳᠭᠡᠵᠦ᠍᠂ ᠦᠰᠦᠭ᠎ᠦᠨ ᠲᠢᠭ ᠪᠠ ᠰᠡᠢᠯᠪᠦᠷᠢ ᠨᠢ ᠮᠠᠰᠢ ᠨᠠᠷᠢᠯᠢᠭ᠃ ᠲᠠᠪᠤᠨ ᠰᠤᠪᠤᠷᠭ᠎ᠠ᠎ᠵᠢᠨ ᠳᠠᠪᠬᠤᠷᠭ᠎ᠠ ᠪᠤᠯᠭᠠᠨ᠎ᠤ ᠪᠣᠭᠣᠨᠢ ᠰᠠᠷᠠᠪᠴᠢ ᠪᠠ ᠣᠷᠣᠶ᠎ᠶ᠋ᠢ ᠨᠢ ᠪᠦᠷ ᠱᠢᠷ᠎ᠠ ᠨᠣᠭᠣᠭᠠᠨ ᠬᠣᠶᠠᠷ ᠥᠩᠭᠡ᠎ᠶ᠋ᠢᠨ ᠰᠢᠯ ᠸᠠᠭᠠᠷ᠎ᠢᠶᠠᠷ ᠴᠢᠮᠡᠭ᠌ᠯᠡᠵᠦ᠍᠂ ᠰᠢᠯ ᠸᠠᠭᠠᠷᠳᠡᠭᠡᠷᠡ ᠤᠯᠠᠨ ᠶᠠᠡᠭ᠌ᠵᠤᠵᠢᠨ ᠪᠤᠷᠬᠠᠨ᠎ᠤ ᠬᠦᠷᠦᠭ ᠰᠡᠢ᠌ᠯᠦᠭᠡᠰᠦᠲᠡᠢ ᠪᠠᠢᠵᠤ᠂ ᠨᠡᠢ᠌ᠲᠡ 1563 ᠪᠤᠷᠬᠠᠨ᠎ᠤ ᠬᠥᠷᠥᠭ ᠲᠠᠢ ᠭᠡᠳᠡᠭ᠃ ᠡᠭᠦᠨ᠎ᠳᠦ ᠰᠤᠪᠤᠷᠭ᠎ᠠ ᠪᠦᠷᠢ᠎ᠶ᠋ᠢᠨ ᠨᠢᠭᠡᠳᠦᠭᠡᠷ ᠳᠠᠪᠬᠤᠷᠭ᠎ᠠ᠎ᠳᠦ ᠱᠢᠬᠢᠳᠭᠡᠭ᠌ᠰᠡᠨ ᠪᠤᠷᠬᠠᠨ᠎ᠤ ᠬᠦᠷᠦᠭ᠂ ᠪᠣᠳᠢᠰᠠᠳ᠋ᠸ᠎ᠠ᠂ ᠪᠣᠳᠢ ᠮᠣᠳᠣ ᠲᠠᠢ᠃ ᠦᠩᠭᠡᠷᠡᠭᠰᠡᠨ᠎ᠳᠤ ᠪᠤᠷᠬᠠᠨ᠎ᠤ ᠬᠦᠷᠦᠭ᠎ᠢ ᠠᠯᠲᠠ᠎ᠪᠠᠷ ᠦᠩᠭᠡᠯᠡᠵᠦ ᠪᠠᠢᠬᠰᠠᠨ ᠭᠡᠳᠡᠭ᠃
ᠲᠡᠦᠭᠡ ᠵᠢᠨ ᠦᠨ᠎ᠡ ᠦᠷᠳᠡᠭ
ᠡᠨᠡ ᠲᠠᠪᠤᠨ ᠰᠤᠪᠤᠷᠭ᠎ᠠ ᠨᠢ ᠸᠴᠢᠷᠲᠦ ᠤᠷᠤᠨ᠎ᠤ ᠲᠠᠪᠤᠨ ᠵᠦᠭ᠎ᠦᠨ ᠪᠤᠷᠬ᠎ᠠ᠎ᠨᠢ ᠲᠥᠯᠥᠭᠡᠯᠡᠨ᠎ᠡ᠃ ᠳᠠᠷᠤᠶ᠄ ᠪᠢᠷᠤᠽᠠᠨᠠ ᠪᠤᠷᠬᠠᠨ᠂ ᠵᠡᠭᠦᠨ ᠵᠦᠭ᠎ᠤᠨ ᠠᠭᠴᠤᠪᠢ ᠪᠤᠷᠬᠠᠨ᠂ ᠡᠮᠦᠨ᠎ᠡ ᠵᠦᠭ᠎ᠤᠨ ᠷᠠᠳᠨᠠᠰᠠᠮᠪᠠᠸ᠋ᠠ ᠪᠤᠷᠬᠠᠨ᠂ ᠪᠠᠷᠠᠭᠤᠨ ᠵᠦᠭ᠎ᠤᠨ ᠠᠪᠢᠳᠠ ᠪᠤᠷᠬᠠᠨ᠂ ᠬᠣᠢᠲᠤ ᠵᠦᠭ᠎ᠦᠨ ᠠᠷᠲ᠋ᠠᠰᠢᠳᠢ ᠪᠤᠷᠬᠠᠨ᠂ ᠡᠨᠡ ᠪᠤᠯ ᠲᠠᠷᠤᠢ ᠸᠴᠢᠷᠲᠦ ᠮᠠᠨᠳᠠᠯ ᠮᠦᠨ᠃
ᠣᠳᠣᠬᠠᠨ᠎ᠳᠤ᠂ ᠮᠠᠨ᠎ᠤ ᠤᠯᠤᠰ᠎ᠲᠦ ᠬᠠᠳᠠᠭᠠᠯᠠᠭ᠍ᠳᠠᠵᠤ ᠪᠠᠢᠭ᠎ᠠ ᠸᠴᠢᠷ ᠰᠠᠭᠤᠳᠠᠯᠲᠤ ᠰᠤᠪᠤᠷᠭ᠎ᠠ ᠠᠷᠪᠠ ᠭᠠᠷᠤᠶ ᠪᠠᠢ᠌ᠪᠠᠴᠤ᠌᠂ ᠬᠠᠮᠤᠭ᠎ᠤᠨ ᠲᠥᠰᠦᠭᠡ᠎ᠲᠡᠶ ᠸᠴᠢᠷ ᠰᠠᠭᠤᠳᠠᠯᠲᠤ ᠰᠤᠪᠤᠷᠭ᠎ᠠ ᠪᠥᠬᠥ᠌ ᠤᠯᠤᠰ᠎ᠲᠤ ᠲᠠᠪᠤᠬᠠᠨ ᠪᠠᠢ᠌ᠳᠠᠭ᠃ ᠡᠭᠦᠨ᠎ᠳᠦ᠂ ᠵᠥᠪᠬᠡᠨ ᠪᠡᠭᠡᠵᠢᠩ᠎ᠦᠨ ᠵᠧᠨ ᠵᠢᠤᠸᠠᠢ ᠰᠧ ᠰᠦᠮ᠎ᠡ᠎ᠶ᠋ᠢᠨ ᠲᠠᠪᠤᠨ ᠰᠤᠪᠤᠷᠭ᠎ᠠ ᠨᠢ ᠬᠥᠬᠡᠬᠣᠲᠠ᠎ᠶ᠋ᠢᠨ ᠲᠠᠪᠤᠨ ᠰᠤᠪᠤᠷᠭ᠎ᠠ᠎ᠶ᠋ᠢᠨ ᠬᠡᠯᠪᠡᠷᠢᠲᠡᠶ ᠠᠳᠠᠯᠢᠪᠲᠤᠷ᠃ ᠭᠡᠪᠡᠴᠦ᠍᠂ ᠪᠠᠷᠢᠯᠭ᠎ᠠ᠎ᠶ᠋ᠢᠨ ᠤᠷᠠᠯᠢᠭ᠎ᠢᠶᠠᠷ ᠠᠪᠴᠤ᠌ ᠬᠡᠯᠡᠪᠡᠯ᠂ ᠬᠥᠬᠡᠬᠣᠲᠠ᠎ᠶ᠋ᠢᠨ ᠲᠠᠪᠤᠨ ᠰᠤᠪᠤᠷᠭ᠎ᠠ ᠨᠢ ᠨᠠᠩ ᠭᠣᠢᠳᠠ᠂ ᠱᠤᠭᠤᠮᠠᠯ ᠨᠢ ᠨᠡᠡᠭ ᠨᠠᠷᠢᠯᠢᠭ ᠪᠠᠢ᠌ᠵᠤ᠂ ᠲᠡᠷᠡ ᠪᠣᠯ ᠤᠯᠤᠰ᠎ᠤᠨ ᠳᠣᠲᠣᠭᠠᠳᠤ᠎ᠶ᠋ᠢᠨ ᠴᠣᠷ᠎ᠤᠨ ᠭᠠᠭ᠍ᠴᠠ ᠱᠠᠷᠢᠯ᠎ᠲᠠᠶ ᠲᠠᠪᠤᠨ ᠰᠤᠪᠤᠷᠭ᠎ᠠ ᠭᠡᠵᠦ᠍ ᠲᠡᠤᠬᠡ ᠰᠤᠳᠤᠷ ᠲᠦ᠍ ᠲᠡᠮᠲᠡᠭ᠌ᠯᠡᠵᠦ᠍ ᠪᠠᠢ᠌ᠳᠠᠭ᠃
ᠮᠤᠡᠭᠭᠤᠯ ᠤᠳᠤᠨ ᠤᠷᠤᠨ᠎ᠤ ᠵᠢᠷᠤᠭ
ᠰᠤᠪᠤᠷᠭ᠎ᠠ᠎ᠵᠢ ᠪᠤᠷᠬᠠᠨ ᠱᠠᠱᠢᠨ᠎ᠳᠤ ᠱᠠᠷᠢᠯᠢ ᠲᠠᠬᠢᠬᠤ᠎ᠳᠦ ᠬᠡᠷᠡᠭ᠌ᠯᠡᠳᠡᠭ᠃ 《ᠲᠡᠤᠬᠡ ᠵᠢᠨ ᠳᠤᠷᠠᠰᠬᠠᠯᠲᠤ ᠵᠦᠢᠯ᠎ᠤᠨ ᠬᠠᠤᠯᠢ》ᠵᠢ ᠦᠨᠳᠦᠰᠦᠯᠡᠵᠦ᠂ ᠸᠴᠢᠷ ᠰᠠᠭᠤᠳᠠᠯᠲᠤ ᠱᠠᠷᠢᠯ᠎ᠤᠨ ᠡᠷᠳᠡᠨᠢ᠎ᠶ᠋ᠢᠨ ᠰᠤᠪᠤᠷᠭ᠎ᠠ᠎ᠵᠢ ᠪᠦᠬᠦ ᠲᠠᠯ᠎ᠠ᠎ᠪᠡᠷ ᠠᠭᠤᠳᠠᠯᠤᠨ ᠮᠠᠯᠳᠠᠭᠰᠠᠨ ᠦᠭᠡᠢ᠂ ᠲᠡᠭᠡᠬᠦ ᠪᠡᠷ ᠱᠠᠷᠢᠯ ᠨᠢ ᠴᠤᠬᠤᠮ ᠬᠠᠮᠢᠭ᠎ᠠ ᠪᠠᠢᠬᠤ᠎ᠵᠢ ᠬᠠᠷᠠᠬᠠᠨ ᠮᠡᠳᠡᠭᠡ ᠦᠭᠡᠢ ᠪᠠᠢᠭᠰᠠᠭᠠᠷ᠃

ᠮᠤᠨᠭᠭᠤᠯ ᠤᠲᠤᠨ ᠤᠷᠤᠨ᠎ᠤ ᠵᠢᠷᠤᠭ
《ᠲᠠᠪᠤᠨ ᠰᠤᠪᠤᠷᠭᠠᠲᠤ ᠰᠦᠮ᠎ᠡ》 ᠶ᠋ᠢᠨ 《ᠮᠤᠡᠭᠭᠤᠯ ᠤᠳᠤᠨ ᠤᠷᠤᠨ᠎ᠤ ᠵᠢᠷᠤᠭ》 1.5 ᠮᠸᠲᠷ ᠤᠷᠲᠦ᠍᠂ ᠤᠮᠠᠷᠠᠲᠤ ᠲᠤᠢᠯᠵᠢᠡᠷ ᠭᠤᠤᠯ ᠲᠥᠪ ᠪᠣᠯᠭᠠᠭ᠍ᠰᠠᠨ ᠰᠠᠴᠤᠷᠠᠭ ᠬᠡᠯᠪᠡᠷᠢᠲᠦ 《ᠲᠩᠷᠢ᠎ᠶ᠋ᠢ ᠪᠦᠷᠬᠦᠭ᠌ᠰᠡᠨ ᠵᠢᠷᠤᠭ》 ᠪᠠᠢ᠌ᠵᠤ᠂ ᠮᠣᠩᠭᠣᠯ᠎ᠢᠶᠡᠷ ᠵᠡᠭᠦᠯᠲᠡ ᠬᠠᠳᠠᠨ᠂ ᠦᠰᠦᠭ ᠦᠨ ᠲᠤᠯᠤᠭᠠᠢ ᠵᠢ ᠨᠢ ᠤᠮᠠᠷᠠᠲᠤ ᠲᠤᠢᠯ ᠵᠦᠭ ᠬᠠᠨᠳᠤᠭᠤᠯᠤᠨ᠂ ᠲᠥᠪᠡᠳ ᠺᠣᠳ᠋᠎ᠤᠨ ᠭᠷᠠᠳᠦ᠋ᠰ᠎ᠦᠨ ᠲᠣᠭ᠎ᠠ᠎ᠪᠠᠷ ᠤᠯᠠᠮᠵᠢᠯᠠᠯᠲᠤ ᠣᠳᠣᠨ ᠭᠠᠷᠠᠭ᠎ᠤᠨ ᠪᠠᠢᠷᠢᠱᠢᠯ᠎ᠤᠨ ᠬᠣᠷᠢᠨ ᠨᠠᠢ᠍ᠮᠠᠨ ᠣᠳᠣ ᠶ᠋ᠢ ᠨᠡᠯᠢᠶᠡᠳ ᠣᠨᠣᠪᠴᠢᠲᠠᠶ ᠰᠡᠢᠯᠵᠦ᠍᠂ ᠨᠡᠢᠲᠡ 270 ᠠᠱᠢᠳᠠ᠎ᠶ᠋ᠢᠨ ᠣᠳᠣ᠂ 1500 ᠭᠠᠷᠤᠶ ᠦᠵᠡᠭ᠌ᠳᠡᠬᠦ᠌ ᠣᠳᠣ ᠵᠢᠴᠢ ᠨᠡᠷᠡᠨ᠎ᠦ ᠡᠷᠭᠢᠯᠲᠡ᠎ᠶ᠋ᠢᠨ ᠵᠠᠮ ᠪᠠ ᠬᠣᠷᠢᠨ ᠳᠥᠷᠪᠡᠨ ᠴᠠᠭ ᠤᠯᠠᠷᠢᠯ ᠵᠡᠷᠭᠡ᠎ᠶ᠋ᠢ ᠰᠡᠢᠯᠦᠭ᠌ᠰᠡᠨ ᠪᠠᠢᠨ᠎ᠠ᠃ ᠲᠡᠭᠦᠨ᠎ᠢ 1725 ᠤᠨ᠎ᠳᠦ ᠵᠠᠷᠯᠢᠭᠵᠢᠡᠷ ᠲᠤᠭ᠍ᠲᠠᠭᠠᠭ᠍ᠰᠠᠨ ᠤᠳᠤᠨ ᠤᠷᠤᠨ᠎ᠤ ᠵᠢᠷᠤᠭ᠎ᠢ ᠦᠨᠳᠦᠰᠦᠯᠡᠨ ᠰᠡᠢ᠌ᠯᠦᠭ᠌ᠰᠡᠨ ᠲᠤᠯᠠ᠂ ᠤᠨᠤᠪᠴᠢ᠎ᠵᠢᠨ ᠬᠡᠮᠵᠢᠶ᠎ᠡ ᠨᠢ ᠨᠡᠯᠢᠶᠡᠳ ᠦᠨᠳᠦᠷ᠂ ᠣᠳᠣ ᠦᠶ᠎ᠡ᠎ᠶ᠋ᠢᠨ ᠣᠳᠣᠨ ᠣᠷᠣᠨ᠎ᠤ ᠬᠡᠮᠵᠢᠭᠦᠷ᠎ᠦᠨ ᠬᠡᠮᠵᠢᠭ᠌ᠰᠡᠨ ᠦᠷ᠎ᠡ ᠳ᠋ᠦᠩ᠎ᠲᠡᠶ ᠵᠥᠪᠬᠡᠨ 4.5 ᠭᠷᠠᠳᠦ᠋ᠰ ᠵᠦᠷᠢᠵᠡᠢ᠃
ᠲᠤᠰ ᠤᠳᠤᠨ ᠤᠷᠤᠨ᠎ᠤ ᠵᠢᠷᠤᠭ ᠨᠢ ᠳᠡᠯᠡᠬᠡᠢ ᠳᠡᠭᠡᠷ᠎ᠡ ᠢᠯᠡᠷᠡᠭᠦᠯᠦᠭ᠌ᠰᠡᠨ ᠮᠤᠡᠭᠭᠤᠯᠵᠢᠡᠷ ᠰᠡᠢ᠌ᠯᠦᠨ ᠪᠦᠲᠦᠭᠡᠭ᠌ᠰᠡᠨ ᠠᠡᠭᠬᠠᠳᠤᠭᠠᠷ ᠤᠳᠤᠨ ᠤᠷᠤᠨ᠎ᠤ ᠵᠢᠷᠤᠭ ᠪᠤᠯᠬᠤᠷ ᠮᠠᠰᠢ ᠶᠡᠬᠡ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠦᠨ᠎ᠡ ᠦᠷᠲᠡᠭ ᠲᠠᠢ᠃ ᠡᠭᠦᠨ᠎ᠢ ᠮᠢᠩᠭᠠᠲᠤ᠎ᠶ᠋ᠢᠨ ᠵᠢᠷᠤᠭ ᠭᠡᠵᠦ᠍ ᠳᠣᠮᠣᠭ᠍ᠯᠠᠳᠠᠭ᠂ ᠮᠢᠩᠭᠠᠲᠤ ᠪᠣᠯ ᠮᠠᠨ᠎ᠤ ᠤᠯᠤᠰ᠎ᠤᠨ ᠴᠢᠩ ᠤᠯᠤᠰ᠎ᠤᠨ ᠦᠶ᠎ᠡ ᠶ᠋ᠢᠨ ᠲᠣᠭᠠᠨ᠎ᠤ ᠤᠬᠠᠭᠠᠨᠲᠠᠨ ᠪᠥᠭᠡᠳ ᠣᠳᠣᠨ ᠣᠷᠣᠨ᠎ᠤ ᠰᠤᠳᠤᠯᠭᠠᠲᠠᠨ ᠮᠥᠨ᠂ ᠲᠡᠷᠡ ᠪᠠᠰᠠ ᠲᠩᠷᠢ ᠶ᠋ᠢ ᠰᠦᠰᠦᠭ᠌ᠯᠡᠬᠦ᠌ ᠶᠠᠮᠤᠨ᠎ᠤ ᠲᠤᠱᠢᠶᠠᠯ᠎ᠢ ᠡᠭᠦᠷᠭᠡᠯᠡᠵᠦ᠍ ᠥᠩᠭᠡᠷᠡᠪᠡ᠃ ᠮᠣᠩᠭᠣᠯ ᠬᠢᠲᠠᠳ ᠬᠡᠯᠡᠨ᠎ᠳᠦ ᠨᠡᠪᠲᠡᠷᠡᠭ᠌ᠰᠡᠨ ᠠᠯᠳᠠᠷᠲᠤ ᠡᠷᠳᠡᠮᠲᠡᠨ᠂ ᠣᠳᠣᠨ ᠣᠷᠣᠨ᠎ᠤ ᠠᠵᠢᠯ ᠬᠢᠳᠡᠭ᠃
《ᠰᠦᠮᠪᠦᠷ ᠠᠭᠤᠯᠠ᠎ᠵᠢᠨ ᠮᠤᠳᠤᠨ ᠵᠢᠷᠤᠭ》 ᠪᠣᠯ ᠪᠤᠷᠬᠠᠨ ᠱᠠᠰᠢᠨ᠎ᠤ ᠮᠠᠶᠢᠭ᠎ᠤᠨ ᠣᠷᠴᠢᠯᠠᠩ᠎ᠤᠨ ᠦᠵᠡᠯᠲᠡ᠎ᠶ᠋ᠢᠨ ᠢᠯᠡᠷᠡᠯ ᠮᠥᠨ᠂ 《ᠮᠤᠡᠭᠭᠤᠯ ᠤᠳᠤᠨ ᠤᠷᠤᠨ᠎ᠤ ᠵᠢᠷᠤᠭ》 ᠪᠣᠯ ᠡᠷᠲᠡᠨ᠎ᠦ ᠲᠤᠮᠳᠠᠳᠤᠴᠤᠳ ᠤ᠋ᠨ ᠣᠷᠴᠢᠯᠠᠩ ᠤᠨ ᠦᠵᠡᠯᠲᠡ ᠮᠥᠨ᠂ ᠲᠡᠭᠦᠨ᠎ᠦ ᠦᠵᠡᠬᠦ᠌᠎ᠪᠡᠷ ᠲᠩᠷᠢ ᠲᠦᠭᠦᠷᠢᠭ᠂ ᠭᠠᠵᠠᠷ ᠳᠦᠷᠪᠡᠯᠵᠢᠨ᠃
ᠡᠯ᠎ᠡ ᠦᠨᠳᠦᠰᠦᠳᠡᠨ ᠤ᠋ ᠰᠤᠶᠤᠯ ᠤᠷᠠᠯᠢᠬ ᠤ᠋ᠨ ᠠᠴᠢᠶᠠᠯᠠᠪᠤᠷᠢ
ᠡᠭᠦᠨ ᠡᠴᠡ ᠭᠠᠳᠠᠨ᠎ᠠ᠂ ᠲᠦᠪᠡᠳ᠎ᠤᠨ ᠪᠤᠳ᠋ᠳ᠋ᡁᠠᠵᠢᠨ ᠱᠠᠱᠢᠨ᠎ᠤ ᠬᠦᠬᠡᠬᠤᠲᠠ᠎ᠳᠡᠬᠢ ᠲᠡᠤᠬᠡᠨ ᠬᠦᠭ᠌ᠵᠢᠯᠲᠡ᠎ᠵᠢ ᠨᠡᠡᠭ ᠢᠯᠡᠭᠦᠦ ᠤᠢ᠍ᠢᠯᠠᠭᠠᠭᠤᠯᠬᠤ᠎ᠵᠢᠨ ᠲᠦᠯᠦᠭᠡ᠂ ᠰᠦᠮ᠎ᠡ᠎ᠵᠢᠨ ᠬᠦᠷᠢᠶᠡᠨ᠎ᠳᠦ《ᠬᠦᠬᠡᠬᠤᠲᠠ᠎ᠵᠢᠨ ᠵᠤᠤ᠎ᠵᠢᠨ ᠰᠦᠮ᠎ᠡ᠎ᠵᠢᠨ ᠰᠤᠶᠤᠯ᠎ᠤᠨ ᠦᠵᠡᠭᠦᠯᠭᠡ》 ᠵᠢᠨ ᠲᠦᠪ ᠢ ᠨᠡᠬᠡᠭᠡᠵᠡᠢ᠃ ᠲᠤᠰ ᠦᠵᠡᠭᠦᠯᠭᠡ ᠵᠢᠨ ᠲᠦᠪ᠎ᠤᠨ ᠬᠠᠨ᠎ᠠ ᠳᠦᠭᠦᠷᠡᠡᠭ ᠡᠯᠭᠦᠭᠡᠰᠦᠲᠡᠢ ᠰᠦᠮ᠎ᠡ ᠬᠡᠢᠳ᠎ᠤᠨ ᠵᠢᠷᠤᠭ᠂ ᠲᠠᠡᠭᠺᠡ᠂ ᠭᠦᠩᠭᠠᠷᠪᠠ ᠲᠠᠢ ᠠᠯᠲᠠ ᠰᠢᠭᠢᠳᠬᠡᠭᠰᠡᠨ ᠪᠤᠷᠬᠠᠨ᠎ᠤ ᠬᠦᠷᠦᠭ᠂ ᠪᠤᠷᠬᠠᠨ᠎ᠤ ᠡᠳ᠋ᠯᠡᠯ ᠬᠡᠷᠡᠭᠰᠡᠯ ᠵᠡᠷᠭᠡ ᠡᠴᠡ ᠵᠢᠭᠤᠯᠴᠢᠯᠠᠭ᠍ᠴᠢᠳ ᠶᠤᠸᠠᠨ ᠤᠯᠤᠰ᠎ᠤᠨ ᠦᠶ᠎ᠡ᠎ᠳᠦ ᠲᠦᠪᠡᠳ᠎ᠤᠨ ᠤᠯᠠᠮᠵᠢᠯᠠᠯᠲᠤ ᠪᠤᠷᠬᠠᠨ᠎ᠤ ᠱᠠᠰᠢᠨ ᠮᠤᠡᠭᠭᠤᠯ᠎ᠤᠨ ᠦᠨᠳᠦᠷᠯᠢᠭ ᠲᠦ᠍ ᠤᠯᠠᠮᠵᠢᠯᠠᠭᠳᠠᠨ ᠢᠷᠡᠭᠰᠡᠨ; ᠮᠢᠡᠭ ᠤᠯᠤᠰ᠎ᠤᠨ ᠦᠶ᠎ᠡ᠎ᠳᠦ᠂ ᠭᠤᠪᠢ᠎ᠵᠢᠨ ᠡᠮᠦᠨᠡᠬᠢ ᠭᠠᠵᠠᠷ ᠤᠷᠤᠨ᠎ᠤ ᠬᠦᠮᠦᠨ ᠪᠤᠯᠭᠠᠨ ᠪᠤᠷᠬᠠᠨ ᠰᠢᠲᠦᠬᠦ ᠪᠤᠯᠵᠤ᠂ ᠬᠦᠬᠡᠬᠤᠲᠠᠨ᠎ᠠ ᠰᠦᠮ᠎ᠡ ᠬᠡᠢᠳ ᠰᠡᠭᠦᠢᠨ ᠰᠦᠨᠳᠡᠷᠯᠡᠵᠦ᠂ ᠡᠭᠡᠭᠡ ᠯᠡ ᠬᠡᠰᠡᠭ ᠬᠡᠰᠡᠭ ᠬᠢᠯᠠᠯᠵᠠᠨ ᠭᠡᠷᠡᠯᠳᠦᠭᠰᠡᠨ ᠡᠷᠳᠡᠨᠢ᠎ᠵᠢᠨ ᠰᠤᠪᠤᠳ ᠮᠡᠲᠦ ᠪᠡᠷ ᠪᠤᠷᠬᠠᠨ᠎ᠤ ᠭᠡᠷᠡᠯ᠎ᠢ ᠳᠦᠷᠪᠡᠨ ᠵᠦᠭ ᠲᠦ᠍ ᠰᠠᠴᠤᠷᠠᠭᠤᠯᠵᠤ᠂ ᠲᠤᠰ ᠬᠤᠲᠠ ᠨᠢ ᠮᠤᠡᠭᠭᠤᠯ᠎ᠤᠨ ᠦᠨᠳᠦᠷᠯᠢᠭ ᠳᠡᠬᠢ ᠪᠤᠷᠬᠠᠨ᠎ᠤ ᠱᠠᠰᠢᠨ᠎ᠤ ᠰᠤᠶᠤᠯ᠎ᠤᠨ ᠲᠦᠪ ᠪᠤᠯᠤᠭᠰᠠᠨ; ᠤᠳᠤ ᠴᠦ᠍ ᠭᠡᠰᠡᠨ ᠮᠦᠨ ᠦᠪᠦᠷ ᠮᠤᠡᠭᠭᠤᠯ ᠤᠷᠤᠨ᠎ᠤ ᠪᠤᠷᠬᠠᠨ᠎ᠤ ᠱᠠᠰᠢᠨ᠎ᠤ ᠪᠠᠷᠢᠯᠭ᠎ᠠ᠎ᠵᠢᠨ ᠦᠯᠡᠳᠡᠭᠳᠡᠯ ᠬᠠᠮᠤᠭ ᠠᠷᠪᠢᠨ ᠬᠤᠲᠠ ᠪᠠᠢᠵᠤ᠂ ᠰᠦᠮ᠎ᠡ ᠬᠡᠢᠳ ᠪᠤᠯᠭᠠᠨ ᠨᠢ ᠰᠤᠶᠤᠯ᠎ᠤᠨ ᠦᠪ ᠬᠦᠮᠦᠷᠭᠡ ᠪᠤᠯᠬᠤ ᠪᠦᠭᠡᠳ ᠨᠢᠭᠡᠨ ᠬᠢᠴᠡ ᠨᠠᠷᠢᠯᠢᠭ ᠰᠠᠢᠬᠠᠨ ᠡᠪᠬᠡᠮᠡᠯ ᠵᠢᠷᠤᠭ ᠮᠡᠲᠦ ᠮᠤᠡᠭᠭᠤᠯ᠂ ᠲᠦᠪᠡᠳ᠂ ᠮᠠᠨᠵᠤ᠂ ᠬᠢᠲᠡᠳ ᠵᠡᠷᠭᠡ ᠡᠯ᠎ᠡ ᠦᠨᠳᠦᠰᠦᠲᠡᠨ᠎ᠤ ᠤᠷᠠᠯᠢᠭ᠎ᠤᠨ ᠭᠡᠷᠡᠯ ᠭᠢᠯᠪᠠᠭ᠎ᠠ᠎ᠵᠢ ᠰᠠᠴᠤᠷᠠᠭᠤᠯᠵᠤ᠂ ᠡᠯ᠎ᠡ ᠦᠨᠳᠦᠰᠦᠳᠡᠨ ᠤ᠋ ᠪᠦᠯᠬᠦᠮᠳᠡᠨ ᠲᠡᠮᠡᠴᠡᠵᠦ ᠡᠬᠡ ᠤᠯᠤᠰ ᠤ᠋ᠨ ᠤᠮᠠᠷᠠᠳᠤ ᠬᠢᠯᠢ ᠵᠢ ᠪᠦᠲᠦᠭᠡᠨ ᠪᠠᠢᠭᠤᠯᠤᠭᠰᠠᠨ ᠲᠡᠦᠭᠡ ᠵᠢ ᠭᠡᠷᠡᠴᠢᠯᠡᠵᠦ ᠪᠤᠢ᠃
《ᠲᠠᠪᠤᠨ ᠰᠤᠪᠤᠷᠭᠠᠲᠤ ᠰᠦᠮ᠎ᠡ》 ᠵᠢᠨ ᠡᠷᠲᠡ ᠡᠳᠦᠭᠡ
ᠴᠢᠩ ᠤᠯᠤᠰ᠎ᠤᠨ ᠪᠠᠳᠠᠷᠠᠭᠤᠯᠲᠤ ᠲᠥᠷᠥ ᠶ᠋ᠢᠨ ᠠᠷᠪᠠᠨ ᠬᠣᠶᠠᠳᠤᠭᠠᠷ ᠤᠨ(1886 ᠤᠨ) ᠳ᠋ᠤ ᠵᠣᠣ᠎ᠵᠢᠨ ᠭᠡᠭᠡᠨ ᠨᠠᠰᠤ ᠪᠠᠷᠠᠭ᠍ᠰᠠᠨ᠎ᠠᠴᠠ ᠬᠣᠢᠰᠢ ᠭᠡᠭᠡᠨ ᠪᠠᠢᠬᠤ ᠦᠭᠡᠶ ᠪᠣᠯᠵᠤ᠂ ᠤᠤᠯ᠎ᠤᠨ ᠬᠥᠭ᠌ᠵᠢᠯ ᠪᠠᠳᠠᠷᠠᠯ᠎ᠢᠶᠠᠨ ᠠᠯᠳᠠᠵᠠᠢ᠃ ᠢᠷᠭᠡᠨ ᠤᠯᠤᠰ᠎ᠤᠨ ᠦᠶ᠎ᠡ᠎ᠳᠤ ᠪᠠᠰᠠ ᠪᠠᠷᠢᠯᠭ᠎ᠠ᠎ᠵᠢᠨ ᠪᠦᠷᠢᠨ ᠪᠦᠲᠦᠨ ᠪᠠᠢᠳᠠᠯ᠎ᠵᠢᠡᠨ ᠬᠠᠳᠠᠭᠠᠯᠠᠵᠤ ᠪᠠᠢᠵᠠᠢ᠃
《ᠲᠠᠪᠤᠨ ᠰᠤᠪᠤᠷᠭᠠᠲᠤ ᠰᠦᠮ᠎ᠡ》ᠵᠢᠨ ᠲᠠᠢ᠌ᠯᠪᠤᠷᠢᠯᠠᠭ᠍ᠴᠢᠵᠢᠨ ᠲᠠᠨᠢᠯᠴᠠᠭᠤᠯᠤᠭ᠍ᠰᠠᠨᠵᠢᠡᠷ᠂ 2005 ᠣᠨ᠎ᠠᠴᠠ ᠬᠦᠬᠡᠬᠤᠳᠠ ᠵᠢᠨ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ ᠬᠦᠬᠡᠬᠤᠲᠠ᠎ᠵᠢᠨ ᠰᠦᠮ᠎ᠡ ᠬᠡᠢ᠌ᠳ᠎ᠤᠨ ᠲᠡᠤᠬᠡ ᠰᠤᠶᠤᠯ᠎ᠤᠨ ᠦᠨ᠎ᠡ ᠦᠷᠲᠡᠭ ᠵᠢᠴᠢ ᠲᠠᠯ᠎ᠠ ᠨᠤᠲᠤᠭ᠎ᠤᠨ ᠨᠡᠷᠡᠲᠦ ᠬᠤᠲᠠ᠎ᠵᠢᠨ ᠦᠪᠡᠷᠮᠢᠴᠡ ᠤᠨᠴᠠᠯᠢᠭ᠎ᠢ ᠨᠡᠡᠭ ᠢᠯᠡ ᠲᠤᠳᠤ ᠪᠤᠯᠭᠠᠬᠤ᠎ᠵᠢᠨ ᠲᠦᠯᠦᠭᠡ 《ᠲᠠᠪᠤᠨ ᠰᠤᠪᠤᠷᠭᠠᠲᠤ ᠰᠦᠮ᠎ᠡ》 ᠶ᠋ᠢᠨ ᠪᠠᠭᠤᠷᠢ᠎ᠶ᠋ᠢ ᠰᠡᠷᠭᠦᠭᠡᠬᠦ᠌ ᠢᠨᠵᠧᠨᠧᠷᠢᠩ᠎ᠤᠨ ᠴᠡᠪᠡᠷᠯᠡᠨ ᠮᠠᠯᠲᠠᠬᠤ ᠠᠵᠢᠯ᠎ᠢ ᠡᠬᠢᠯᠡᠭᠦᠯᠵᠦ᠍᠂ ᠬᠤᠶᠠᠳᠤᠭᠠᠷ ᠬᠦᠷᠢᠶ᠎ᠡ᠎ᠵᠢ ᠢᠯᠡᠷᠡᠭᠦᠯᠵᠡᠢ᠂ ᠡᠨᠡ ᠨᠢ ᠮᠠᠨ᠎ᠤ ᠤᠷᠤᠨ ᠤ᠋ ᠠᠩᠬᠠᠳᠠᠭ᠍ᠴᠢ ᠪᠥᠬᠥ᠌ ᠲᠠᠯ᠎ᠠ᠎ᠶ᠋ᠢᠨ ᠤᠤᠯ ᠪᠠᠭᠤᠷᠢ ᠳᠡᠭᠡᠷ᠎ᠡ ᠰᠡᠷᠭᠦᠭᠡᠭ᠌ᠰᠡᠨ ᠡᠷᠲᠡᠨ᠎ᠦ ᠪᠠᠷᠢᠯᠭ᠎ᠠ ᠶ᠋ᠢᠨ ᠰᠦᠷᠦᠭ᠌ᠵᠢᠯ ᠪᠤᠯᠵᠠᠢ᠃
《ᠲᠠᠪᠤᠨ ᠰᠤᠪᠤᠷᠭᠠᠲᠤ ᠰᠦᠮ᠎ᠡ》 ᠶ᠋ᠢᠨ ᠪᠠᠭᠤᠷᠢ ᠶ᠋ᠢ ᠰᠡᠷᠭᠦᠭᠡᠬᠦ᠌ ᠢᠨᠵᠧᠨᠧᠷᠢᠩ ᠨᠢ ᠲᠤᠰᠭᠠᠶ ᠮᠡᠷᠭᠡᠵᠢᠯᠲᠡᠨ᠎ᠦ ᠨᠤᠲᠠᠯᠠᠯᠲᠠ᠎ᠪᠠᠷ᠂ ᠲᠡᠦᠬᠡ᠎ᠶ᠋ᠢᠨ ᠰᠤᠷᠪᠤᠯᠵᠢ ᠪᠢᠴᠢᠭ᠂ ᠲᠡᠦᠬᠡ᠎ᠶ᠋ᠢᠨ ᠬᠡᠷᠡᠯ ᠵᠢᠷᠤᠭ ᠪᠠ ᠬᠠᠮᠢᠶ᠎ᠠ ᠪᠥᠬᠥᠶ ᠰᠤᠳᠤᠯᠭᠠᠨ᠎ᠤ ᠮᠠᠲ᠋ᠧᠷᠢᠶᠠᠯ᠎ᠢ ᠦᠨᠳᠦᠰᠦᠯᠡᠨ᠂ ᠪᠠᠭᠤᠷᠢ᠎ᠶ᠋ᠢᠨ ᠬᠠᠭᠤᠴᠢ ᠰᠤᠳᠤᠯᠤᠯ᠎ᠤᠨ ᠨᠡᠭᠡᠭᠡᠨ ᠮᠠᠯᠲᠠᠬᠤ ᠠᠵᠢᠯ᠎ᠲᠠᠶ ᠤᠶᠠᠯᠳᠤᠭᠤᠯᠤᠨ᠂ ᠰᠡᠷᠭᠦᠭᠡᠬᠦ᠌ ᠵᠢᠷᠤᠭ ᠲᠥᠯᠥᠪᠯᠡᠭᠡ ᠬᠢᠭ᠌ᠰᠡᠨ ᠭᠡᠳᠡᠭ᠃
ᠣᠷᠳᠣᠨ᠎ᠤ ᠳᠣᠲᠣᠨ᠎ᠠ ᠭᠠᠳᠠᠨᠠᠬᠢ ᠪᠤᠷᠬᠠᠨ᠎ᠤ ᠬᠥᠷᠥᠭ᠎ᠦᠨ ᠱᠤᠭᠤᠮᠠᠯ᠂ ᠱᠢᠷ ᠪᠤᠳᠤᠭ᠂ ᠪᠤᠳᠤᠭ᠍ᠲᠤ ᠵᠢᠷᠤᠭ ᠵᠡᠷᠭᠡ᠎ᠵᠢ ᠬᠥᠬᠡᠨᠠᠭᠤᠷ ᠮᠤᠵᠢ᠎ᠶ᠋ᠢᠨ ᠷᠸᠪᠭᠤᠩ(ᠲᠠᠩᠺᠠ ᠤᠷᠠᠯᠢᠬ᠎ᠤᠨ ᠨᠢᠭᠡ ᠲᠦᠷᠦᠯ) ᠤᠷᠠᠯᠢᠭ᠎ᠤᠨ ᠮᠦᠽᠧᠶ᠎ᠶ᠋ᠢᠨ ᠳᠠᠷᠤᠭ᠎ᠠ 40 ᠭᠠᠷᠤᠶ ᠬᠥᠮᠦᠨ ᠳᠠᠭᠠᠭᠤᠯᠤᠨ ᠡᠳᠦᠷ ᠰᠥᠨᠢ ᠥᠬᠡᠶ ᠠᠵᠢᠯᠯᠠᠨ ᠪᠠᠢ᠌ᠵᠤ ᠳᠠᠭᠤᠰᠭᠠᠵᠠᠢ᠃ ᠡᠢ᠌ᠨ ᠬᠦ᠌ ᠥᠩᠭᠡᠷᠡᠭ᠌ᠰᠡᠨ᠎ᠳᠦ ᠭᠤᠤᠨᠢ ᠭᠠᠭ᠍ᠴᠠᠭᠠᠷ᠎ᠢᠶᠠᠨ ᠪᠠᠢᠭ᠍ᠰᠠᠨ ᠲᠠᠪᠤᠨ ᠰᠤᠪᠤᠷᠭ᠎ᠠ᠎ᠨᠢ ᠣᠲᠣ ᠨᠢᠭᠡᠨᠲᠡ ᠮᠠᠨᠤᠰ᠎ᠤᠨ ᠦᠨᠦᠳᠦᠷ᠎ᠤᠨ ᠤᠯᠵᠤ ᠬᠠᠷᠠᠵᠤ ᠪᠠᠢ᠌ᠭ᠎ᠠ ᠣᠯᠠᠨ ᠳᠤᠭᠠᠩ ᠰᠡᠬᠦᠢᠨ ᠰᠦᠨᠳᠡᠷᠯᠡᠭ᠌ᠰᠡᠨ᠂ ᠨᠡᠡᠭ ᠰᠥᠷ ᠵᠢᠪᠬᠤᠯᠠᠡᠭ ᠲᠠᠢ ᠰᠦᠮ᠎ᠡ ᠬᠡᠢ᠌ᠳ ᠪᠤᠯᠤᠭ᠍ᠰᠠᠨ ᠪᠠᠢ᠌ᠨ᠎ᠠ᠃
《ᠲᠠᠪᠤᠨ ᠰᠤᠪᠤᠷᠭᠠᠲᠤ ᠰᠦᠮ᠎ᠡ》 ᠵᠢᠨ ᠵᠢᠭᠤᠯᠴᠢᠯᠠᠯ᠎ᠤᠨ ᠤᠷᠤᠨ ᠡᠨᠡ ᠵᠢᠯ᠎ᠤᠨ 4 ᠰᠠᠷ᠎ᠠ᠎ᠵᠢᠨ 29᠎ᠤ᠋ ᠡᠳᠦᠷ ᠡᠴᠡ ᠡᠬᠢᠯᠡᠨ ᠡᠭᠦᠳᠡ ᠪᠡᠨ ᠬᠠᠭᠠᠵᠤ᠂ ᠳᠠᠬᠢᠨ ᠨᠢᠭᠡ ᠤᠳᠠᠭᠠᠨ᠎ᠤ ᠰᠡᠯᠪᠢᠨ ᠵᠠᠰᠠᠯᠲᠠ ᠪᠠᠨ ᠡᠬᠢᠯᠡᠭᠦᠯᠵᠦ᠍᠂ ᠭᠤᠤᠯᠳᠠᠭᠤ 《ᠲᠠᠪᠤᠨ ᠰᠤᠪᠤᠷᠭᠠᠲᠤ ᠰᠦᠮ᠎ᠡ》 ᠵᠢᠨ ᠭᠠᠯ᠎ᠤᠨ ᠠᠶᠤᠯ᠎ᠢ ᠰᠡᠷᠭᠡᠢ᠌ᠯᠡᠬᠦ᠌ ᠱᠢᠰᠲᠸᠮ᠎ᠳᠦ ᠵᠠᠰᠠᠯᠲᠠ ᠤᠷᠤᠭᠤᠯᠵᠤ᠂ ᠭᠠᠯ ᠤᠨᠲᠠᠷᠭᠠᠬᠤ ᠲᠡᠷᠭᠡ ᠤᠷᠤᠵᠤ ᠭᠠᠷᠬᠤ ᠡᠭᠦᠳᠡ ᠭᠠᠷᠭᠠᠨ᠂ ᠰᠦᠮ᠎ᠡ᠎ᠵᠢᠨ ᠱᠠᠯᠠ ᠶ᠋ᠢ ᠤᠰᠤ ᠨᠡᠪᠴᠢᠬᠦ᠌᠎ᠳᠦ ᠰᠠᠢ᠌ᠨ ᠡᠳ᠋ᠵᠢᠡᠷ ᠲᠠᠬᠢᠨᠲᠠ ᠳᠡᠪᠢᠰᠴᠦ᠍᠂ ᠰᠦᠮ᠎ᠡ ᠬᠡᠢ᠌ᠳ ᠲᠡᠭ᠎ᠢ ᠰᠤᠶᠤᠯ᠎ᠤᠨ ᠦᠪ᠂ ᠪᠤᠷᠬᠠᠨ᠎ᠤ ᠬᠦᠷᠦᠭᠤᠳᠤᠨ ᠭᠠᠯᠳᠦ ᠱᠢᠲᠠᠵᠤ᠂ ᠤᠰᠤᠨ᠎ᠳᠦ ᠳᠡᠪᠲᠦᠬᠦ᠌ ᠡᠴᠡ ᠰᠡᠷᠭᠡᠢ᠌ᠯᠡᠬᠦ᠌ ᠠᠵᠢᠯ᠎ᠢ ᠰᠠᠢ᠌ᠳᠦᠷ ᠬᠢᠵᠦ᠍ ᠪᠤᠢ᠃

ᠲᠠᠪᠤᠨ ᠰᠤᠪᠤᠷᠭᠠᠲᠤ ᠰᠥᠮ᠎ᠠ
《ᠲᠠᠪᠤᠨ ᠰᠤᠪᠤᠷᠭᠠᠲᠤ ᠰᠦᠮ᠎ᠡ》 ᠨᠢ ᠬᠥᠬᠡᠬᠣᠲᠠ᠎ᠶ᠋ᠢᠨ ᠴᠣᠷ᠎ᠤᠨ ᠭᠠᠭ᠍ᠴᠠ ᠮᠠᠨᠳᠠᠯ ᠰᠦᠮ᠎ᠡ ᠬᠡᠢᠳ ᠪᠠᠢᠵᠤ᠂ ᠲᠥᠪᠡᠳ᠎ᠦᠨ ᠪᠤᠳ᠋ᠳ᠋ᠾᠠ᠎ᠶ᠋ᠢᠨ ᠱᠠᠱᠢᠨ᠎ᠤ ᠰᠣᠶᠣᠯ᠎ᠢ ᠰᠤᠳᠤᠯᠬᠤ᠎ᠳᠤ ᠲᠤᠢᠯ᠎ᠤᠨ ᠶᠡᠬᠡ ᠱᠢᠨᠵᠢᠯᠡᠬᠦ᠌ ᠤᠬᠠᠭᠠᠨ᠎ᠤ ᠦᠨ᠎ᠡ ᠥᠷᠲᠡᠭ᠎ᠲᠡᠶ ᠶᠤᠮ᠃ 1988 ᠣᠨ᠎ᠳᠤ ᠤᠯᠤᠰ᠎ᠤᠨ ᠳᠡᠰ᠎ᠤᠨ ᠭᠣᠣᠯᠳᠠᠯᠭ᠎ᠠ᠎ᠲᠠᠶ ᠲᠡᠦᠬᠡ᠎ᠶ᠋ᠢᠨ ᠳᠤᠷᠠᠰᠭᠠᠯᠲᠤ ᠵᠦᠢᠯ᠎ᠦᠨ ᠬᠠᠮᠠᠭᠠᠯᠠᠯᠲᠠ᠎ᠶ᠋ᠢᠨ ᠨᠢᠭᠡᠴᠢ᠎ᠪᠡᠷ ᠨᠡᠷᠡᠢᠳᠦᠭᠳᠡᠪᠡ᠃《ᠲᠠᠪᠤᠨ ᠰᠤᠪᠤᠷᠭᠠᠲᠤ ᠰᠦᠮ᠎ᠡ》᠎ᠨᠢ ᠮᠠᠨ᠎ᠤ ᠤᠷᠤᠨ᠎ᠤ ᠲᠥᠪᠡᠳ᠎ᠦᠨ ᠪᠤᠳ᠋ᠳ᠋ᡁᠠᠶ᠋ᠢᠨ ᠱᠠᠱᠢᠨ᠎ᠤ ᠪᠠᠷᠢᠯᠭ᠎ᠠ᠎ᠶ᠋ᠢᠨ ᠤᠷᠠᠯᠢᠭ᠎ᠤᠨ ᠥᠪ᠎ᠦᠨ ᠦᠨᠡᠲᠦ ᠡᠷᠳᠡᠨᠢ ᠪᠠᠢ᠌ᠵᠤ᠂ ᠰᠦᠮ᠎ᠡ ᠬᠡᠢᠳ ᠲᠡᠳᠦᠢ᠎ᠦᠭᠡᠢ᠂ ᠮᠦᠨᠴᠦ᠍ ᠠᠰᠤᠷᠤ ᠲᠣᠮᠣ ᠰᠡᠢᠯᠪᠦᠷᠢ ᠤᠷᠠᠯᠢᠭ᠎ᠤᠨ ᠪᠦᠲᠦᠭᠡᠯ ᠪᠣᠯᠬᠤ ᠪᠥᠭᠡᠳ ᠪᠤᠢ ᠪᠦᠬᠦᠢ ᠤᠷᠠᠨ ᠵᠢᠷᠤᠭ ᠨᠢ ᠱᠠᠱᠢᠨ᠎ᠤ ᠥᠩᠭᠡ ᠪᠤᠳᠤᠭ᠂ ᠠᠭᠤᠷ ᠠᠮᠢᠰᠭᠤᠯ᠎ᠢᠶᠠᠷ ᠪᠢᠯᠬᠠᠨ᠂ ᠮᠠᠰᠢ ᠭᠦᠨ ᠪᠡᠯᠭᠡᠳᠡᠯ᠂ ᠵᠦᠢᠷᠯᠡᠯ᠎ᠤᠨ ᠤᠳᠭ᠎ᠠ ᠠᠭᠤᠯᠭ᠎ᠠ ᠲᠠᠢ ᠨᠢ ᠢᠯᠡᠭᠡᠨ᠂ ᠪᠤᠳ᠋ᠳ᠋ᡁᠠᠶ᠋ᠢᠨ ᠱᠠᠱᠢᠨ᠎ᠤ ᠪᠠᠷᠢᠯᠭ᠎ᠠ᠎ᠶ᠋ᠢᠨ ᠤᠷᠠᠯᠢᠭ᠎ᠤᠨ ᠷᠢᠳᠢ ᠱᠢᠳᠢ᠎ᠶ᠋ᠢ ᠡᠨᠳᠡ ᠡᠴᠡ ᠬᠠᠷᠠᠵᠤ᠂ ᠬᠦᠬᠡᠬᠤᠲᠠ᠎ᠵᠢᠨ ᠡᠷᠲᠡᠨ᠎ᠤ ᠪᠤᠷᠬᠠᠨ ᠱᠠᠰᠢᠨ᠎ᠤ ᠦᠪ ᠰᠤᠶᠤᠯ᠎ᠤᠨ ᠭᠡᠷᠡᠯ ᠰᠠᠴᠤᠷᠤᠡᠭ᠌ᠭᠤᠢ ᠲᠡᠤᠬᠡ᠎ᠵᠢ ᠰᠡᠳᠭᠢᠯ ᠵᠢᠷᠤᠬᠡ ᠪᠡᠷ᠎ᠵᠢᠡᠨ ᠮᠡᠳᠡᠷᠡᠵᠦ᠍ ᠪᠤᠯᠤᠨ᠎ᠠ᠃