ᠠᠯᠠᠱᠠ ᠵᠡᠭᠦᠨ ᠬᠣᠱᠢᠭᠤᠨ ᠦ 8 ᠲᠦᠮᠡ ᠭᠠᠷᠤᠢ ᠲᠡᠭᠱᠢ ᠳᠥᠷᠪᠡᠯᠵᠢᠨ ᠺᠢᠯᠤᠮᠧᠲᠷ ᠨᠤᠳᠤᠭ ᠳᠡᠪᠢᠰᠭᠡᠷ ᠳᠡᠭᠡᠷ᠎ᠡ ᠪᠦᠬᠦ ᠤᠯᠤᠰ
ᠦᠨ ᠳᠡᠦᠭᠡᠨ ᠳᠤᠷᠠᠰᠬᠠᠯᠳᠤ ᠵᠦᠢᠯ ᠦᠨ ᠨᠡᠢᠳᠡᠮ ᠪᠠᠢᠴᠠᠭᠠᠯᠳᠠ ᠵᠢᠨ ᠳᠡᠮᠳᠡᠭᠯᠡᠯ ᠳ᠋ᠤ ᠤᠷᠤᠭᠰᠠᠨ ᠲᠡᠦᠭᠡ
ᠵᠢᠨ ᠳᠤᠷᠠᠰᠭᠠᠯᠲᠤ ᠵᠦᠢᠯ ᠤ᠋ᠨ ᠴᠡᠭ 393 ᠪᠤᠢ᠃ ᠡᠳᠡᠭᠡᠷ ᠦᠨ ᠣᠯᠠᠩᠬᠢ ᠨᠢ ᠡᠵᠡᠭᠦᠢ ᠵᠡᠯᠢᠭᠦᠳ ᠠᠭᠤᠯᠠᠷᠬᠠᠭ
ᠣᠷᠣᠨ ᠂ ᠡᠯᠡᠰᠦᠨ ᠴᠦᠯ ᠪᠠ ᠭᠣᠪᠢᠶ᠋ᠢᠨ ᠥᠷᠥᠴᠡᠨᠳ᠋ᠦ᠍ ᠣᠷᠣᠱᠢᠵᠤ ᠪᠠᠢᠳᠠᠭᠪᠤᠯᠬᠤᠷ ᠲᠡᠦᠬᠡᠶ᠋ᠢᠨ ᠳᠤᠷᠠᠰᠭᠠᠯᠲᠤ
ᠵᠦᠢᠯ ᠢ ᠪᠦᠲᠦᠮᠵᠢᠳᠡᠢ ᠬᠠᠮᠠᠭᠠᠯᠠᠬᠤ ᠠᠵᠢᠯᠳ᠋ᠤ᠌ ᠬᠦᠴᠢᠷᠳᠡᠯ ᠲᠤᠯᠭᠠᠷᠠᠵᠤ ᠪᠠᠢᠯ᠎ᠠ᠃
ᠢᠯᠠᠩᠭᠤᠶ᠎ᠠ ᠂ ᠣᠢᠷᠠᠶ᠋ᠢᠨ ᠵᠢᠯᠡᠴᠡ ᠨᠠᠭᠠᠱᠢ ᠲᠡᠦᠬᠡᠶ᠋ᠢᠨ ᠳᠤᠷᠠᠰᠭᠠᠯᠲᠤ
ᠵᠦᠢᠯ ᠢ᠋ ᠬᠠᠮᠠᠭᠠᠯᠠᠬᠤ ᠠᠵᠢᠯ ᠢ᠋ ᠨᠠᠷᠢᠯᠢᠭᠵᠢᠭᠤᠯᠬᠤ ᠵᠢᠴᠢ ᠲᠡᠦᠬᠡᠶ᠋ᠢᠨ ᠳᠤᠷᠠᠰᠭᠠᠯᠲᠤ ᠵᠦᠢᠯ ᠢ ᠲᠠᠰᠤᠷᠠᠯᠲᠠ
ᠥᠬᠡᠢ ᠰᠢᠨ᠎ᠡ ᠪᠡᠷ ᠢᠯᠡᠷᠡᠭᠦᠯᠬᠦᠶ᠋ᠢ ᠳᠠᠭᠠᠯᠳᠤᠨ ᠂ ᠲᠡᠦᠬᠡᠶ᠋ᠢᠨ ᠳᠤᠷᠠᠰᠭᠠᠯᠲᠤ ᠵᠦᠢᠯ ᠦᠨ ᠴᠡᠭ ᠢ᠋
ᠲᠣᠭᠣᠷᠢᠨ ᠪᠠᠢᠴᠠᠭᠠᠬᠤ ᠠᠵᠢᠯ ᠤ᠋ᠨ ᠭᠡᠮᠵᠢᠶ᠎ᠡ ᠶᠡᠬᠡ
ᠪᠡᠷ ᠨᠡᠮᠡᠭᠳᠡᠵᠦ ᠂ ᠲᠡᠦᠬᠡᠶ᠋ᠢᠨ ᠳᠤᠷᠠᠰᠭᠠᠯᠲᠤ ᠵᠦᠢᠯ ᠢ᠋ ᠬᠠᠮᠠᠭᠠᠯᠠᠬᠤ ᠠᠵᠢᠯ ᠤ᠋ᠨ ᠱᠠᠭᠠᠷᠳᠠᠯᠭ᠎ᠠ ᠪᠣᠯᠤᠨ ᠬᠥᠮᠦᠨ ᠦ᠌ ᠬᠦᠴᠦ ᠂ ᠡᠳ᠋ ᠤ᠋ᠨ ᠬᠦᠴᠦ ᠂ ᠪᠣᠳᠠᠰ ᠦᠨ ᠬᠦᠴᠦ ᠬᠦᠨᠳᠦ ᠨᠣᠴᠢᠲᠠᠢ ᠬᠦᠷᠦᠯᠴᠡᠬᠦ ᠦᠭᠡᠢ ᠪᠠᠢᠬᠤ ᠵᠥᠷᠢᠴᠡᠯ
ᠡᠳᠦᠷ ᠢᠷᠡᠬᠦᠶ᠎ᠡ ᠳᠣᠪᠣᠢᠮ᠎ᠠ ᠪᠣᠯᠵᠠᠢ᠃ ᠡᠢᠮᠦᠷᠬᠦᠤ ᠣᠨᠴᠠᠭᠠᠢ ᠣᠷᠴᠢᠨ ᠠᠬᠤᠢᠶ᠋ᠢᠨ ᠨᠥᠬᠥᠴᠡᠯ ᠳᠣᠣᠷ᠎ᠠ ᠂
ᠥᠷᠭᠡᠨ ᠣᠯᠠᠨ ᠮᠠᠯᠴᠢᠨ ᠲᠦᠮᠡᠨ ᠦ᠌ ᠬᠦᠴᠦᠨ ᠢ᠋ ᠳᠠᠢᠴᠢᠯᠠᠭᠰᠠᠨ ᠠᠯᠠᠱᠠ ᠵᠠᠭᠦᠨ ᠬᠤᠰᠢᠭᠤᠨᠦ ᠳᠡᠮᠡᠭᠡᠨ
ᠨᠢᠷᠤᠭᠤᠨ ᠳᠡᠭᠡᠷᠡᠬᠢ ᠳᠡᠦᠭᠡ ᠵᠢᠨ ᠳᠤᠷᠠᠰᠬᠠᠯᠳᠤ ᠵᠦᠢᠯᠡᠰ ᠢ ᠬᠠᠮᠠᠭᠠᠯᠠᠬᠤ ᠠᠩᠬᠢ ᠮᠡᠨᠳᠤᠯᠡᠵᠤ ᠪᠢᠯᠡ᠃
ᠳᠤᠮᠤᠭ ᠡᠴᠡ ᠡᠷᠢᠭᠳᠡᠭᠰᠡᠨ ᠡᠪᠡᠷ ᠳᠠᠢ ᠳᠡᠮᠡᠭᠡ
ᠡᠷᠳᠡ ᠤᠷᠢᠳᠤ ᠵᠢᠨ ᠴᠠᠭ ᠲᠦ᠍ ᠳᠡᠮᠡᠭᠡ ᠤᠳᠤ ᠵᠢᠨ ᠪᠤᠭᠤ ᠰᠢᠬ ᠠᠷᠪᠠᠨ
ᠬᠤᠶᠠᠷ ᠰᠠᠯᠠᠭ᠎ᠠ ᠳᠠᠢ ᠠᠷᠪᠠᠭᠠᠷ ᠰᠠᠷᠪᠠᠭᠠᠷ ᠡᠪᠡᠷ ᠳᠠᠢ ᠪᠠᠢᠵᠠᠢ ᠭᠡᠨ᠎ᠡ ᠃ ᠬᠠᠷᠢᠨ ᠪᠤᠭᠤ ᠡᠪᠡᠷ ᠦᠭᠡᠢ
ᠮᠤᠬᠤᠷ ᠪᠠᠢᠭᠰᠠᠨ ᠶᠤᠮᠰᠠᠨᠵᠠᠢ ᠃ ᠳᠡᠮᠡᠭᠡ ᠰᠦᠷᠯᠢᠭ ᠰᠠᠢᠬᠠᠨ ᠡᠪᠡᠷ ᠲᠡᠭᠡᠨ ᠡᠷᠳᠦᠵᠤ ᠪᠡᠶ᠎ᠡ ᠪᠠᠨ ᠭᠠᠢᠬᠠᠭᠤᠯᠤᠨ
ᠬᠦᠭᠡᠷᠳᠡᠭ᠃ ᠳᠡᠮᠡᠭᠡ ᠨᠢᠭᠡᠨ ᠡᠳᠦᠷ ᠤᠰᠤ ᠤᠤᠭᠤᠬᠤ ᠪᠡᠷ ᠨᠠᠭᠤᠷ ᠦᠨ ᠬᠦᠪᠡᠭᠡᠨ ᠳ᠋ᠤ ᠢᠷᠡᠭᠡᠳ ᠤᠰᠤᠨ ᠳ᠋ᠤ
ᠳᠤᠰᠤᠭᠰᠠᠨ ᠰᠡᠭᠦᠳᠡᠷ ᠵᠢᠡᠨ ᠬᠠᠷᠠᠵᠤ ᠰᠦᠷ ᠵᠢᠪᠬᠤᠯᠠᠩ ᠵᠢᠡᠨ ᠶᠡᠭᠡ ᠯᠡ ᠪᠠᠬᠠᠳᠤᠨ ᠵᠤᠭᠰᠤᠵᠤ ᠪᠠᠢᠳᠠᠯ᠎ᠠ᠂
ᠤᠢ ᠳᠤᠳᠤᠷ᠎ᠠ ᠡᠴᠡ ᠪᠤᠭᠤ ᠭᠠᠷᠴᠦ ᠢᠷᠡᠭᠡᠳ᠄《ᠡᠨᠡ ᠦᠳᠡᠰᠢ
ᠪᠢ ᠤᠢ ᠵᠢᠨ ᠠᠮᠢᠳᠠᠨ ᠦ ᠴᠤᠭᠯᠠᠭᠠᠨ ᠳ᠋ᠤ ᠤᠷᠢᠭᠳᠠᠭᠰᠠᠨ ᠶᠤᠮ᠃ ᠭᠡᠳᠡᠯ᠎ᠡ ᠡᠢᠮᠦ ᠮᠠᠭᠤᠬᠠᠢ ᠮᠤᠬᠤᠷ ᠳᠤᠯᠤᠭᠠᠢ
ᠪᠡᠷ ᠶᠠᠭᠠᠬᠢᠵᠤ ᠤᠴᠢᠬᠤ ᠪᠢᠯᠡ ? ᠶᠠᠳᠠᠵᠤ ᠨᠢᠭᠡ
ᠴᠠᠭ ᠴᠦ᠍ ᠪᠤᠯᠪᠠ᠂ ᠳᠠᠨ ᠦ ᠬᠢ ᠰᠢᠬ ᠡᠢᠮᠦ ᠰᠠᠢᠬᠠᠨ ᠡᠪᠡᠷ ᠳᠠᠢ ᠪᠤᠯᠤᠭᠠᠳ ᠤᠴᠢᠬᠤ ᠶᠤᠮᠰᠠᠨ᠃ ᠳᠡᠮᠡᠭᠡ ᠲᠠ
ᠡᠪᠡᠷ ᠵᠢᠡᠨ ᠨᠠᠳᠠ ᠳ᠋ᠤ ᠲᠦᠷ ᠵᠢᠭᠡᠯᠡᠵᠤ ᠦᠭᠭᠦ ᠪᠤᠯᠪᠠᠤ ᠤᠤ ? ᠮᠠᠷᠭᠠᠰᠢ ᠳᠠᠨ
ᠢ ᠤᠰᠤ ᠤᠤᠭᠤᠬᠤ ᠪᠡᠷ ᠢᠷᠡᠭᠦ ᠪᠡᠷ ᠡᠪᠡᠷ ᠢ ᠴᠢᠨᠢ ᠪᠤᠴᠠᠭᠠᠵᠤ ᠦᠭᠭᠦᠶ᠎ᠡ》ᠭᠡᠵᠡᠢ ᠃
ᠳᠡᠭᠦᠨ ᠡᠴᠡ ᠬᠤᠢᠰᠢ ᠡᠳᠦᠷ ᠬᠤᠨᠤᠭ ᠦᠩᠬᠡᠷᠡᠭᠰᠡᠭᠡᠷ ᠤᠨ ᠤᠳᠠᠭᠰᠠᠨ
ᠪᠤᠯᠪᠠᠴᠦ ᠬᠦᠭᠡᠷᠦᠭᠦᠢ ᠳᠡᠮᠡᠭᠡ ᠡᠪᠡᠷ ᠵᠢᠡᠨ ᠠᠪᠴᠦ ᠴᠢᠳᠠᠭ᠎ᠠ ᠦᠭᠡᠢ ᠶᠠᠪᠤᠵᠠᠢ᠃ ᠳᠡᠷᠡ ᠴᠠᠭ ᠡᠴᠡ ᠬᠤᠢᠰᠢ
ᠤᠳᠤ ᠪᠤᠯᠳᠠᠯ᠎ᠠ ᠳᠡᠮᠡᠭᠡ ᠤᠰᠤ ᠤᠤᠭᠤᠬᠤ ᠪᠦᠷᠢ ᠳ᠋ᠡᠭᠡᠨ ᠤᠰᠤᠨ ᠳᠤᠳᠤᠷ᠎ᠠ ᠡᠴᠡ ᠡᠪᠡᠷ ᠦᠭᠡᠢ ᠮᠤᠬᠤᠷ ᠪᠤᠯᠤᠭᠰᠠᠨ
ᠰᠡᠭᠦᠳᠡᠷ ᠵᠢᠡᠨ ᠤᠯᠵᠤ ᠬᠠᠷᠠᠭᠠᠳ ᠳᠤᠷ᠎ᠠ ᠭᠤᠳᠤᠵᠤ ᠳᠤᠯᠤᠭᠠᠢ ᠪᠠᠨ ᠰᠡᠭᠰᠤᠷᠳᠡᠭ ᠪᠤᠯᠤᠭᠰᠠᠨ ᠬᠡᠭᠦ ᠪᠠ ᠤᠰᠤ
ᠬᠡᠳᠤ ᠤᠭᠤᠴᠢᠭᠠᠳ ᠤᠰᠤᠨ ᠳᠡᠭᠡᠷ᠎ᠡ ᠢᠷᠡᠵᠤ ᠡᠪᠡᠷ ᠢ ᠨᠢ ᠪᠤᠴᠠᠭᠠᠵᠤ ᠦᠭᠭᠦᠨ᠎ᠡ ᠭᠡᠰᠡᠨ ᠪᠤᠭᠤ ᠵᠢᠨ ᠪᠤᠯᠵᠤᠭ᠎ᠠ
ᠵᠢ ᠰᠠᠨᠠᠵᠤ ᠠᠭᠤᠯᠠ ᠵᠢᠨ ᠤᠷᠤᠢ ᠵᠢ ᠪᠠᠢᠨ ᠪᠠᠢᠨ ᠦᠯᠢᠢᠨ ᠬᠠᠷᠠᠵᠤ ᠵᠤᠭᠰᠤᠳᠠᠭ ᠪᠤᠯᠤᠭᠰᠠᠨ ᠭᠡᠨ᠎ᠡ᠃
ᠳᠡᠮᠡᠭᠡᠳᠤ ᠨᠤᠳᠤᠭ ᠲᠦ᠍ ᠲᠦᠷᠦᠵᠤ ᠦᠰᠦᠭᠰᠡᠨ ᠳᠡᠮᠦᠷᠰᠠᠨᠠᠭᠠ ᠡᠨᠡ
ᠬᠦ᠌ ᠡᠪᠡᠷ ᠳᠠᠢ ᠳᠡᠮᠡᠭᠡ ᠵᠢᠨ ᠳᠤᠬᠠᠢ ᠳᠤᠮᠤᠭ ᠢ ᠬᠠᠷ᠎ᠠ ᠪᠠᠭ᠎ᠠ ᠡᠴᠡ ᠪᠠᠨ ᠰᠤᠨᠤᠰᠤᠭᠠᠳ ᠢᠷᠡᠭᠰᠡᠨ ᠤᠴᠢᠷ《ᠡᠪᠡᠷ ᠳᠠᠢ ᠳᠡᠮᠡᠭᠡ ᠵᠢᠨ ᠬᠠᠳᠠᠨ ᠵᠢᠷᠤᠭ ᠢ ᠵᠠᠪᠠᠯ ᠤᠯᠬᠤ》 ᠪᠡᠷ ᠵᠤᠷᠢᠭ
ᠰᠢᠭᠤᠳᠴᠠᠢ᠃
ᠳᠡᠮᠤᠷᠰᠠᠨᠠᠭᠠ ᠵᠢᠨ ᠤᠨᠠᠭᠰᠠᠨ ᠨᠤᠳᠤᠭ ᠪᠤᠯ ᠮᠠᠨᠳᠤᠯ ᠠᠭᠤᠯᠠ ᠡᠴᠡ
ᠡᠮᠦᠨᠡᠰᠢᠬᠢ ᠠᠯᠠᠱᠠ ᠪᠠᠷᠠᠭᠤᠨ ᠬᠤᠰᠢᠭᠤ ᠪᠠ ᠠᠯᠠᠱᠠ ᠵᠡᠭᠦᠨ ᠬᠤᠰᠢᠭᠤᠨᠦ ᠵᠠᠭᠠᠭ ᠨᠠᠢᠯᠠᠵᠤ ᠪᠠᠢᠭ᠎ᠠ ᠭᠠᠵᠠᠷ ᠲᠦ᠍ ᠪᠠᠢᠷᠢᠯᠠᠵᠤ ᠪᠠᠢᠭᠰᠠᠨ ᠪᠤᠯᠬᠤᠷ
ᠪᠠᠭ᠎ᠠ ᠡᠴᠡ ᠪᠠᠨ ᠬᠠᠳᠠᠨ ᠵᠢᠷᠤᠭ ᠲᠦ᠍ ᠬᠦᠨ ᠬᠠᠢᠷ᠎ᠠ ᠰᠡᠳᠬᠢᠯᠭᠡ ᠳᠠᠢ ᠪᠠᠢᠵᠤ ᠂ 《ᠬᠤᠸᠠᠷ ᠳᠠᠢ ᠵᠢᠷᠤᠭᠠᠰᠤ ᠳᠠᠢ ᠬᠠᠳᠠᠨ ᠵᠢᠷᠤᠭ ᠢ ᠡᠪᠳᠡᠵᠤ ᠪᠤᠯᠬᠤ ᠦᠭᠡᠢ》 ᠭᠡᠰᠡᠨ ᠬᠠᠳᠠᠨ
ᠵᠢᠷᠤᠭ ᠢ ᠬᠠᠮᠠᠭᠠᠯᠠᠬᠤ ᠳᠤᠬᠠᠢ ᠡᠪᠤᠭᠡᠳ ᠦᠨ ᠰᠤᠷᠭᠠᠯ ᠨᠢ ᠳᠡᠭᠦᠨᠦ ᠤᠢ ᠤᠬᠠᠭᠠᠨ ᠳ᠋ᠦ᠍ ᠬᠦᠨ᠎ᠡ ᠬᠠᠳᠠᠩᠰᠢᠵᠠᠢ᠃

ᠳᠡᠮᠦᠷᠰᠠᠨᠠᠭᠠ 1989 ᠤᠨ ᠳ᠋ᠤ ᠦᠪᠦᠷ ᠮᠤᠩᠭᠤᠯ ᠦᠨ ᠶᠡᠭᠡ ᠰᠤᠷᠭᠠᠭᠤᠯᠢ ᠪᠠᠨ ᠳᠡᠭᠦᠰᠦᠭᠰᠡᠨᠦ ᠳᠠᠷᠠᠭ᠎ᠠ ᠠᠯᠠᠱᠠ
ᠵᠡᠭᠦᠨ ᠬᠤᠰᠢᠭᠤᠨᠦ ᠦᠯᠵᠡᠢ ᠰᠤᠮᠤᠨ ᠳ᠋ᠤ ᠰᠤᠶᠤᠯ ᠦᠨ ᠠᠵᠢᠯᠳᠠᠨ ᠵᠢᠡᠷ ᠠᠵᠢᠯᠯᠠᠪᠠ᠃ ᠳᠡᠭᠦᠨᠦ ᠠᠵᠢᠯᠯᠠᠵᠤ
ᠪᠠᠢᠭ᠎ᠠ ᠠᠯᠠᠱᠠ ᠵᠡᠭᠦᠨ ᠬᠤᠰᠢᠭᠤᠨᠦ ᠦᠯᠵᠡᠢ ᠰᠤᠮᠤ ᠭᠡᠵᠤ ᠬᠢᠯᠢ ᠵᠢᠨ ᠰᠤᠮᠤ ᠪᠠᠢᠵᠤ ᠂ ᠬᠤᠢᠳᠤ ᠵᠠᠬ᠎ᠠ ᠪᠡᠷ
ᠵᠢᠡᠨ ᠮᠤᠩᠭᠤᠯ ᠤᠯᠤᠰ ᠳᠠᠢ ᠬᠦᠷᠰᠢᠯᠡᠨ ᠂ ᠵᠡᠭᠦᠨ ᠵᠠᠬ᠎ᠠ ᠪᠡᠷ ᠵᠢᠡᠨ ᠪᠠᠶᠠᠠᠨᠠᠭᠤᠷ ᠳᠠᠢ ᠵᠠᠬ᠎ᠠ ᠨᠡᠢᠯᠡᠵᠤ
ᠪᠤᠢ᠃ ᠳᠠᠮᠤᠷᠰᠠᠨᠠᠭᠠ ᠳᠤᠮᠤᠭ ᠲᠦ᠍ ᠭᠠᠷᠳᠠᠭ ᠡᠪᠡᠷ ᠳᠡᠢ ᠳᠡᠮᠡᠭᠡ ᠵᠢᠨ ᠬᠠᠳᠠᠨ ᠵᠢᠷᠤᠭ ᠢ ᠤᠯᠬᠤ ᠪᠡᠷ ᠠᠷᠪᠠᠭᠠᠳ
ᠵᠢᠯ ᠦᠨ ᠴᠠᠭ ᠵᠠᠷᠤᠴᠠᠭᠤᠯᠤᠨ ᠠᠯᠠᠱᠠ ᠪᠠᠶᠠᠨᠨᠠᠭᠤᠷ ᠦᠨ ᠬᠠᠳᠠᠨ ᠵᠢᠷᠤᠭ ᠢ ᠬᠠᠢᠨ ᠳᠠᠭᠤᠰᠴᠦ ᠂ ᠡᠴᠤᠰ
ᠳᠡᠭᠡᠨ ᠦᠯᠵᠡᠢ ᠰᠤᠮᠤ ᠵᠢᠨ ᠠᠷᠤ ᠪᠡᠷ ᠪᠠᠢᠭ᠎ᠠ ᠮᠤᠩᠭᠤᠯ ᠤᠯᠤᠰ ᠳᠠᠢ ᠵᠠᠭᠠᠭᠯᠠᠵᠤ ᠪᠦᠬᠦᠢ ᠵᠡᠭᠦᠨᠰᠢ ᠪᠠᠷᠠᠭᠤᠨᠰᠢ
400 ᠭᠠᠷᠤᠢ ᠺᠢᠯᠦᠮᠧᠲᠷ ᠰᠤᠨᠳᠠᠯᠠᠵᠤ ᠪᠠᠢᠭ᠎ᠠ ᠬᠦᠨᠳᠤᠴᠠ ᠴᠠᠭᠠᠨ ᠠᠭᠤᠯᠠ
ᠵᠢᠨ ᠰᠢᠰᠲᠧᠮ ᠡᠴᠡ ᠤᠯᠤᠭᠰᠠᠨ ᠭᠡᠳᠡᠭ ᠪᠢᠯᠡ᠃
ᠳᠡᠮᠡᠭᠡᠨ ᠨᠢᠷᠤᠭᠤᠨ ᠳᠡᠭᠡᠷᠡᠬᠢ ᠳᠡᠦᠭᠡ ᠵᠢᠨ ᠳᠤᠷᠠᠰᠬᠠᠯᠳᠤ ᠵᠦᠢᠯᠡᠰ
ᠢ ᠬᠠᠮᠠᠭᠠᠯᠠᠬᠤ ᠠᠩᠬᠢ
ᠠᠯᠠᠱᠠ ᠵᠠᠭᠦᠨ ᠬᠤᠰᠢᠭᠤᠨᠦ ᠳᠡᠮᠡᠭᠡᠨ ᠨᠢᠷᠤᠭᠤᠨ ᠳᠡᠭᠡᠷᠡᠬᠢ ᠳᠡᠦᠭᠡ
ᠵᠢᠨ ᠳᠤᠷᠠᠰᠬᠠᠯᠳᠤ ᠵᠦᠢᠯ ᠢ ᠬᠠᠮᠠᠭᠠᠯᠠᠬᠤ ᠠᠩᠬᠢ ᠵᠢᠨ ᠳᠤᠬᠠᠢ ᠶᠠᠷᠢᠪᠠᠯ ᠂ ᠳᠡᠮᠤᠷᠰᠠᠨᠠᠭᠠ ᠵᠢ ᠳᠤᠷᠠᠳᠬᠤ
ᠶᠤᠰᠤᠳᠠᠢ᠃
ᠡᠪᠡᠷ ᠳᠠᠢ ᠳᠡᠮᠡᠭᠡ ᠵᠢᠨ ᠬᠠᠳᠠᠨ ᠵᠢᠷᠤᠭ ᠢ ᠤᠯᠵᠦ ᠠᠪᠤᠭᠰᠠᠨ ᠨᠢ
ᠳᠡᠮᠤᠷᠰᠠᠨᠠᠭᠠ ᠳ᠋ᠦ ᠳᠡᠦᠭᠡ ᠵᠢᠨ ᠳᠤᠷᠠᠰᠬᠠᠯᠳᠤ ᠵᠦᠢᠯ ᠦᠨ ᠦᠨ᠎ᠡ ᠴᠡᠨ᠎ᠡ ᠳ᠋ᠤ ᠨᠡᠩ ᠬᠦᠨᠵᠡᠭᠡᠢ ᠤᠢᠯᠠᠭᠠᠯᠳᠠ
ᠳᠠᠢ ᠪᠤᠯᠵᠤ ᠂ ᠡᠪᠦᠭᠡ ᠳᠡᠭᠡᠳᠤᠰ ᠡᠴᠡ ᠦᠯᠡᠳᠡᠭᠡᠨ ᠦᠭᠭᠦᠭᠰᠡᠨ ᠡᠷᠳᠡᠨᠦ ᠦᠯᠡᠳᠡᠭᠳᠡᠯ ᠰᠤᠶᠤᠯ ᠵᠢᠡᠨ ᠠᠭᠤᠳᠠᠯᠵᠤ
ᠬᠠᠮᠠᠭᠠᠯᠠᠬᠤ ᠵᠢ ᠵᠤᠷᠢᠯ᠎ᠠ᠃
ᠳᠡᠭᠡᠷ᠎ᠡ ᠵᠠᠭᠤᠨᠦ ᠰᠡᠭᠦᠯᠴᠢ ᠪᠡᠷ ᠤᠯᠠᠨ ᠡᠷᠳᠡᠮᠳᠡᠨ ᠦᠯᠵᠡᠢ ᠰᠤᠮᠤᠨ
ᠳ᠋ᠤ ᠬᠦᠷᠴᠦ ᠪᠠᠢᠴᠠᠭᠠᠨ ᠰᠤᠳᠤᠯᠤᠯᠳᠠ ᠬᠢᠭᠦ ᠪᠡᠷ ᠳᠠᠮᠵᠢᠨ ᠂ ᠡᠪᠡᠷ ᠲᠠᠢ ᠲᠡᠮᠡᠭᠡ ᠤᠯᠳᠠᠭᠰᠨᠨ ᠭᠠᠵᠠᠷ ᠨᠢ
ᠴᠢᠯᠠᠭᠤᠨ ᠵᠡᠪᠰᠡᠭ ᠦᠨ ᠦᠶ᠎ᠡ ᠵᠢᠨ ᠴᠢᠯᠠᠭᠤᠨ ᠵᠡᠪᠰᠡᠭ ᠦᠨ ᠦᠢᠯᠡᠳᠪᠦᠷᠢᠯᠡᠯ ᠦᠨ ᠰᠠᠭᠤᠷᠢᠨ ᠪᠠᠢᠭᠰᠠᠨ
ᠢ ᠨᠤᠳᠠᠯᠠᠵᠤ ᠂ 《ᠰᠠᠢᠳᠤᠷ ᠬᠠᠮᠠᠭᠠᠯᠠ》 ᠭᠡᠵᠤ ᠶᠠᠷᠢᠵᠤ
ᠪᠠᠢᠭᠰᠠᠨ ᠨᠢ ᠳᠡᠭᠦᠨᠦ ᠰᠡᠳᠬᠢᠯ ᠦᠨ ᠴᠢᠪᠬᠠᠳᠠᠰᠤ ᠵᠢ ᠬᠦᠨᠳᠡᠵᠤ ᠂ ᠳᠡᠦᠭᠡ ᠵᠢᠨ ᠳᠤᠷᠠᠰᠬᠠᠯᠳᠤ ᠵᠦᠢᠯ ᠢ
ᠬᠠᠮᠠᠭᠠᠯᠠᠬᠤ ᠪᠡᠷ ᠵᠤᠷᠢᠭ ᠰᠢᠭᠤᠳᠪᠠ᠃ ᠬᠤᠵᠢᠮ ᠨᠢ ᠪᠦᠬᠦ ᠤᠯᠤᠰ ᠦᠨ ᠳᠡᠦᠭᠡᠨ ᠳᠤᠷᠠᠰᠬᠠᠯᠳᠤ ᠵᠦᠢᠯ ᠦᠨ
ᠨᠡᠢᠳᠡᠮ ᠪᠠᠢᠴᠠᠭᠠᠯᠳᠠ ᠳ᠋ᠤ ᠤᠷᠤᠯᠴᠠᠬᠤ ᠪᠡᠷ ᠳᠠᠮᠵᠢᠨ ᠬᠠᠭᠤᠴᠢ ᠰᠤᠳᠤᠯᠤᠯ ᠦᠨ ᠳᠤᠬᠠᠢ ᠤᠯᠠᠨ ᠳᠠᠯ᠎ᠠ ᠵᠢᠨ
ᠮᠡᠳᠡᠯᠭᠡ ᠵᠢ ᠡᠵᠡᠮᠰᠢᠵᠦ ᠂ ᠪᠤᠳᠠᠰ ᠦᠨ ᠰᠤᠶᠤᠯ ᠦᠨ ᠦᠪ ᠢ ᠢᠯᠭᠠᠨ ᠳᠠᠨᠢᠬᠤ ᠴᠢᠳᠠᠪᠤᠷᠢ ᠳᠠᠢ ᠪᠤᠯᠤᠭᠰᠠᠨ
ᠡᠴᠡ ᠳᠡᠭᠦᠨᠦ ᠳᠡᠦᠭᠡᠨ ᠳᠤᠷᠠᠰᠬᠠᠯᠳᠤ ᠵᠦᠢᠯ ᠵᠢᠡᠨ ᠬᠠᠮᠠᠭᠠᠯᠠᠬᠤ ᠵᠤᠷᠢᠭ ᠨᠢ ᠴᠦ᠍ ᠶᠡᠭᠡᠳᠡ ᠬᠦᠪᠴᠢᠯᠡᠭᠳᠡᠵᠡᠢ᠃
ᠤᠳᠠᠭᠠᠨ ᠵᠢᠯ ᠦᠨ ᠠᠵᠢᠯ ᠦᠨ ᠳᠤᠷᠰᠢᠯᠭ᠎ᠠ ᠳᠠᠢ ᠪᠤᠯᠵᠤ ᠂ ᠤᠨᠤᠯ
ᠦᠢᠯᠡᠳᠦᠯᠭᠡ ᠵᠢᠨ ᠰᠠᠭᠤᠷᠢ ᠳᠠᠢ ᠪᠤᠯᠤᠭᠰᠠᠨ ᠳᠡᠮᠦᠷᠰᠠᠨᠠᠭᠠ 2013 ᠤᠨ ᠳ᠋ᠦ᠍ ᠦᠯᠵᠡᠢ ᠰᠤᠮᠤ ᠢᠩᠭᠡᠨ ᠰᠤᠮᠤ ᠵᠢᠨ 6 ᠭᠠᠴᠠᠭ᠎ᠠ ᠵᠢᠨ 8 ᠮᠠᠯᠴᠢᠨ ᠵᠢᠡᠷ ᠭᠤᠤᠯ
ᠪᠤᠯᠭᠠᠭᠰᠠᠨ ᠦᠯᠵᠡᠢ ᠢᠩᠭᠡᠨ ᠰᠤᠮᠤ ᠵᠢᠨ ᠰᠠᠢᠨ ᠳᠤᠷ᠎ᠠ ᠵᠢᠨ ᠳᠡᠦᠭᠡ ᠵᠢᠨ ᠳᠤᠷᠠᠰᠬᠠᠯᠳᠤ ᠵᠦᠢᠯ ᠢ ᠬᠠᠮᠠᠭᠠᠯᠠᠬᠤ
ᠠᠩᠬᠢ ᠵᠢ ᠵᠤᠬᠢᠶᠠᠨ ᠪᠠᠢᠭᠤᠯᠵᠤ ᠂ 15000 ᠲᠡᠭᠰᠢ ᠲᠦᠷᠪᠡᠯᠵᠢᠨ
ᠺᠢᠯᠤᠮᠧᠲᠷᠨᠤᠳᠤᠭ ᠳᠡᠪᠢᠰᠭᠡᠷ ᠳᠡᠭᠡᠷᠡᠬᠢ ᠳᠡᠮᠳᠡᠭᠯᠡᠯ ᠳ᠋ᠦ᠍ ᠤᠷᠤᠭᠰᠠᠨ ᠳᠡᠦᠭᠡᠨ ᠳᠤᠷᠠᠰᠬᠠᠯᠳᠤ ᠵᠦᠢᠯ ᠢ
ᠬᠠᠮᠠᠭᠠᠯᠠᠬᠤ ᠡᠴᠡ ᠭᠠᠳᠠᠨ᠎ᠠ ᠂ ᠬᠠᠳᠠᠨ ᠵᠢᠷᠤᠭ ᠂ ᠴᠤᠨᠵᠢ ᠵᠢ ᠰᠢᠨ᠎ᠡ ᠪᠡᠷ ᠢᠯᠡᠷᠡᠭᠦᠯᠬᠦ ᠵᠤᠷᠢᠯᠳᠠ ᠪᠡᠷ
ᠠᠵᠢᠯ ᠵᠢᠡᠨ ᠦᠷᠨᠢᠭᠦᠯᠵᠠᠢ᠃ ᠤᠳᠠᠯ ᠦᠭᠡᠢ ᠂ ᠮᠠᠯᠴᠢᠳ ᠵᠢᠡᠷ ᠭᠤᠤᠯ ᠪᠤᠯᠭᠠᠭᠰᠠᠨ ᠦᠯᠵᠡᠢ ᠢᠩᠭᠡᠨ ᠰᠤᠮᠤ ᠵᠢᠨ
ᠰᠠᠢᠨ ᠳᠤᠷ᠎ᠠ ᠵᠢᠨ ᠳᠡᠦᠭᠡ ᠵᠢᠨ ᠳᠤᠷᠠᠰᠬᠠᠯᠳᠤ ᠵᠦᠢᠯ ᠢ ᠬᠠᠮᠠᠭᠠᠯᠠᠬᠤ ᠠᠩᠬᠢ ᠨᠢ ᠬᠤᠰᠢᠭᠤ ᠨᠤᠳᠤᠭ ᠦᠨ
ᠵᠢᠡᠨ ᠰᠤᠶᠤᠯ ᠦᠨ ᠠᠵᠢᠯ ᠦᠨ ᠡᠩᠨᠡᠭᠡᠨᠦ ᠬᠢᠯᠡᠰ ᠴᠡᠭ ᠪᠤᠯᠤᠭᠰᠠᠨ ᠪᠠᠢᠯ᠎ᠠ᠃
ᠪᠦᠬᠦ ᠬᠤᠰᠢᠭᠤᠨᠦ ᠳᠡᠦᠭᠡ ᠵᠢᠨ ᠳᠤᠷᠠᠰᠬᠠᠯᠳᠤ ᠵᠦᠢᠯ ᠦᠨ ᠠᠵᠢᠯ
ᠦᠨ ᠨᠠᠷᠢᠯᠢᠭᠵᠢᠭᠤᠯᠤᠯᠳᠠ ᠪᠤᠯᠤᠨ ᠡᠷᠳᠡᠨᠦ ᠪᠠᠭᠤᠷᠢ ᠦᠯᠡᠳᠡᠭᠳᠡᠯ ᠢ ᠳᠠᠰᠤᠷᠠᠯᠳᠠ ᠦᠭᠡᠢ ᠢᠯᠡᠷᠡᠭᠦᠯᠬᠦ
ᠵᠢ ᠳᠠᠭᠠᠯᠳᠤᠨ ᠴᠠᠭᠳᠠᠨ ᠪᠠᠢᠴᠠᠭᠠᠬᠤ ᠠᠵᠢᠯ ᠦᠨ ᠡᠭᠦᠷᠭᠡ ᠬᠦᠨᠳᠦᠷᠡᠵᠤ ᠂ ᠬᠦᠮᠦᠨᠦ ᠬᠦᠴᠦᠨ ᠢᠯᠡᠳᠳᠡ ᠬᠦᠷᠦᠯᠴᠡᠭᠦ
ᠦᠭᠡᠢ ᠪᠤᠯᠤᠭᠰᠠᠨ ᠪᠠᠢᠳᠠᠯ ᠳᠤᠤᠷ᠎ᠠ ᠂ 2015 ᠤᠨᠦ 9 ᠰᠠᠷ᠎ᠠ ᠳ᠋ᠤ ᠂ ᠤᠯᠤᠰ ᠤᠷᠤᠨ ᠠᠢᠮᠠᠭ ᠬᠤᠰᠢᠭᠤᠨᠦ ᠬᠠᠮᠢᠶ᠎ᠠ ᠪᠦᠬᠦᠢ
ᠰᠠᠯᠠᠭ᠎ᠠ ᠮᠦᠴᠢᠷ ᠦᠨ ᠬᠦᠴᠦᠳᠠᠢ ᠳᠡᠮᠵᠢᠯᠭᠡ ᠪᠡᠷ ᠂ ᠮᠠᠯᠴᠢᠨ ᠳᠠᠷᠢᠶᠠᠴᠢᠨ ᠵᠢᠡᠷ ᠪᠦᠷᠢᠯᠳᠦᠭᠰᠡᠨ ᠦᠨᠳᠦᠰᠤᠨ
ᠱᠠᠳᠤᠨᠦ ᠳᠡᠦᠭᠡ ᠵᠢᠨ ᠳᠤᠷᠠᠰᠬᠠᠯᠳᠤ ᠵᠦᠢᠯ ᠢ ᠬᠠᠮᠠᠭᠠᠯᠠᠬᠤ ᠠᠯᠠᠱᠠ ᠵᠡᠭᠦᠨ ᠬᠤᠰᠢᠭᠤᠨᠦ ᠳᠡᠮᠡᠭᠡᠨ ᠨᠢᠷᠤᠭᠤᠨ
ᠳᠡᠭᠡᠷᠡᠬᠢ (ᠤᠷᠳᠤ ᠴᠠᠭᠠᠨ ᠬᠡᠷᠡᠮ ᠦᠨ) ᠳᠡᠦᠭᠡ ᠵᠢᠨ
ᠳᠤᠷᠠᠰᠬᠠᠯᠳᠤ ᠵᠦᠢᠯ ᠢ ᠬᠠᠮᠠᠭᠠᠯᠠᠬᠤ ᠠᠩᠬᠢ ᠪᠠᠢᠭᠤᠯᠤᠭᠳᠠᠪᠠ᠃ ᠡᠨᠡ ᠨᠢ 8 ᠰᠤᠮᠤ ᠪᠠᠯᠭᠠᠰᠤᠨᠦ 44 ᠮᠠᠯᠴᠢᠨ ᠳᠠᠷᠢᠶᠠᠴᠢᠨ ᠰᠠᠢᠨ ᠳᠤᠷ᠎ᠠ ᠵᠢᠨ ᠤᠷᠤᠯᠴᠠᠭᠴᠢ ᠪᠡᠷ ᠪᠦᠷᠢᠯᠳᠤᠨ ᠂ ᠡᠭᠦᠨ ᠳ᠋ᠤ ᠦᠯᠵᠡᠢ
ᠰᠤᠮᠤ ᠢᠩᠭᠡᠨ ᠰᠤᠮᠤ ᠵᠢᠨ 4 ᠮᠠᠯᠴᠢᠨ ᠡᠨᠡ ᠬᠦ᠌ ᠬᠠᠮᠠᠭᠠᠯᠠᠬᠤ ᠠᠩᠬᠢ ᠳ᠋ᠦ᠍ ᠢᠳᠡᠪᠬᠢᠳᠠᠢ ᠤᠷᠤᠯᠴᠠᠵᠠᠢ᠃
ᠠᠯᠠᠱᠠᠶ᠋ᠢᠨ ᠡᠨᠡ ᠬᠦ᠌ ᠥᠷᠭᠡᠨ ᠠᠭᠤᠳᠠᠮ ᠨᠤᠲᠤᠭ ᠳᠡᠪᠢᠰᠬᠡᠷ ᠳᠡᠭᠡᠷ᠎ᠡ ᠂ ᠡᠭᠡᠯ ᠵᠢᠷ ᠤ᠋ᠨ ᠂ ᠬᠠᠷᠠᠮ
ᠥᠬᠡᠢ ᠵᠢᠳᠭᠦᠳᠡᠭ ᠂ ᠰᠣᠶᠣᠯᠤ᠋ᠨ ᠪᠠᠭᠤᠷᠢᠶ᠋ᠢ ᠬᠠᠯᠠᠭᠤᠨ ᠰᠡᠳᠭᠢᠯ ᠢ᠋ᠶ᠋ᠡᠷ ᠬᠠᠮᠠᠭᠠᠯᠠᠳᠠᠭ ᠠᠯᠠᠱᠠᠶ᠋ᠢᠨ
ᠮᠠᠯᠴᠢᠨ ᠲᠠᠷᠢᠶᠠᠴᠢᠨ ᠦ ᠡᠩᠨᠡᠭᠡᠵᠢᠨ ᠬᠡᠰᠢᠭᠦᠳ ᠥᠪᠡᠷ ᠤᠨ ᠬᠠᠢᠷᠠᠲᠠᠢ ᠬᠣᠣᠰ ᠪᠥᠬᠥᠲᠦ ᠲᠡᠮᠡᠭᠡᠪᠡᠷ
ᠢ᠋ᠶ᠋ᠡᠨ ᠳᠡᠦᠭᠡᠨ ᠦᠪ ᠪᠤᠯᠤᠭᠰᠠᠨ ᠴᠣᠨᠵᠢ ᠂ ᠬᠣᠲᠠ᠎ᠶ᠋ᠢᠨ ᠪᠠᠭᠤᠷᠢ ᠂ ᠬᠠᠳᠠᠨ ᠵᠢᠷᠤᠭ ᠂ ᠡᠷᠲᠡᠨ ᠦ᠌ ᠪᠠᠷᠢᠯᠭ᠎ᠠ
᠂ ᠡᠷᠲᠡᠨ ᠦ᠌ ᠪᠤᠯᠠᠱᠢ ᠵᠡᠷᠭᠡ ᠭᠣᠣᠯᠳᠠᠯᠭᠠᠲᠠᠢ ᠲᠡᠦᠬᠡᠶ᠋ᠢᠨ ᠳᠤᠷᠠᠰᠭᠠᠯᠲᠤ ᠵᠦᠢᠯ ᠵᠢᠡᠨ ᠪᠦᠲᠦᠮᠵᠢᠲᠡᠢ
ᠬᠠᠮᠠᠭᠠᠯᠠᠭᠰᠠᠭᠠᠷ᠃
ᠪᠠᠯᠠᠷ ᠡᠷᠳᠡᠨ ᠤ᠋ ᠪᠤᠯᠪᠠᠰᠤᠨ ᠢ ᠬᠠᠮᠠᠭᠠᠯᠠᠬᠤ ᠳᠠᠷᠬᠠᠨ ᠬᠠᠷᠢᠭᠤᠴᠠᠯᠭ᠎ᠠ
ᠠᠯᠠᠱᠠ ᠵᠡᠭᠦᠨ ᠬᠤᠰᠢᠭᠤᠨᠦ ᠳᠡᠮᠡᠭᠡᠨ ᠨᠢᠷᠤᠭᠤᠨ ᠳᠡᠭᠡᠷᠡᠬᠢ ᠳᠡᠦᠭᠡ
ᠵᠢᠨ ᠳᠤᠷᠠᠰᠬᠠᠯᠳᠤ ᠵᠦᠢᠯ ᠢ ᠬᠠᠮᠠᠭᠠᠯᠠᠬᠤ ᠠᠩᠬᠢ ᠪᠠᠢᠭᠤᠯᠤᠭᠳᠠᠬᠤ ᠵᠢ ᠳᠠᠭᠠᠯᠳᠤᠨ ᠂ ᠪᠦᠬᠦ ᠨᠡᠢᠭᠡᠮ ᠤ᠋ᠨ
ᠲᠡᠦᠬᠡᠶ᠋ᠢᠨ ᠳᠤᠷᠠᠰᠭᠠᠯᠲᠤ ᠵᠦᠢᠯ ᠢ᠋ ᠬᠠᠮᠠᠭᠠᠯᠠᠬᠤ ᠦᠵᠡᠯ ᠤᠬᠠᠮᠰᠠᠷ ᠴᠢᠨᠠᠭᠰᠢᠳᠠ ᠴᠢᠩᠭᠠᠷᠠᠵᠤ ᠂ ᠲᠡᠦᠬᠡᠶ᠋ᠢᠨ
ᠳᠤᠷᠠᠰᠭᠠᠯᠲᠤ ᠵᠦᠢᠯ ᠢ᠋ ᠬᠠᠮᠠᠭᠠᠯᠠᠬᠤ ᠰᠠᠭᠤᠷᠢ ᠠᠵᠢᠯ ᠲᠠᠰᠤᠷᠠᠯᠲᠠ ᠥᠬᠡᠢ ᠪᠡᠬᠢᠵᠢᠵᠦ ᠂ ᠶᠡᠬᠡ ᠬᠡᠮᠵᠢᠶᠡᠨ
ᠦ᠌ ᠲᠡᠦᠬᠡᠶ᠋ᠢᠨ ᠳᠤᠷᠠᠰᠭᠠᠯᠲᠤ ᠵᠦᠢᠯ ᠤ᠋ᠨ ᠴᠡᠭ ᠢ᠋ ᠲᠠᠰᠤᠷᠠᠯᠲᠠ ᠥᠬᠡᠢ ᠢᠯᠡᠷᠡᠭᠦᠯᠵᠤ ᠂ ᠲᠡᠦᠬᠡᠶ᠋ᠢᠨ
ᠳᠤᠷᠠᠰᠭᠠᠯᠲᠤ ᠵᠦᠢᠯ ᠢ ᠬᠠᠮᠠᠭᠠᠯᠠᠬᠤ ᠡᠭᠦᠷᠭᠡ ᠴᠦ᠍ ᠡᠳᠦᠷ ᠢᠷᠡᠬᠦᠶ᠎ᠡ ᠬᠦᠨᠳᠦᠷᠡᠵᠦ ᠪᠠᠢᠯ᠎ᠠ᠃
ᠠᠯᠠᠱᠠ ᠨᠤᠳᠤᠭ ᠦᠨ ᠮᠠᠱᠢ ᠣᠯᠠᠨ ᠲᠡᠦᠬᠡᠶ᠋ᠢᠨ ᠳᠤᠷᠠᠰᠭᠠᠯᠲᠤ ᠵᠦᠢᠯ
ᠤ᠋ᠨ ᠦᠯᠡᠳᠡᠭᠳᠡᠯ ᠨᠢ ᠥᠷᠭᠡᠨ ᠠᠭᠤᠳᠠᠮ ᠠᠭᠤᠯᠠᠷᠬᠠᠭ ᠣᠷᠣᠨ ᠂ ᠡᠯᠡᠰᠦᠨ ᠴᠦᠯ ᠪᠣᠯᠤᠨ ᠭᠣᠪᠢᠶ᠋ᠢᠨ ᠥᠷᠥᠴᠡᠨᠳ᠋ᠦ᠍
ᠲᠠᠷᠬᠠᠵᠤ ᠂ ᠳᠡᠮᠡᠭᠡᠨ ᠨᠢᠷᠤᠭᠤᠨ ᠳᠡᠭᠡᠷᠡᠬᠢ ᠳᠡᠦᠭᠡ ᠵᠢᠨ ᠳᠤᠷᠠᠰᠬᠠᠯᠳᠤ ᠵᠦᠢᠯ ᠢ ᠬᠠᠮᠠᠭᠠᠯᠠᠬᠤ ᠠᠩᠬᠢ ᠪᠠᠢᠭᠤᠯᠤᠭᠳᠠᠭᠰᠠᠨᠠ᠋ᠴᠠ ᠨᠡᠭᠠᠱᠢ ᠂ ᠤᠷᠢᠳ ᠬᠣᠵᠢᠳ 3000 ᠭᠠᠷᠤᠢ ᠬᠥᠮᠦᠨ ᠤᠳᠠᠭᠠᠶ᠋ᠢ ᠵᠣᠬᠢᠶᠠᠨ ᠪᠠᠢᠭᠤᠯᠵᠤ ᠂ ᠠᠯᠠᠱᠠ ᠵᠡᠭᠦᠨ
ᠬᠤᠱᠢᠭᠤᠨ ᠦ 200 ᠭᠠᠷᠤᠢ ᠡᠷᠲᠡᠨ ᠦ᠌ ᠦᠯᠡᠳᠡᠭᠳᠡᠯ ᠂ ᠴᠢᠬᠤᠯᠠ ᠲᠡᠦᠬᠡᠶ᠋ᠢᠨ ᠤᠯᠠ
ᠮᠥᠷ ᠢ᠋ ᠲᠣᠭᠣᠷᠢᠨ ᠪᠠᠢᠴᠠᠭᠠᠵᠠᠢ᠃ ᠡᠭᠦᠨᠦ ᠬᠠᠮᠳᠤ ᠂ ᠲᠡᠦᠬᠡᠶ᠋ᠢᠨ ᠳᠤᠷᠠᠰᠭᠠᠯᠲᠤ ᠵᠦᠢᠯ ᠢ᠋ ᠡᠪᠳᠡᠬᠦ
ᠠᠵᠢᠯᠯᠠᠭ᠎ᠠ ᠵᠢ ᠤᠯᠠᠨᠳᠠ ᠬᠤᠷᠢᠬᠯᠠᠨ ᠵᠤᠭᠰᠤᠭᠠᠵᠦ ᠂ ᠲᠡᠦᠭᠡ ᠵᠢᠨ ᠲᠤᠷᠠᠰᠬᠠᠯᠳᠤ ᠵᠦᠢᠯ ᠢ᠋ ᠪᠦᠲᠦᠮᠵᠢᠳᠡᠢ ᠬᠠᠮᠠᠭᠠᠯᠠᠨ ᠂ ᠬᠤᠬᠢᠷᠠᠯ ᠰᠦᠢᠳᠤᠯ ᠡᠴᠡ ᠵᠠᠢᠯᠠᠭᠤᠯᠵᠦ
ᠴᠢᠳᠠᠭᠰᠠᠨ ᠪᠠᠢᠯ᠎ᠠ᠃ 2017 ᠣᠨᠳ᠋ᠤ᠌ ᠂ ᠨᠢᠭᠡᠨ ᠵᠢᠭᠤᠯᠴᠢᠯᠠᠭᠴᠢ ᠵᠢᠨ ᠬᠠᠳᠠᠨ ᠵᠢᠷᠤᠭ ᠬᠤᠯᠠᠭᠠᠢᠯᠠᠭᠰᠠᠨ
ᠬᠡᠷᠡᠭ ᠢ᠋ ᠢᠯᠡᠷᠡᠭᠦᠯᠦᠭᠰᠡᠨ ᠪᠥᠭᠡᠳ ᠬᠣᠷᠢᠭᠯᠠᠪᠠ ︔ ᠤᠷᠲᠤ ᠴᠠᠭᠠᠨ
ᠬᠡᠷᠡᠮ ᠤ᠋ᠨ ᠬᠠᠮᠠᠭᠠᠯᠠᠯᠲᠠᠶ᠋ᠢᠨ ᠬᠡᠪᠴᠢᠶᠡᠨᠳ᠋ᠦ᠍ ᠬᠠᠢᠷ ᠴᠢᠯᠠᠭᠤ ᠬᠤᠯᠠᠭᠠᠢᠯᠠᠨ ᠮᠠᠯᠲᠠᠬᠤ ᠦᠢᠯᠡ ᠠᠵᠢᠯᠯᠠᠭᠠᠶ᠋ᠢ
ᠣᠯᠠᠨ ᠤᠳᠠᠭ᠎ᠠ ᠬᠣᠷᠢᠭᠯᠠᠵᠤ ᠂ ᠵᠢᠭᠤᠯᠴᠢᠯᠠᠭᠴᠢᠳ ᠤ᠋ᠨ
ᠤᠷᠲᠤ ᠴᠠᠭᠠᠨ ᠬᠡᠷᠡᠮᠳ᠋ᠦ᠍ ᠠᠪᠠᠷᠢᠨ ᠭᠠᠷᠴᠤ ᠤᠷᠲᠤ ᠴᠠᠭᠠᠨ ᠬᠡᠷᠡᠮ ᠢ᠋ ᠡᠪᠳᠡᠬᠦ ᠠᠵᠢᠯᠯᠠᠭᠠᠶ᠋ᠢ ᠬᠣᠷᠢᠭᠯᠠᠪᠠ;2021 ᠣᠨ ᠦ 7 ᠰᠠᠷ᠎ᠠ ᠳ᠋ᠤ ᠂ ᠪᠠᠷᠠᠭᠤᠨ ᠪᠡᠯᠳ᠋ᠡᠬᠢ ᠳᠡᠦᠭᠡ ᠵᠢᠨ ᠳᠤᠷᠠᠰᠬᠠᠯᠳᠤ ᠵᠦᠢᠯ ᠢ ᠬᠠᠮᠠᠭᠠᠯᠠᠬᠤ
ᠠᠩᠬᠢ ᠵᠢᠨ ᠭᠡᠱᠢᠭᠦᠳ ᠰᠢᠷᠤᠢ ᠮᠠᠯᠳᠠᠬᠤ ᠮᠠᠰᠢᠨ ᠵᠢᠡᠷ ᠴᠤᠨᠵᠢ ᠵᠢ ᠡᠪᠳᠡᠵᠦ ᠰᠦᠢᠳᠭᠡᠭᠰᠡᠨ ᠬᠡᠷᠡᠭ ᠢ᠋ ᠠᠮᠵᠢᠯᠲᠠᠲᠠᠢ
ᠢᠯᠡᠷᠡᠭᠦᠯᠦᠭᠰᠡᠨ ᠪᠥᠭᠡᠳ ᠳᠣᠲᠣᠭᠠᠳᠤᠶ᠋ᠢ ᠬᠠᠮᠠᠭᠠᠯᠠᠬᠤ ᠪᠠᠢᠭᠤᠯᠭᠠᠳ᠋ᠤ᠌ ᠱᠢᠯᠵᠢᠭᠦᠯᠦᠨ ᠬᠠᠤᠯᠢ ᠴᠠᠭᠠᠵᠠ᠎ᠶ᠋ᠢᠨ
ᠳᠡᠰ ᠳᠠᠷᠠᠭᠠᠯᠠᠯᠳ᠋ᠤ᠌ ᠣᠷᠣᠭᠤᠯᠵᠤ ᠂ ᠬᠠᠤᠯᠢᠠ᠋ᠴᠠ ᠵᠥᠷᠢᠴᠡᠭᠰᠡᠨ ᠶᠠᠯᠠᠲᠤ ᠡᠲᠡᠭᠡᠳ ᠲᠦ᠍ ᠬᠦᠴᠦᠲᠡᠢ ᠰᠦᠷᠳᠡᠭᠦᠯᠬᠦ
ᠦᠢᠯᠡᠳᠦᠯ ᠦᠵᠡᠭᠦᠯᠪᠡ᠃
《ᠮᠠᠨᠦ ᠬᠠᠮᠠᠭᠠᠯᠠᠬᠤ ᠠᠩᠬᠢ ᠵᠢᠨ ᠬᠡᠰᠢᠭᠦᠳ ᠰᠠᠷ᠎ᠠ ᠳ᠋ᠠᠭᠠᠨ ᠨᠢᠭᠡ ᠡᠴᠡ ᠬᠤᠶᠠᠷ ᠤᠳᠠᠭ᠎ᠠ
ᠦᠪᠡᠷ ᠦᠨ ᠬᠤᠪᠢᠶᠠᠷᠢᠯᠠᠯᠳᠠ ᠵᠢᠨ ᠴᠡᠭ ᠵᠢᠡᠷ ᠳᠤᠭᠤᠷᠢᠨ ᠪᠠᠢᠴᠠᠭᠠᠵᠤ ᠂ ᠬᠠᠮᠢᠶ᠎ᠠ ᠪᠦᠬᠦᠢ ᠠᠰᠠᠭᠤᠳᠠᠯ ᠪᠠᠢᠳᠠᠯ
ᠵᠢᠡᠨ ᠴᠠᠭ ᠳᠤᠬᠠᠢ ᠳ᠋ᠤᠨᠢ ᠬᠠᠷᠢᠭᠤ ᠮᠡᠳᠡᠭᠦᠯᠦᠯᠳᠡ ᠬᠢᠳᠡᠭ᠃ ᠬᠠᠮᠠᠭᠠᠯᠠᠬᠤ ᠠᠩᠬᠢ ᠵᠢᠨ ᠬᠡᠰᠢᠭᠦᠳ ᠬᠠᠬᠢᠷ
ᠬᠦᠢᠳᠡᠨ ᠠᠭᠠᠬᠢᠮ᠎ᠠ ᠬᠠᠯᠠᠭᠤᠨ ᠢ ᠬᠠᠢᠬᠤᠷᠤᠯ ᠦᠭᠡᠢ ᠠᠯᠠᠱᠠ ᠵᠡᠭᠦᠨ ᠬᠤᠰᠢᠭᠤᠨᠦ ᠬᠢᠵᠠᠭᠠᠷ ᠳᠡᠬᠢ ᠡᠷᠳᠡᠨᠦ
ᠬᠠᠭᠤᠴᠢ ᠦᠯᠡᠳᠡᠭᠳᠡᠯ ᠤᠩᠭᠤᠨ ᠪᠤᠯᠠᠰᠢ ᠵᠢ ᠬᠠᠮᠠᠭᠠᠯᠠᠨ ᠰᠠᠬᠢᠵᠤ ᠂ ᠳᠡᠦᠭᠡ ᠵᠢᠨ ᠳᠤᠷᠠᠰᠬᠠᠯᠳᠤ ᠵᠦᠢᠯ ᠢ
ᠬᠤᠯᠠᠭᠠᠢᠯᠠᠨ ᠮᠠᠯᠳᠠᠬᠤ ᠂ ᠰᠠᠷᠢᠭᠠᠯᠠᠬᠤ ᠠᠵᠢᠯᠯᠠᠭ᠎ᠠ ᠳ᠋ᠦ᠍ ᠴᠤᠬᠢᠯᠳᠠ ᠦᠭᠭᠦ ᠳ᠋ᠦ᠍ ᠳᠡᠮᠵᠢᠯᠭᠡ ᠦᠵᠡᠭᠦᠯᠵᠤ
᠂ ᠳᠡᠦᠭᠡ ᠵᠢᠨ ᠳᠤᠷᠠᠰᠬᠠᠯᠳᠤ ᠵᠦᠢᠯ ᠢ ᠬᠠᠮᠠᠭᠠᠯᠠᠬᠤ ᠠᠵᠢᠯ ᠦᠨ ᠤᠷᠤᠭᠰᠢᠳᠠᠢ ᠶᠠᠪᠤᠭᠳᠠᠬᠤ ᠳ᠋ᠦ᠍ ᠬᠦᠴᠦᠨ
ᠨᠡᠮᠡᠷᠢᠯᠡᠵᠤ ᠪᠤᠢ》ᠭᠡᠵᠤ ᠠᠯᠠᠱᠠ ᠵᠡᠭᠦᠨ ᠬᠤᠰᠢᠭᠤᠨᠦ ᠳᠡᠦᠭᠡ ᠵᠢᠨ ᠳᠤᠷᠠᠰᠬᠠᠯᠳᠤ ᠵᠦᠢᠯ ᠢ ᠬᠠᠮᠠᠭᠠᠯᠠᠬᠤ ᠲᠦᠪ
ᠦᠨ ᠠᠵᠢᠯᠳᠠᠨ ᠨᠤᠮᠢᠨ ᠰᠤᠷᠪᠤᠯᠵᠢᠯᠠᠬᠴᠢ ᠳ᠋ᠤ ᠲᠠᠨᠢᠯᠴᠠᠭᠤᠯᠵᠦ ᠪᠠᠢᠬᠰᠠᠨ᠃
2015 ᠣᠨᠠ᠋ᠴᠠ ᠨᠡᠭᠠᠱᠢ ᠂ ᠠᠯᠠᠱᠠ ᠵᠡᠭᠦᠨ ᠬᠤᠰᠢᠭᠤᠨᠦ ᠳᠡᠮᠡᠭᠡᠨ ᠨᠢᠷᠤᠭᠤᠨ
ᠳᠡᠭᠡᠷᠡᠬᠢ (ᠤᠷᠳᠤ ᠴᠠᠭᠠᠨ ᠬᠡᠷᠡᠮ ᠦᠨ) ᠳᠡᠦᠭᠡ ᠵᠢᠨ
ᠳᠤᠷᠠᠰᠬᠠᠯᠳᠤ ᠵᠦᠢᠯ ᠢ ᠬᠠᠮᠠᠭᠠᠯᠠᠬᠤ ᠠᠩᠬᠢ ᠵᠢᠨ ᠣᠯᠠᠨ ᠬᠥᠮᠦᠨ ︽ ᠪᠦᠬᠦ ᠤᠯᠤᠰ ᠤ᠋ᠨ ᠭᠤᠷᠪᠠᠳᠤᠭᠠᠷ ᠤᠳᠠᠭᠠᠨ ᠦ ᠲᠡᠦᠬᠡᠶ᠋ᠢᠨ ᠳᠤᠷᠠᠰᠭᠠᠯᠲᠤ
ᠵᠦᠢᠯᠡᠰ ᠤ᠋ᠨ ᠨᠡᠢᠳᠡᠮ ᠪᠠᠢᠴᠠᠭᠠᠯᠲᠠᠶ᠋ᠢᠨ ᠠᠵᠢᠯᠳ᠋ᠤ᠌ ᠬᠤᠪᠢ ᠨᠡᠮᠡᠷᠢ ᠦᠵᠡᠭᠦᠯᠦᠭᠰᠡᠨ ᠬᠤᠪᠢ ᠬᠥᠮᠦᠨ
︾ ᠂ ︽ᠠᠯᠠᠱᠠ ᠵᠡᠭᠦᠨ ᠬᠤᠱᠢᠭᠤᠨ ᠦ ᠰᠠᠢᠨ ᠳᠤᠷᠠᠠ᠋ᠴᠠᠪᠠᠨ ᠲᠡᠦᠬᠡᠶ᠋ᠢᠨ ᠳᠤᠷᠠᠰᠭᠠᠯᠲᠤ ᠵᠦᠢᠯ
ᠢ᠋ ᠬᠠᠷᠠᠵᠤ ᠬᠠᠮᠠᠭᠠᠯᠠᠭᠰᠠᠨ ᠲᠡᠷᠢᠭᠦᠨ ᠦ᠌ ᠬᠤᠪᠢ ᠬᠥᠮᠦᠨ︾ ᠵᠡᠷᠭᠡ ᠢᠷᠠᠭᠤ
ᠠᠯᠳᠠᠷ ᠬᠦᠷᠳᠡᠭᠰᠡᠨ ᠪᠦᠭᠡᠳ ᠤᠯᠤᠰ ᠤ᠋ᠨ ᠲᠡᠦᠬᠡᠶ᠋ᠢᠨ
ᠳᠤᠷᠠᠰᠭᠠᠯᠲᠤ ᠵᠦᠢᠯ ᠤ᠋ᠨ ᠲᠣᠪᠴᠢᠢ᠎ᠠ ᠪᠣᠯᠤᠨ ᠥᠪᠡᠷᠲᠡᠭᠡᠨ
ᠵᠠᠰᠠᠬᠤ ᠣᠷᠣᠨ ᠦ ᠲᠡᠦᠬᠡᠶ᠋ᠢᠨ ᠳᠤᠷᠠᠰᠭᠠᠯᠲᠤ ᠵᠦᠢᠯᠡᠰ ᠤ᠋ᠨ ᠲᠣᠪᠴᠢᠢᠠᠶ᠋ᠢᠨ ᠭᠦᠢᠴᠡᠳ ᠨᠤᠲᠠᠯᠠᠯᠲᠠᠶ᠋ᠢ
ᠬᠦᠷᠳᠡᠪᠡ᠃ ᠡᠨᠡ ᠵᠢᠯ ᠂ ᠠᠯᠠᠱᠠ ᠵᠡᠭᠦᠨ ᠬᠤᠰᠢᠭᠤᠨᠦ ᠳᠡᠮᠡᠭᠡᠨ ᠨᠢᠷᠤᠭᠤᠨ ᠳᠡᠭᠡᠷᠡᠬᠢ (ᠤᠷᠳᠤ ᠴᠠᠭᠠᠨ ᠬᠡᠷᠡᠮ ᠦᠨ) ᠳᠡᠦᠭᠡ ᠵᠢᠨ
ᠳᠤᠷᠠᠰᠬᠠᠯᠳᠤ ᠵᠦᠢᠯᠡᠰ ᠢ ᠬᠠᠮᠠᠭᠠᠯᠠᠬᠤ ᠠᠩᠬᠢ ᠨᠢ ᠤᠯᠤᠰ
ᠦᠨ ᠳᠡᠦᠭᠡ ᠵᠢᠨ ᠳᠤᠷᠠᠰᠬᠠᠯᠳᠤ ᠵᠦᠢᠯ ᠦᠨ ᠳᠤᠪᠴᠢᠶᠠᠨ ᠡᠴᠡ ᠵᠤᠬᠢᠶᠠᠨ ᠪᠠᠢᠭᠤᠯᠤᠭᠰᠠᠨ《2021 ᠤᠨᠦ ᠬᠠᠮᠤᠭ
ᠤ᠋ᠨ ᠭᠤᠶᠤ ᠳᠡᠦᠭᠡ ᠵᠢᠨ ᠳᠤᠷᠠᠰᠬᠠᠯᠳᠤ ᠵᠦᠢᠯ ᠢ ᠬᠠᠮᠠᠭᠠᠯᠠᠭᠴᠢ》ᠵᠢᠨ ᠢᠷᠠᠭᠤ ᠠᠯᠳᠠᠷ ᠢ ᠬᠦᠷᠳᠡᠵᠤ ᠂ ᠳᠤᠰ ᠤᠳᠠᠭ᠎ᠠ ᠳ᠋ᠤ ᠪᠦᠬᠦ ᠤᠷᠤᠨ ᠳ᠋ᠦ ᠡᠨᠡ ᠬᠦ᠌ ᠢᠷᠡᠭᠤ
ᠠᠯᠳᠠᠷ ᠢ ᠬᠦᠷᠳᠡᠭᠰᠡᠨ ᠳᠡᠦᠭᠡ ᠵᠢᠨ ᠳᠤᠷᠠᠰᠬᠠᠯᠳᠤ ᠵᠦᠢᠯ ᠢ ᠬᠠᠮᠠᠭᠠᠯᠠᠬᠤ ᠴᠤᠷ ᠤ᠋ᠨ ᠭᠠᠭᠴᠠ ᠠᠩᠬᠢ ᠪᠤᠯᠵᠠᠢ᠃
ᠳᠡᠮᠡᠭᠡᠳᠤ ᠨᠤᠳᠤᠭ ᠦᠨ ᠪᠠᠯᠠᠷ ᠡᠷᠳᠡᠨ ᠤ᠋ ᠪᠤᠯᠪᠠᠰᠤᠨ ᠦ ᠬᠠᠮᠠᠭᠠᠯᠠᠯᠳᠠ ᠵᠢᠨ ᠮᠠᠯᠴᠢᠨ ᠲᠠᠷᠢᠶᠠᠴᠢᠨ ᠤ᠋ ᠡᠩᠨᠡᠭᠡ ᠨᠢ ᠬᠠᠳᠠᠨ ᠵᠣᠷᠢᠭᠲᠤ ᠲᠡᠮᠡᠭᠡ ᠱᠢᠭ ᠢ᠋ᠶ᠋ᠡᠷ
ᠨᠡᠯᠦᠭᠡᠷ ᠶᠡᠬᠡ ᠭᠣᠪᠢᠪᠠᠷ ᠠᠶᠠᠯᠠᠵᠤ ᠂ ᠲᠡᠦᠬᠡᠶ᠋ᠢᠨ ᠳᠤᠷᠠᠰᠭᠠᠯᠲᠤ ᠵᠦᠢᠯ ᠤ᠋ᠨ ᠬᠠᠮᠠᠭᠠᠯᠠᠯᠲᠠᠶ᠋ᠢᠨ ᠦᠢᠯᠡᠰᠲᠦ᠍ ᠦᠨᠡᠨᠴᠢ ᠰᠡᠳᠭᠢᠯ
ᠢ᠋ᠶ᠋ᠡᠷ ᠬᠠᠷᠠᠮ ᠦᠭᠡᠢ ᠵᠢᠳᠭᠦᠵᠦ ᠂ ᠡᠭᠦᠷᠭᠡ ᠲᠤᠱᠢᠶᠠᠯ ᠢ᠋ᠶ᠋ᠠᠨ ᠱᠢᠳᠤᠷᠭᠤᠪᠠᠷ ᠭᠦᠢᠴᠡᠳᠭᠡᠵᠦ ᠂ ᠲᠡᠦᠬᠡᠶ᠋ᠢᠨ
ᠳᠤᠷᠠᠰᠭᠠᠯᠲᠤ ᠵᠦᠢᠯ ᠤ᠋ᠨ ᠠᠮᠤᠷ ᠲᠦᠪᠱᠢᠨ ᠢ᠋ ᠬᠠᠮᠠᠭᠠᠯᠠᠬᠤ
ᠲᠥᠪ ᠴᠢᠩᠭ᠎ᠠ ᠠᠮᠠᠯᠠᠯᠲᠠᠪᠠᠨ ᠦᠢᠯᠡᠳᠦᠯᠭᠡᠵᠢᠭᠦᠯᠦᠭᠰᠡᠭᠡᠷ᠃

ᠬᠠᠭᠤᠴᠢ ᠪᠠᠭᠤᠷᠢ ᠵᠢ ᠴᠠᠬᠳᠡᠨ
ᠪᠠᠢᠴᠠᠭᠠᠵᠦ ᠪᠠᠢᠨ᠎ᠠ

ᠬᠠᠳᠠᠨ ᠵᠢᠷᠤᠭ ᠢ ᠬᠠᠮᠠᠭᠠᠯᠠᠵᠦ ᠪᠠᠢᠭ᠎ᠠ ᠨᠢ

ᠬᠦᠨᠳᠤᠴᠠ ᠴᠠᠭᠠᠨ ᠠᠭᠤᠯᠠ ᠳ᠋ᠦ ᠪᠠᠢᠭ᠎ᠠ ᠡᠪᠡᠷ ᠲᠠᠢ ᠳᠡᠮᠡᠬᠡ ᠵᠢᠨ
ᠬᠠᠳᠠᠨ ᠵᠢᠷᠤᠭ