6 ᠰᠠᠷ᠎ᠠ᠎ᠶ᠋ᠢᠨ 14 ᠤ ᠡᠳᠦᠷ ᠪᠤᠯ ᠲᠠᠪᠤᠨ ᠰᠠᠷ᠎ᠠ᠎ᠶ᠋ᠢᠨ ᠱᠢᠨ᠎ᠡ᠎ᠶ᠋ᠢᠨ ᠲᠠᠪᠤᠨ᠎ᠤ ᠪᠠᠶᠠᠷ᠎ᠤᠨ ᠡᠳᠤᠷ ᠪᠤᠯᠤᠨ᠎ᠡ᠃
ᠥᠷᠯᠥᠭᠡ ᠡᠷᠳᠡ᠂ 《〈ᠡᠭᠦᠷᠢᠳᠡ ᠨᠠᠮ᠎ᠢᠶᠠᠨ ᠳᠠᠭᠠᠨ᠎ᠠ〉 — ᠡᠬᠦᠯᠡᠨ ᠬᠦᠯᠦᠭ · ᠵᠠᠭᠤᠨ ᠰᠤᠷᠪᠤᠯᠵᠢᠯᠠᠭ᠍ᠴᠢ᠎ᠶ᠋ᠢᠨ ᠳᠦᠮᠡᠨ ᠭᠠᠵᠠᠷ᠎ᠤᠨ ᠠᠶᠠᠯᠠᠯ》 ᠲᠤᠮᠤ ᠬᠡᠯᠪᠡᠷᠢ᠎ᠶ᠋ᠢᠨ ᠳᠠᠮᠵᠢᠭᠤᠯᠭ᠎ᠠ᠎ᠶ᠋ᠢᠨ ᠠᠵᠢᠯᠯᠠᠭ᠎ᠠ᠎ᠶ᠋ᠢᠨ ᠵᠡᠭᠦᠨ ᠬᠡᠰᠡᠭ᠎ᠤᠨ ᠰᠤᠷᠪᠤᠯᠵᠢᠯᠠᠨ ᠮᠠᠳᠡᠭᠡᠯᠡᠬᠦ᠌ ᠳᠤᠭᠤᠢᠯᠠᠩ᠎ᠤᠨ ᠭᠡᠱᠢᠬᠦᠳ ᠥᠷᠯᠥᠭᠡ᠎ᠶ᠋ᠢᠨ ᠬᠤᠭᠤᠯᠠ᠎ᠪᠠᠨ ᠢᠳᠡᠵᠤ ᠪᠠᠷᠠᠮᠠᠬ᠍ᠴᠠᠪᠠᠨ ᠳᠠᠷᠠᠭᠠᠴᠢ᠎ᠶ᠋ᠢᠨ ᠰᠤᠷᠪᠤᠯᠵᠢᠯᠠᠭ᠎ᠠ᠎ᠶ᠋ᠢᠨ ᠭᠠᠵᠠᠷ᠎ᠢᠶᠠᠨ ᠵᠤᠷᠢᠬᠤ᠎ᠪᠠᠷ ᠪᠡᠯᠡᠳᠭᠡᠵᠤ ᠪᠠᠢᠯ᠎ᠡ᠃
ᠬᠤᠭᠤᠯᠠᠨ ᠱᠢᠷᠡᠭᠡᠨ ᠳᠡᠭᠡᠷ᠎ᠡ᠂ ᠨᠢᠭᠡ ᠫᠢᠯᠠ ᠣᠨᠴᠠᠭᠠᠢ ᠥᠩᠭᠡ᠎ᠲᠠᠢ ᠬᠠᠭᠤᠷᠤᠯᠭ᠎ᠠ᠎ᠨᠢ ᠣᠯᠠᠨ᠎ᠤ ᠠᠩᠬᠠᠷᠤᠯ᠎ᠢ ᠳᠠᠳᠠᠪᠠ᠃
《ᠬᠠᠭᠤᠷᠤᠬ᠍ᠰᠠᠨ ᠱᠢᠷ᠎ᠠ ᠪᠤᠷᠴᠠᠭ᠂ ᠦᠨᠡᠭᠡᠷ ᠠᠮᠳᠠᠳᠠᠢ!》 ᠭᠡᠵᠦ᠍ ᠬᠡᠨ ᠨᠢᠬᠡ᠎ᠨᠢ ᠢᠳᠡᠬᠦ᠌᠎ᠶ᠋ᠢᠨ ᠳᠠᠭᠠᠤ ᠪᠠᠶᠠᠷᠯᠡᠨ ᠬᠦᠭᠡᠷᠤᠯᠳᠤᠬᠦ᠌ᠶ᠋ᠢᠨ ᠴᠠᠭᠠᠨ᠎ᠠ᠂ ᠡᠨᠡ ᠬᠦ᠌ ᠫᠢᠯᠠ ᠬᠠᠭᠤᠷᠤᠯᠭ᠎ᠠ᠎ᠨᠢ ᠬᠥᠮᠦᠰ᠎ᠤᠨ ᠪᠠᠭ᠎ᠠ ᠨᠠᠰᠤᠨ᠎ᠤ ᠳᠤᠷᠠᠰᠤᠮᠵᠢ᠎ᠶ᠋ᠢ ᠡᠷᠬᠡ ᠦᠬᠡᠢ ᠰᠠᠨᠠᠬ᠍ᠳᠠᠭᠤᠯᠵᠠᠢ᠃
ᠡᠨᠡ ᠬᠦ᠌ ᠫᠢᠯᠠ ᠬᠠᠭᠤᠷᠤᠬ᠍ᠰᠠᠨ ᠱᠢᠷ᠎ᠠ ᠪᠤᠷᠴᠠᠭ᠎ᠤᠨ ᠳᠤᠬᠠᠢ ᠰᠤᠷᠪᠤᠯᠵᠢᠯᠠᠬ᠍ᠴᠢᠳ᠎ᠲᠠᠢ ᠬᠠᠮᠳᠤ ᠶᠠᠪᠤᠭ᠎ᠠ ᠥᠪᠥᠷ ᠮᠣᠩᠭᠤᠯ᠎ᠤᠨ ᠣᠶ ᠱᠢᠭᠤᠶ᠎ᠶ᠋ᠢᠨ ᠠᠵᠤ ᠦᠢᠯᠡᠳᠪᠦᠷᠢ᠎ᠶ᠋ᠢᠨ ᠪᠦᠯᠦᠭ᠌ᠯᠡᠯ᠎ᠤᠨ ᠨᠠᠮ᠎ᠤᠨ ᠬᠤᠷᠢᠶᠠᠨ᠎ᠤ ᠤᠬᠠᠭᠤᠯᠬᠤ ᠬᠡᠯᠲᠡᠰ᠎ᠤᠨ ᠭᠤᠤᠯ ᠬᠠᠮᠢᠶᠠᠷᠤᠭ᠍ᠴᠢ ᠯᠢ ᠮᠢᠩ ᠶᠠᠷᠢᠶ᠎ᠠ ᠬᠦᠭᠡᠷᠤᠭᠡ ᠪᠤᠯᠪᠠ᠃

ᠳᠡᠭᠡᠷ᠎ᠡ ᠵᠠᠭᠤᠨ᠎ᠤ ᠵᠢᠷᠠᠭᠠᠳ ᠣᠨ᠎ᠤ ᠬᠦᠴᠢᠷᠳᠡᠯ᠎ᠲᠠᠢ ᠦᠶ᠎ᠡ᠎ᠳᠤ᠂ ᠱᠢᠭᠤᠢᠲᠤ ᠣᠷᠣᠨ᠎ᠤ ᠬᠥᠮᠦᠰ ᠢᠳᠡᠱᠢᠨ ᠨᠣᠭᠤᠭ᠎ᠠ ᠣᠯᠵᠤ ᠢᠳᠡᠬᠦ᠌ ᠦᠭᠡᠢ᠎ᠠᠴᠠ ᠪᠤᠯᠵᠤ ᠮᠠᠰᠢ ᠤᠯᠠᠨ ᠬᠥᠮᠦᠨ ᠪᠦᠷ ᠠᠳᠠᠯᠢ ᠪᠤᠰᠤ ᠬᠡᠮᠵᠢᠶ᠎ᠠ᠎ᠪᠠᠷ ᠬᠠᠪᠤᠩᠨᠠᠵᠤ ᠬᠠᠪᠤᠳᠤᠭ᠍ᠰᠠᠨ ᠪᠠᠢᠵᠠᠢ᠃
1961 ᠣᠨ᠎ᠳᠤ᠂ ᠨᠠᠮ᠎ᠤᠨ ᠲᠥᠪ ᠬᠤᠷᠢᠶᠠᠨ᠎ᠤ ᠳᠡᠳ᠋ ᠲᠡᠷᠢᠭᠦᠯᠡᠭ᠌ᠴᠢ᠂ ᠪᠥᠬᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠲᠡᠷᠢᠭᠦᠯᠡᠭ᠌ᠴᠢ ᠪᠠᠢᠭ᠍ᠰᠠᠨ ᠯᠢᠦ ᠱᠤᠤ ᠴᠢ ᠥᠪᠥᠷ ᠮᠣᠩᠭᠤᠯ᠎ᠤᠨ ᠶᠡᠭᠡ ᠬᠢᠩᠭᠠᠨ ᠳᠠᠪᠠᠭᠠᠨ᠎ᠳᠤ ᠢᠷᠡᠵᠥ᠍ ᠱᠢᠨᠵᠢᠯᠡᠨ ᠪᠠᠢᠴᠠᠭᠠᠪᠠ᠂ ᠲᠡᠷᠡ ᠡᠨᠡ ᠬᠦ᠌ ᠦᠵᠡᠭ᠌ᠳᠡᠯ᠎ᠢ ᠦᠵᠡᠭᠡᠳ᠂ ᠤᠢ ᠱᠢᠭᠤᠶ᠎ᠶ᠋ᠢᠨ ᠠᠵᠢᠯᠳᠠᠨ ᠠᠵᠢᠯᠴᠢᠨ ᠨᠢᠭᠡᠪᠦᠷᠢ ᠵᠢᠴᠢ ᠭᠡᠷ ᠪᠦᠯᠢ᠎ᠶ᠋ᠢᠨ᠎ᠬᠢᠨ ᠰᠠᠷ᠎ᠠ᠎ᠳᠤ ᠨᠢᠭᠡ ᠵᠢᠩ ᠱᠢᠷ᠎ᠠ ᠪᠤᠷᠴᠠᠭ᠎ᠢᠶᠠᠷ ᠱᠢᠮ᠎ᠡ ᠲᠡᠵᠢᠭᠡᠯ ᠨᠥᠬᠦᠪᠥᠷᠢᠯᠡᠬᠦ᠌᠎ᠶ᠋ᠢ ᠲᠤᠰᠭᠠᠢᠯᠠᠨ ᠵᠥᠪᠱᠢᠶᠡᠷᠡᠭ᠌ᠰᠡᠨᠤ ᠬᠠᠮᠲᠤ ᠪᠠᠰᠠ ᠤᠢ ᠱᠢᠭᠤᠶ᠎ᠶ᠋ᠢᠨ ᠲᠣᠪᠴᠢᠶ᠎ᠠ᠎ᠶ᠋ᠢ ᠲᠠᠷᠢᠶᠠᠯᠠᠩ᠎ᠤᠨ ᠲᠠᠯᠠᠪᠠᠢ ᠡᠷᠬᠢᠯᠡᠵᠥ᠍᠂ ᠢᠳᠡᠱᠢᠨ ᠨᠣᠭᠤᠭ᠎ᠠ᠂ ᠲᠥᠮᠥᠰᠥ᠍ ᠵᠡᠷᠬᠡ᠎ᠶ᠋ᠢ ᠲᠠᠷᠢᠵᠥ᠍᠂ ᠠᠵᠢᠯᠳᠠᠨ ᠠᠵᠢᠯᠴᠢᠨ ᠤᠯᠠᠨ ᠲᠦᠮᠡᠨ᠎ᠤ ᠬᠤᠯᠢᠱᠢᠨ ᠢᠳᠡᠭᠡᠨ᠎ᠤ ᠬᠠᠩᠭᠠᠯᠭ᠎ᠠ᠎ᠶ᠋ᠢᠨ ᠠᠰᠠᠭᠤᠳᠠᠯ᠎ᠢ ᠱᠢᠢᠳᠪᠦᠷᠢᠯᠡᠬᠦ᠌ ᠶ᠋ᠢ ᠱᠠᠭᠠᠷᠳᠠᠪᠠ᠃ ᠰᠡᠭᠦᠯᠡᠷ᠎ᠨᠢ ᠡᠨᠡ ᠨᠢᠭᠡ ᠵᠢᠩ ᠱᠢᠷ᠎ᠠ ᠪᠤᠷᠴᠠᠭ᠎ᠢ ᠬᠤᠶᠠᠷ ᠵᠢᠩ ᠪᠣᠯᠭᠠᠨ ᠨᠡᠮᠡᠭ᠌ᠳᠡᠭᠦᠯᠪᠡ᠃
ᠡᠨᠡ ᠬᠦ᠌ ᠬᠤᠪᠣᠷ ᠨᠠᠨᠳᠢᠨ ᠱᠢᠷ᠎ᠠ ᠪᠤᠷᠴᠠᠭ᠎ᠨᠢ ᠱᠢᠭᠤᠢᠲᠤ ᠣᠷᠣᠨ᠎ᠤ ᠮᠠᠰᠢ ᠣᠯᠠᠨ ᠬᠥᠮᠦᠨ᠎ᠤ ᠠᠮᠢ᠎ᠶ᠋ᠢ ᠠᠪᠤᠷᠠᠵᠠᠶ᠂ ᠬᠥᠮᠦᠰ ᠪᠦᠷ ᠲᠡᠭᠦᠨ᠎ᠢ 《ᠱᠢᠮ᠎ᠡ ᠲᠡᠵᠢᠭᠡᠯᠲᠦ ᠪᠤᠷᠴᠠᠭ》᠂ 《ᠠᠮᠢ ᠠᠪᠤᠷᠠᠬ᠍ᠰᠠᠨ ᠪᠤᠷᠴᠠᠭ》 ᠭᠡᠳᠡᠭ᠂ ᠱᠢᠷ᠎ᠠ ᠪᠤᠷᠴᠠᠭ᠎ᠤᠨ ᠥᠯᠢᠭᠡᠷ ᠊ᠦᠶᠡ ᠦᠶ᠎ᠡ᠎ᠶ᠋ᠢᠨ ᠱᠢᠭᠤᠢᠲᠤ ᠣᠷᠣᠨ᠎ᠤ ᠠᠷᠠᠳ ᠲᠦᠮᠡᠨ᠎ᠤ ᠳᠤᠮᠳᠠ ᠤᠯᠠᠮᠵᠢᠯᠠᠨ ᠳᠠᠮᠵᠢᠬ᠍ᠳᠠᠨᠠ᠃
ᠨᠠᠮ᠎ᠤᠨ ᠲᠡᠤᠭᠡ᠎ᠶ᠋ᠢ ᠰᠤᠷᠤᠯᠴᠠᠵᠤ ᠨᠠᠮ᠎ᠤᠨ ᠠᠴᠢ᠎ᠶ᠋ᠢ ᠰᠠᠨᠠᠭᠠᠯᠵᠠᠨᠡ᠃
ᠦᠨᠤᠳᠤᠷ᠂ ᠪᠢᠳᠠ ᠡᠨᠡ ᠬᠦ᠌ 《ᠨᠢᠭᠡ ᠵᠢᠩ ᠱᠢᠷ᠎ᠡ ᠪᠤᠷᠴᠠᠭ》 ᠤᠨ ᠰᠡᠳᠭᠢᠯ ᠬᠦᠳᠡᠯᠭᠡᠮ᠎ᠡ ᠦᠯᠢᠭᠡᠷ᠎ᠢ ᠰᠤᠨᠤᠰᠭᠤᠯᠠᠷ 《ᠲᠡᠷᠢᠬᠦᠯᠡᠭ᠌ᠴᠢ ᠯᠢᠤ ᠱᠤᠤ ᠴᠢ᠎ᠶ᠋ᠢᠨ ᠲᠤᠷᠠᠰᠭᠠᠯ᠎ᠤᠨ ᠤᠢ》 ᠬᠡᠮᠡᠭ᠌ᠳᠡᠭ᠌ᠰᠡᠨ ᠤᠢ᠎ᠶ᠋ᠢ ᠤᠴᠢᠵᠦ᠍ ᠦᠵᠡᠬᠦ᠌ ᠰᠠᠨᠠᠭ᠎ᠠ ᠦᠪᠡᠷ᠎ᠤᠨ ᠡᠷᠭᠡ ᠦᠭᠡᠢ ᠲᠦᠷᠦᠭ᠌ᠳᠡᠨᠠ ᠁
ᠮᠠᠱᠢᠨ ᠲᠡᠷᠭᠡ᠎ᠪᠠᠷ 20 ᠭᠠᠷᠤᠶ ᠺᠢᠯᠣᠮᠧᠲᠷ ᠠᠶᠠᠯᠠᠬ᠍ᠰᠠᠨᠤ ᠳᠠᠷᠠᠭ᠎ᠠ ᠢᠭ᠍ᠴᠤ ᠰᠠᠬᠤᠯᠢᠭ ᠣᠢ ᠱᠢᠭᠤᠶ ᠬᠠᠷᠠᠭᠠᠨ᠎ᠳᠤ ᠳᠤᠳᠤᠷᠠᠨ᠎ᠠ᠃ ᠥᠨᠳᠥᠷ ᠰᠦᠷᠯᠢᠭ ᠬᠠᠢᠯᠠᠷ ᠨᠠᠷᠠᠰᠤ ᠠᠭᠤᠯᠠᠠ ᠣᠷᠣᠢ᠎ᠳᠤ ᠰᠦᠨᠳᠡᠷᠯᠡᠵᠦ᠍᠂ ᠨᠠᠷᠠᠰᠤ ᠮᠠᠢᠯᠠᠰᠤ ᠱᠤᠭᠤᠮᠠᠯ᠎ᠤᠨ ᠰᠦᠷᠦᠭ ᠬᠠᠷᠢᠯᠴᠠᠨ ᠨᠦᠬᠦᠴᠡᠯᠳᠤᠵᠥ᠍᠂ ᠲᠡᠷᠢᠭᠦᠯᠡᠭ᠌ᠴᠢ ᠯᠢᠦ ᠱᠤᠤ ᠴᠢ᠎ᠶ᠋ᠢᠨ ᠳᠤᠷᠠᠰᠭᠠᠯ᠎ᠤᠨ ᠣᠢ᠎ᠶ᠋ᠢᠨ ᠠᠤᠭ᠎ᠠ ᠰᠦᠷᠯᠢᠭ ᠪᠠ ᠲᠥᠪ ᠶᠡᠬᠡᠮᠰᠦᠭᠢ ᠲᠤᠰᠭᠠᠨ᠎ᠠ᠃
ᠠᠳᠡ᠂ ᠰᠤᠷᠪᠤᠯᠵᠢᠯᠠᠭ᠍ᠴᠢ ᠳᠤᠯᠢ ᠭᠤᠤᠯ᠎ᠤᠨ ᠣᠶ ᠱᠢᠭᠤᠶ᠎ᠶ᠋ᠢᠨ ᠠᠵᠤ ᠦᠢᠯᠡᠳᠪᠦᠷᠢ᠎ᠶ᠋ᠢᠨ ᠺᠣᠮᠫᠠᠨᠢ᠎ᠶ᠋ᠢᠨ ᠠᠵᠢᠯᠲᠠᠨ ᠶᠠᠩ ᠵᠥᠩ ᠯᠢᠶᠠᠩ᠎ᠲᠠᠢ ᠠᠭᠤᠯᠵᠠᠪᠠ᠂ ᠤᠯᠠᠨ ᠱᠤᠭᠤᠮᠠᠯᠤᠳᠤᠨ ᠲᠤᠳᠤᠷᠠᠬᠢ ᠨᠢᠬᠡ᠎ᠨᠢ ᠲᠡᠬᠦᠨ᠎ᠤ ᠠᠪᠤ ᠶᠠᠩ ᠵᠧᠨ ᠴᠢ᠎ᠶ᠋ᠢᠨ ᠱᠤᠭᠤᠮᠠᠯ ᠪᠠᠢᠪᠠ᠃ 1953 ᠣᠨ᠎ᠳᠤ᠂ ᠠᠪᠤ᠎ᠨᠢ ᠴᠡᠷᠢᠭ᠎ᠠᠴᠠ ᠬᠠᠯᠠᠭ᠍ᠳᠠᠵᠤ ᠶᠡᠭᠡ ᠬᠢᠩᠭᠠᠨ ᠳᠠᠪᠠᠭ᠎ᠠ᠎ᠶ᠋ᠢᠨ ᠱᠢᠭᠤᠢᠲᠤ ᠣᠷᠣᠨ᠎ᠳᠤ ᠢᠷᠡᠵᠥ᠍᠂ ᠤᠤᠯ᠎ᠤᠨ ᠱᠢᠨᠡᠴᠢ ᠤᠢ ᠱᠢᠭᠤᠢ᠎ᠶ᠋ᠢᠨ ᠲᠣᠪᠴᠢᠶᠠᠨ᠎ᠤ ᠮᠠᠱᠢᠨ ᠲᠡᠷᠭᠡᠨ᠎ᠤ ᠠᠩᠬᠢ᠎ᠶ᠋ᠢᠨ ᠵᠢᠯᠣᠭᠤᠴᠢ ᠪᠣᠯᠪᠠ᠃ 1958 ᠣᠨ᠎ᠳᠤ᠂ ᠶᠠᠩ ᠵᠧᠨ ᠴᠢ ᠠᠩᠬ᠎ᠠ ᠤᠳᠠᠭ᠎ᠠ 《ᠮᠠᠱᠢᠨ ᠲᠡᠷᠭᠡ᠎ᠪᠠᠷ ᠮᠠᠲ᠋ᠧᠷᠢᠶᠠᠯ ᠵᠦ᠍ᠭᠡᠭᠡᠪᠤᠷᠢᠯᠡᠬᠦ᠌ᠶ᠋ᠢ ᠭᠠᠯᠲᠤ ᠲᠡᠷᠭᠡ᠎ᠪᠠᠷ ᠵᠥᠭᠡᠭᠡᠪᠦᠷᠢᠯᠡᠬᠦ᠌》 ᠱᠢᠨ᠎ᠡ ᠵᠠᠭ᠍ᠪᠤᠷ᠎ᠢ ᠡᠭᠦᠳᠴᠦ᠍᠂ ᠨᠢᠬᠡ ᠤᠳᠠᠭ᠎ᠠ᠎ᠳᠤ 17 ᠴᠢᠷᠦᠭᠦᠯ ᠲᠡᠷᠭᠡ᠎ᠶ᠋ᠢ ᠴᠢᠷᠴᠦ᠍᠂ ᠪᠦᠬᠦᠯᠢ ᠮᠣᠳᠣ᠎ᠶ᠋ᠢ 361 ᠪᠣᠰᠤᠭ᠎ᠠ ᠳᠥᠷᠪᠡᠯᠵᠢᠨ ᠮᠧᠲᠷ ᠬᠦᠷᠭᠡᠭ᠌ᠰᠡᠨ ᠪᠦᠬᠦ᠌ ᠤᠯᠤᠰ᠎ᠤᠨ ᠬᠠᠮᠤᠭ᠎ᠤᠨ ᠥᠨᠳᠥᠷ ᠲᠡᠮᠳᠡᠭ᠌ᠯᠡᠯ᠎ᠢ ᠡᠭᠦᠳᠴᠦ᠍᠂ ᠪᠦᠬᠦ᠌ ᠤᠯᠤᠰ᠎ᠤᠨ ᠬᠥᠳᠡᠯᠮᠦᠷᠢ᠎ᠶ᠋ᠢᠨ ᠵᠢᠱ᠌ᠢᠶᠡᠴᠢ᠂ ᠶᠡᠭᠡ ᠬᠢᠩᠭᠠᠨ ᠳᠠᠪᠠᠭ᠎ᠠ᠎ᠶ᠋ᠢᠨ ᠤᠢ ᠱᠢᠭᠤᠢ᠎ᠶ᠋ᠢᠨ ᠳᠤᠪᠴᠢᠶᠠᠨ᠎ᠤ ᠱᠢᠰᠲᠧᠮ᠎ᠤᠨ 《ᠤᠯᠠᠭᠠᠨ ᠲᠤᠭ᠍ᠴᠢ ᠪᠢᠶᠤᠤᠪᠢᠩ》 ᠵᠡᠷᠭᠡ ᠢᠷᠠᠭᠤ ᠠᠯᠳᠠᠷ᠎ᠤᠨ ᠴᠣᠯᠠ᠎ᠶ᠋ᠢ ᠬᠦᠷᠲᠡᠭ᠌ᠰᠡᠨ ᠪᠠᠢᠪᠠ᠃
ᠥᠩᠭᠡᠷᠡᠭ᠌ᠰᠡᠨ ᠡᠳᠦᠷ ᠬᠤᠨᠤᠭᠲᠤ᠌᠂ ᠶᠠᠩ ᠵᠦᠩ ᠯᠢᠶᠠᠩ ᠦᠷᠭᠦᠯᠵᠢ ᠠᠳᠡ ᠢᠷᠡᠵᠦ᠍᠂ ᠲᠤᠬᠠᠢ᠎ᠶ᠋ᠢᠨ ᠵᠢᠯ᠎ᠤᠨ ᠠᠬᠠᠮᠠᠳ ᠨᠢᠬᠡ ᠦᠶ᠎ᠡ᠎ᠶ᠋ᠢᠨ᠎ᠬᠢᠨ᠎ᠤ ᠱᠢᠷᠭᠠᠭᠤ ᠬᠠᠲᠠᠭᠤᠵᠢᠯᠲᠠᠢ ᠲᠡᠮᠡᠴᠡᠭ᠌ᠰᠡᠨ ᠤᠨ ᠰᠠᠷᠠᠶ᠋ᠢ ᠡᠷᠭᠢᠴᠡᠭᠦᠯᠳᠡᠭ᠃ ᠲᠡᠷᠡ ᠳᠤᠷᠠᠰᠭᠠᠯ᠎ᠤᠨ ᠤᠢ᠎ᠶ᠋ᠢᠨ ᠡᠮᠦᠨᠡᠬᠢ ᠱᠤᠭᠤᠮᠠᠯ᠎ᠢ ᠬᠠᠷᠠᠭᠠᠳ᠄ 《ᠮᠢᠨᠦ᠍ ᠠᠪᠤ ᠪᠣᠯ ᠨᠢᠭᠡᠳᠦᠭᠡᠷ ᠦᠶ᠎ᠡ᠎ᠶ᠋ᠢᠨ ᠱᠢᠭᠤᠢᠲᠤ ᠣᠷᠣᠨ᠎ᠤ ᠬᠥᠮᠦᠨ ᠮᠥᠨ᠂ ᠪᠢ ᠪᠣᠯ ᠬᠤᠶᠠᠳᠤᠭᠠᠷ ᠦᠶ᠎ᠡ᠎ᠶ᠋ᠢᠨ ᠱᠢᠭᠤᠢ᠍ᠢᠳᠤ ᠤᠷᠤᠨ᠎ᠤ ᠬᠥᠮᠦᠨ᠂ ᠣᠲᠣ ᠮᠢᠨᠦ᠍ ᠬᠡᠦᠬᠡᠳ ᠴᠦ᠍ ᠠᠳᠡ ᠦᠨᠳᠦᠰᠦ ᠬᠠᠳᠭᠤᠵᠥ᠍᠂ ᠭᠤᠷᠪᠠᠳᠤᠭᠠᠷ ᠦᠶ᠎ᠡ᠎ᠶ᠋ᠢᠨ ᠱᠢᠭᠤᠢᠲᠤ ᠣᠷᠣᠨ᠎ᠤ ᠬᠥᠮᠦᠨ ᠪᠣᠯᠪᠠ᠂ ᠪᠢᠳᠡ ᠦᠶ᠎ᠡ᠎ᠶ᠋ᠢᠨ ᠦᠶ᠎ᠡ᠎ᠳᠡᠭᠡᠨ ᠡᠨᠡ ᠬᠡᠰᠡᠭ ᠣᠶ᠎ᠶ᠋ᠢ ᠰᠠᠬᠢᠨ ᠬᠠᠮᠠᠭᠠᠯᠠᠨ᠎ᠠ!》 ᠬᠡᠵᠥ᠍ ᠢᠳᠡᠭᠡᠯ ᠳᠡᠬᠦᠯᠳᠡᠷ ᠶᠠᠷᠢᠨ᠎ᠠ᠃
ᠲᠤᠯᠢ ᠭᠤᠣᠯ ᠤᠢ ᠱᠢᠭᠤᠢ᠎ᠶ᠋ᠢᠨ ᠠᠵᠤ ᠦᠢᠯᠡᠳᠪᠦᠷᠢ᠎ᠶ᠋ᠢᠨ ᠺᠣᠮᠫᠠᠨᠢ᠎ᠶ᠋ᠢᠨ ᠠᠵᠢᠯᠳᠠᠨ ᠦ᠋ ᠱᠢᠤᠸᠠᠢ ᠵᠢᠩ᠄ 《ᠡᠨᠡ ᠵᠢᠯ ᠪᠣᠯ ᠳᠤᠮᠳᠠᠳᠤ ᠤᠯᠤᠰ᠎ᠤᠨ ᠡᠪ ᠬᠠᠮᠳᠤ ᠨᠠᠮ ᠪᠠᠢᠭᠤᠯᠤᠭ᠍ᠳᠠᠭ᠍ᠰᠠᠨ 100 ᠵᠢᠯ᠎ᠤᠨ ᠤᠢ ᠪᠣᠯᠤᠨ᠎ᠠ᠂ 〈ᠲᠡᠷᠢᠭᠦᠯᠡᠭ᠌ᠴᠢ ᠯᠢᠦ ᠱᠤᠤ ᠴᠢ᠎ᠶ᠋ᠢᠨ ᠳᠤᠷᠠᠰᠭᠠᠯ᠎ᠤᠨ ᠤᠢ〉 ᠨᠢ ᠮᠠᠨ᠎ᠤ ᠲᠤᠬᠠᠢ᠎ᠶ᠋ᠢᠨ ᠭᠠᠵᠠᠷ᠎ᠤᠨ ᠨᠠᠮ᠎ᠤᠨ ᠲᠡᠦᠬᠡ᠎ᠶ᠋ᠢᠨ ᠰᠤᠷᠤᠯᠴᠠᠯᠭ᠎ᠠ ᠬᠥᠮᠦᠵᠢᠯ᠎ᠲᠠᠢ ᠤᠶᠠᠯᠳᠤᠭᠤᠯᠤᠨ ᠭᠤᠣᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ ᠥᠷᠨᠢᠭᠦᠯᠬᠦ᠌ ᠴᠢᠬᠤᠯᠠ ᠭᠠᠵᠠᠷ ᠪᠣᠯᠵᠠᠢ》 ᠬᠡᠪᠡ᠃
《ᠨᠠᠮ᠎ᠤᠨ ᠲᠡᠦᠬᠡ᠎ᠶ᠋ᠢ ᠰᠤᠷᠤᠯᠴᠠᠵᠤ᠂ ᠨᠠᠮ᠎ᠤᠨ ᠠᠴᠢ᠎ᠶ᠋ᠢ ᠮᠠᠭ᠍ᠲᠠᠨ᠂ ᠨᠠᠮ᠎ᠢᠶᠠᠨ ᠳᠠᠭᠠᠨᠡ᠃》 ᠱᠢᠨ᠎ᠡ ᠨᠢᠭᠡ ᠦᠶ᠎ᠡ᠎ᠶ᠋ᠢᠨ ᠱᠢᠭᠤᠢᠲᠤ ᠣᠷᠣᠨ᠎ᠤ ᠬᠥᠮᠦᠰ ᠠᠬᠠᠮᠠᠳ ᠨᠢᠭᠡ ᠦᠶ᠎ᠡ᠎ᠶ᠋ᠢᠨ ᠨᠠᠮ ᠳᠦᠷᠦ᠎ᠶ᠋ᠢᠨ ᠤᠳᠤᠷᠢᠳᠤᠯᠭ᠎ᠠ᠎ᠶ᠋ᠢᠨ ᠱᠢᠭᠤᠢᠲᠤ ᠣᠷᠣᠨ᠎ᠤ ᠲᠤᠬᠠᠶ ᠴᠢᠩ ᠰᠡᠳᠭᠢᠯ᠎ᠤᠨ ᠰᠤᠷᠭᠠᠯ᠎ᠢ ᠮᠠᠷᠲᠠᠯ ᠥᠬᠡᠶ ᠶᠡᠷᠦᠩᠬᠡᠶ ᠱᠦᠵᠢ ᠰᠢ᠎ᠶ᠋ᠢᠨ ᠫᠢᠩ᠎ᠤᠨ ᠴᠢᠩ ᠰᠡᠳᠭᠢᠯ᠎ᠤᠨ ᠬᠦᠰᠡᠯ ᠨᠠᠢᠳᠠᠯᠭ᠎ᠠ᠎ᠶ᠋ᠢ ᠮᠠᠷᠲᠠᠯ ᠥᠬᠡᠶ᠎ᠪᠠᠷ ᠡᠬᠡ ᠤᠯᠤᠰ᠎ᠤᠨ ᠤᠮᠠᠷᠠᠲᠤ᠎ᠶ᠋ᠢᠨ ᠡᠨᠡ ᠬᠦ᠌ ᠨᠣᠮᠢᠨ ᠨᠣᠭᠤᠭᠠᠨ ᠣᠶ ᠱᠢᠭᠤᠶ᠎ᠶ᠋ᠢ ᠰᠠᠢᠲᠤᠷ ᠬᠠᠮᠠᠭᠠᠯᠠᠬᠤ ᠠᠭᠤᠤ ᠶᠡᠭᠡ ᠲᠡᠦᠬᠡ᠎ᠶ᠋ᠢᠨ ᠠᠶᠠᠨ᠎ᠳᠤ᠂ ᠲᠤᠮᠤ ᠠᠯᠬᠤᠮ᠎ᠢᠶᠠᠷ ᠤᠷᠤᠭ᠍ᠰᠢᠯᠠᠬ᠍ᠰᠠᠭᠠᠷ ᠁