ᠲᠠᠪᠤᠨ ᠰᠤᠪᠤᠷᠭᠠᠲᠤ ᠰᠥᠮ᠎ᠠ
2021-11-17 11:05:00
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠦᠬᠡᠬᠤᠲᠠ᠎ᠵᠢᠨ ᠢᠦᠢ᠌ᠴᠢᠤᠸᠠᠨ ᠲᠤᠭᠤᠷᠢᠭ᠎ᠤᠨ ᠲᠠᠪᠤᠨ ᠰᠤᠪᠤᠷᠭ᠎ᠠ ᠵᠡᠭᠡᠯᠢ᠎ᠪᠡᠷ ᠮᠣᠩᠭᠣᠯ᠂ ᠬᠢᠲᠠᠳ᠂ ᠲᠥᠪᠡᠳ ᠵᠡᠷᠭᠡ ᠣᠯᠠᠨ ᠦᠨᠳᠦᠰᠦᠲᠡᠨ᠎ᠦ ᠪᠠᠷᠢᠯᠭ᠎ᠠ᠎ᠶ᠋ᠢᠨ ᠬᠡᠪ ᠨᠠᠮᠪᠠ᠎ᠶ᠋ᠢ ᠱᠢᠡᠭ᠌ᠭᠡᠬᠡᠭ᠌ᠰᠡᠨ᠂ ᠡᠷᠬᠢᠮᠰᠦᠭ ᠪᠣᠷᠣᠭ᠍ᠵᠢᠭᠤᠨ ᠡᠷᠲᠡᠨ᠎ᠤ ᠪᠠᠷᠢᠯᠭ᠎ᠠ᠂ ᠦᠵᠡᠰᠭᠦᠯᠡᠡᠭ᠌ᠲᠦ ᠰᠠᠢᠬᠠᠨ ᠶᠡᠬᠡ ᠪᠠᠭ᠎ᠠ ᠰᠦᠮ᠎ᠡ ᠬᠡᠢᠳ ᠰᠡᠭᠦᠢᠨ ᠰᠦᠨᠳᠡᠷᠯᠡᠵᠦ᠂ ᠡᠭᠦᠨ᠎ᠤ ᠳᠤᠮᠳᠠ ᠡᠴᠡ ᠤᠳᠤ ᠴᠦ᠍ ᠭᠡᠰᠡᠨ ᠡᠷᠲᠡᠨ᠎ᠦ ᠳᠦᠷᠰᠦ ᠪᠠᠢ᠌ᠳᠠᠯ᠎ᠵᠢᠡᠨ ᠬᠠᠳᠠᠭᠠᠯᠠᠭ᠍ᠰᠠᠭᠠᠷ ᠪᠤᠢ ᠤᠯᠤᠰ᠎ᠤᠨ ᠳᠣᠲᠣᠭᠠᠳᠤ ᠭᠠᠳᠠᠭᠠᠳᠤ᠎ᠳᠤ ᠠᠯᠳᠠᠷᠱᠢᠭ᠍ᠰᠠᠨ ᠬᠣᠪᠣᠷ ᠨᠠᠨᠳᠢᠨ ᠰᠤᠪᠤᠷᠭ᠎ᠠ᠎ᠶ᠋ᠢᠨ ᠦᠨᠡᠲᠦ ᠡᠷᠳᠡᠨᠢ ᠲᠠᠪᠤᠨ ᠰᠤᠪᠤᠷᠭᠠᠲᠤ ᠰᠦᠮ᠎ᠡ ᠵᠢᠨ ᠸᠴᠢᠷ ᠰᠠᠭᠤᠳᠠᠯᠲᠤ ᠱᠠᠷᠢᠯ᠎ᠤᠨ ᠡᠷᠳᠡᠨᠢ᠎ᠶ᠋ᠢᠨ ᠰᠤᠪᠤᠷᠭ᠎ᠠ ᠨᠢ ᠤᠯᠠᠨ᠎ᠤ ᠠᠡᠭᠬᠠᠷᠤᠯ᠎ᠢ ᠤᠨᠴᠠᠭᠠᠢ ᠲᠠᠲᠠᠨ᠎ᠠ᠃

ᠡᠨᠳᠡ ᠲᠤᠮᠳᠠᠳᠤᠴᠤᠳ ᠤ᠋ᠨ ᠡᠷᠳᠡᠨ᠎ᠤ ᠤᠷᠴᠢᠯᠠᠩ᠎ᠤᠨ ᠦᠵᠡᠯᠳᠡ ᠵᠢ ᠢᠯᠡᠷᠡᠭᠦᠯᠦᠭᠰᠡᠨ ᠨᠡᠷᠡᠨ᠎ᠦ ᠡᠷᠭᠢᠯᠲᠡ᠎ᠶ᠋ᠢᠨ ᠵᠠᠮ ᠪᠠ ᠬᠣᠷᠢᠨ ᠳᠥᠷᠪᠡᠨ ᠴᠠᠭ ᠤᠯᠠᠷᠢᠯ ᠵᠡᠷᠭᠡ᠎ᠶ᠋ᠢ ᠰᠡᠢᠯᠦᠭ᠌ᠰᠡᠨ 270 ᠠᠱᠢᠳᠠ᠎ᠶ᠋ᠢᠨ ᠣᠳᠣ᠂ 1500 ᠭᠠᠷᠤᠶ ᠦᠵᠡᠭ᠌ᠳᠡᠬᠦ᠌ ᠣᠳᠣ᠎ᠶᠢ ᠢᠯᠡᠳᠬᠡᠭᠰᠡᠨ ᠮᠤᠨᠭᠭᠤᠯ ᠤᠲᠤᠨ ᠤᠷᠤᠨ ᠎ᠤ ᠵᠢᠷᠤᠬ ᠲᠠᠢ᠃

ᠭᠡᠭᠡᠨ ᠨᠢᠭᠦᠯᠡᠰᠦᠭ᠌ᠴᠢ ᠰᠦᠮ᠎ᠡ ᠪᠣᠯ ᠰᠢᠷᠡᠭᠡᠳᠦ ᠵᠣᠣ᠎ᠶ᠋ᠢᠨ ᠬᠠᠷᠢᠶᠠᠲᠤ ᠰᠦᠮ᠎ᠡ ᠪᠣᠯᠤᠨ᠎ᠠ᠃ ᠶᠡᠷᠦ᠍᠎ᠳ᠋ᠤ ᠪᠠᠨ  ᠲᠠᠪᠤᠨ ᠰᠤᠪᠤᠷᠭᠠᠲᠤ ᠰᠦᠮ᠎ᠡ ᠭᠡᠳᠡᠭ᠃ ᠲᠥᠪᠡᠳ᠎ᠡᠴᠡ ᠤᠯᠠᠮᠵᠢᠯᠠᠭ᠍ᠰᠠᠨ ᠪᠤᠷᠬᠠᠨ ᠱᠠᠱᠢᠨ᠎ᠤ ᠰᠦᠮ᠎ᠡ ᠪᠣᠯᠤᠨ᠎ᠠ᠃ 1727 ᠤᠨ᠎ᠳᠦ ᠬᠦᠬᠡᠬᠤᠲᠠ᠎ᠵᠢᠨ ᠰᠢᠷᠡᠭᠡᠳᠦ ᠵᠤᠤ᠎ᠵᠢᠨ ᠯᠠᠮᠠ ᠶᠠᠨᠵᠠᠷᠴᠢ᠎ᠵᠢᠨ ᠬᠤᠪᠢᠯᠭᠠᠨ ᠬᠦᠬᠡᠬᠤᠲᠠ᠎ᠵᠢᠨ ᠪᠦᠬᠦ᠌ ᠯᠠᠮᠠ ᠪᠠᠨᠳᠢ ᠨᠠᠷ᠎ᠢ ᠵᠠᠬᠢᠷᠤᠭ᠍ᠴᠢ ᠵᠠᠰᠠᠭ᠎ᠤᠨ ᠳᠡᠳ᠋ ᠲᠡᠷᠢᠭᠦᠨ ᠯᠠᠮᠠ᠎ᠵᠢᠨ ᠲᠤᠱᠢᠶᠠᠯ᠎ᠢ ᠬᠠᠷᠢᠭᠤᠴᠠᠵᠤ᠂ ᠳᠦ᠋ᠡᠭᠯᠢ ᠨᠤᠮ᠎ᠤᠨ ᠵᠢᠱ᠋ᠢ᠍ᠶᠠᠨ᠎ᠳᠦ ᠤᠷᠤᠯᠴᠠᠨ ᠪᠡᠭᠡᠵᠢᠡᠭ᠎ᠳᠦ ᠰᠠᠭᠤᠬᠤ ᠬᠤᠭᠤᠴᠠᠭᠠᠨ᠎ᠳᠠᠭᠠᠨ᠂ ᠴᠢᠡᠭ ᠤᠯᠤᠰ᠎ᠤᠨ ᠨᠠᠢ᠌ᠷᠠᠯᠲᠤ ᠲᠥᠪ ᠬᠠᠭᠠᠨ᠎ᠤ ᠵᠦᠪᠱᠢᠶᠡᠷᠡᠯ᠎ᠵᠢᠡᠷ ᠬᠦᠬᠡᠬᠤᠲᠠ᠎ᠵᠢᠨ ᠰᠢᠷᠡᠭᠡᠳᠦ ᠵᠤᠤ᠎ᠵᠢᠨ ᠡᠮᠦᠨ᠎ᠡ ᠡᠨᠡ ᠬᠦ᠌ ᠰᠦᠮ᠎ᠡ᠎ᠵᠢ ᠠᠡᠭ᠌ᠬ᠎ᠠ ᠪᠠᠢ᠌ᠭᠤᠯᠵᠠᠢ᠃ ᠨᠡᠢ᠌ᠲᠡ᠎ᠵᠢᠨ ᠤᠨ ᠲᠤᠭᠠᠯᠠᠯ᠎ᠤᠨ 1732 ᠤᠨ (ᠨᠠᠢ᠌ᠷᠠᠯᠲᠤ ᠲᠥᠪ᠎ᠤᠨ ᠠᠷᠪᠠᠳᠤᠭᠠᠷ ᠤᠨ) ᠳ᠋ᠤ ᠴᠢᠡᠭ ᠤᠯᠤᠰ᠎ᠤᠨ ᠬᠠᠭᠠᠨᠲᠤ ᠲᠦᠷᠦ᠍ ᠡᠴᠡ 《ᠭᠡᠭᠡᠨ ᠨᠢᠭᠦᠯᠡᠰᠦᠭ᠌ᠴᠢ ᠰᠦᠮ᠎ᠡ》 (ᠼᠢ ᠳ᠋ᠸᠩ ᠰᠸ ᠰᠥᠮ᠎ᠡ) ᠭᠡᠬᠦ᠌ ᠮᠠᠨᠵᠤ᠂ ᠮᠤᠡᠭ᠌ᠭᠤᠯ᠂ ᠬᠢᠲᠠᠳ ᠦᠰᠦᠭ ᠬᠠᠪᠰᠤᠷᠭᠠᠭ᠍ᠰᠠᠨ ᠫᠠᠢ᠌ᠰᠠ ᠢᠯᠡᠷᠭᠡᠢ᠌ᠯᠡᠯ ᠤᠯᠭᠤᠵᠤ᠂ 2 ᠲᠡᠷᠢᠭᠦᠨ ᠯᠠᠮᠠ ᠲᠤᠮᠢᠯᠠᠨ ᠰᠥᠮ᠎ᠡ᠎ᠵᠢ ᠬᠠᠮᠢᠶᠠᠷᠤᠭᠤᠯᠵᠠᠢ᠃

ᠬᠥᠬᠡᠬᠣᠲᠠ ᠮᠢᠩ ᠤᠯᠤᠰ᠎ᠤᠨ ᠦᠶ᠎ᠡ᠎ᠶ᠋ᠢᠨ ᠬᠦᠶ ᠬᠤᠸᠠ ᠬᠣᠲᠠ ᠪᠣᠯᠤᠨ ᠴᠢᠡᠭ ᠤᠯᠤᠰ᠎ᠤᠨ ᠦᠶ᠎ᠡ᠎ᠶ᠋ᠢᠨ ᠰᠦᠢᠶᠤᠸᠠᠨ ᠬᠣᠲᠠ᠎ᠪᠠᠷ ᠪᠦᠷᠢᠯᠳᠦᠨ᠂ ᠬᠦᠶ ᠬᠤᠸᠠ ᠬᠣᠲᠠ᠎ᠶ᠋ᠢ ᠮᠣᠩᠭᠣᠯ ᠦᠨᠳᠦᠰᠦᠲᠡᠨ᠎ᠦ ᠲᠦᠮᠡᠳ ᠠᠢᠮᠠᠭ᠎ᠤᠨ ᠠᠯᠲᠠᠨ ᠬᠠᠭᠠᠨ ᠪᠠᠢᠭᠤᠯᠵᠤ᠂ ᠰᠦᠢᠶᠤᠸᠠᠨ ᠬᠣᠲᠠ᠎ᠶ᠋ᠢ ᠴᠢᠩ ᠤᠯᠤᠰ᠎ᠤᠨ ᠮᠠᠨᠵᠤ ᠨᠣᠶᠠᠷᠬᠠᠭ᠍ᠴᠢᠳ ᠨᠠᠢᠷᠠᠯᠲᠤ ᠲᠥᠪ᠎ᠦᠨ ᠦᠶ᠎ᠡ᠎ᠳᠦ ᠡᠬᠢᠯᠡᠨ ᠪᠠᠢᠭᠤᠯᠵᠤ᠂ ᠰᠦᠢᠶᠤᠸᠠᠨ ᠬᠣᠲᠠ ᠪᠣᠯ ᠴᠡᠷᠢᠭ᠎ᠦᠨ ᠶᠠᠪᠤᠳᠠᠯ᠎ᠤᠨ ᠴᠢᠨᠠᠷᠲᠠᠢ ᠬᠣᠲᠠ ᠪᠣᠯᠤᠨ᠎ᠠ᠃ ᠡᠷᠲᠡᠨ᠎ᠤ ᠶᠠᠷᠢᠶᠠᠨ᠎ᠳᠦ᠂ ᠰᠦᠢᠶᠤᠸᠠᠨ ᠬᠣᠲᠠ᠎ᠶ᠋ᠢ ᠪᠠᠢᠭᠤᠯᠬᠤ ᠦᠶ᠎ᠡ᠎ᠳᠦ᠂ ᠬᠦᠶ ᠬᠤᠸᠠ ᠬᠣᠲᠠ᠎ᠶ᠋ᠢᠨ ᠨᠠᠪᠳᠠᠭ ᠰᠠᠪᠳᠠᠭ᠎ᠢ ᠡᠪᠳᠡᠭ᠌ᠰᠡᠨ ᠭᠡᠵᠦ ᠬᠦᠶ ᠬᠤᠸᠠ ᠬᠣᠲᠠ᠎ᠶ᠋ᠢᠨ ᠯᠠᠮᠠ ᠨᠠᠷ ᠵᠢᠴᠢ ᠨᠤᠲᠤᠭ᠎ᠤᠨ ᠡᠷᠬᠡᠲᠡᠨ᠎ᠦ ᠡᠰᠡᠷᠭᠦᠴᠡᠯ᠎ᠢ ᠤᠯᠤᠭᠰᠠᠨ ᠡᠴᠡ᠂ ᠨᠠᠢᠷᠠᠯᠲᠤ ᠲᠥᠪ ᠬᠠᠭᠠᠨ ᠡᠴᠡ ᠵᠠᠷᠯᠢᠭ ᠪᠤᠯᠵᠤ᠂ ᠭᠡᠭᠡᠨ ᠨᠢᠭᠦᠯᠡᠰᠦᠭ᠌ᠴᠢ ᠰᠥᠮ᠎ᠡ᠎ᠶ᠋ᠢ ᠪᠠᠢᠭᠤᠯᠵᠤ ᠬᠠᠮᠠᠭᠠᠯᠠᠬᠤ ᠦᠢᠯᠡᠳᠦᠯ ᠭᠠᠷᠭᠠᠵᠠᠶ᠃ ᠡᠢᠮᠦ᠍᠎ᠡᠴᠡ ᠲᠤᠬᠠᠢ᠎ᠵᠢᠨ ᠦᠶ᠎ᠡ᠎ᠳᠦ ᠭᠡᠭᠡᠨ ᠨᠢᠭᠦᠯᠡᠰᠦᠭ᠌ᠴᠢ ᠰᠦᠮ᠎ᠡ᠎ᠶ᠋ᠢ ᠪᠠᠰᠠ 《ᠱᠢᠨ᠎ᠡ ᠵᠤᠤ》 ᠭᠡᠳᠡᠭ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号