ᠲᠦᠪᠡᠳ ᠭᠠᠭ᠍ᠠᠢ ᠳᠡᠵᠢᠬᠡᠵᠦ᠍ ᠪᠠᠢᠭ᠎ᠠ ᠹᠧᠩ ᠡᠭᠡᠴᠢ
2021-06-16 16:48:35
ᠵᠣᠬᠢᠶᠠᠭ᠍ᠴᠢ᠄
ᠯᠢᠶᠠᠩ ᠯᠢᠶᠠᠩ ᠳ᠋ᠧᠩ ᠢᠦᠶ ᠱᠢᠶᠠ ᠬᠥᠪᠴᠢᠨ ᠸᠠᠩ ᠲᠠᠨ᠎ᠠ ᠶᠤᠸᠠᠨ ᠪᠦᠦ ᠨᠢᠶᠠᠨ ᠬᠤᠢᠳᠤᠠᠤᠯᠤᠰ
ᠣᠩᠱᠢᠭ᠍ᠰᠠᠨ ᠣᠳᠠᠭ᠎ᠠ᠄
★★★☆☆

ᠤᠯᠠᠭᠠᠨᠬᠠᠳᠠ ᠬᠤᠲᠠ᠎ᠶ᠋ᠢᠨ ᠬᠠᠷᠠᠴᠢᠨ ᠬᠤᠱᠢᠭᠤᠨ᠎ᠤ ᠨᠠᠷᠢᠨ ᠪᠠᠯᠭᠠᠰᠤᠨ᠎ᠤ ᠸᠠᠩ ᠱᠢᠶᠤᠤ ᠹᠧᠩ ᠲᠦᠪᠡᠳ ᠭᠠᠭ᠍ᠠᠢ᠎ᠶ᠋ᠢᠨ ᠲᠡᠵᠢᠭᠡᠪᠦᠷᠢ᠎ᠶ᠋ᠢᠨ ᠦᠢᠯᠡᠰ᠎ᠢ ᠬᠡᠪᠴᠢᠶᠠᠵᠢᠭᠦᠯᠤᠨ ᠬᠦᠭ᠌ᠵᠢᠭᠦᠯᠦᠭ᠌ᠰᠡᠨ ᠴᠢᠮᠡᠭᠡ᠎ᠪᠠᠷ ᠪᠢᠳᠠ ᠲᠡᠭᠦᠨ᠎ᠢ ᠰᠤᠷᠪᠤᠯᠵᠢᠯᠠᠬᠤ᠎ᠪᠠᠷ ᠬᠦᠷᠦᠯ᠎ᠠ᠃


QQ截图20210616152445.png


ᠳᠡᠵᠢᠬᠡᠭ᠌ᠰᠡᠨ ᠭᠠᠭ᠍ᠠᠢ᠎ᠨᠢ ᠶᠡᠷᠦ᠍ ᠪᠠᠷᠢᠭ᠍ᠳᠠᠳᠠᠭ ᠦᠬᠡᠢ᠂ ᠬᠡᠷᠡᠮ  ᠬᠠᠨ᠎ᠠ ᠳᠡᠭᠡᠭᠦᠷ 《ᠨᠢᠰᠴᠤ᠌  ᠳᠡᠭ᠌ᠳᠡᠳᠡᠭ》  ᠭᠡᠬᠦᠯᠡᠷ ᠎ᠨᠢ ᠦᠨᠡᠭᠡᠷ ᠭᠠᠢᠬᠠᠮᠠᠷ!  ᠬᠠᠷᠢᠨ ᠸᠠᠩ ᠱᠢᠶᠤᠤ ᠹᠧᠩ ᠡᠳᠡᠭᠡᠷ ᠵᠢᠯ᠎ᠤᠳ᠎ᠲᠤ ᠬᠠᠢᠨ ᠰᠦᠪᠡᠭ᠌ᠴᠢᠯᠡᠭ᠌ᠰᠡᠭᠡᠷ ᠪᠠᠢᠵᠦ᠍ ᠲᠥᠪᠡᠳ ᠭᠠᠭ᠍ᠠᠶ ᠲᠡᠵᠢᠭᠡᠬᠦ᠌ — ᠠᠭᠤᠯᠠᠷᠬᠠᠭ ᠣᠷᠣᠨ᠎ᠤ ᠠᠮᠢ ᠠᠬᠤᠢ᠎ᠶ᠋ᠢᠨ ᠲᠠᠷᠢᠶᠠᠯᠠᠩ ᠮᠠᠯ ᠠᠵᠤ ᠠᠬᠤᠶ᠎ᠶ᠋ᠢᠨ ᠠᠵᠤ  ᠦᠢᠯᠡᠰ᠎ᠤᠨ ᠱᠢᠨ᠎ᠡ ᠵᠠᠮ᠎ᠢ ᠡᠷᠢᠵᠦ᠍ ᠣᠯᠤᠭ᠍ᠰᠠᠨ ᠪᠠᠢᠯ᠎ᠠ᠃

ᠱᠢᠭᠤᠷᠬᠠᠢ ᠵᠠᠩ᠎ᠲᠠᠢ ᠸᠠᠩ ᠱᠢᠶᠤᠤ ᠹᠧᠩ ᠴᠢᠳᠠᠪᠤᠷᠢᠯᠢᠭ ᠮᠦᠷᠳᠡᠭᠡᠨ ᠠᠬᠠᠯᠠᠭ᠍ᠴᠢ᠎ᠶ᠋ᠢᠨ ᠨᠠᠮᠪᠠ᠎ᠲᠠᠢ ᠪᠠᠢᠳᠠᠭ᠎ᠠᠴᠠ ᠤᠯᠡᠨ᠎ᠢᠶᠠᠷ᠎ᠢᠶᠠᠨ ᠲᠡᠭᠦᠨ᠎ᠢ ᠹᠧᠩ ᠡᠭᠡᠴᠢ ᠭᠡᠳᠡᠭ᠃

1994 ᠣᠨ᠎ᠳᠤ 31 ᠨᠠᠰᠤᠲᠠᠢ ᠸᠠᠩ ᠱᠢᠶᠤᠤ ᠹᠧᠩ ᠠᠮᠢ ᠠᠬᠤᠢ᠎ᠶ᠋ᠢᠨ ᠲᠠᠷᠢᠶᠠᠯᠠᠩ ᠮᠠᠯ ᠠᠵᠤ ᠠᠬᠤᠢ ᠡᠷᠬᠢᠯᠡᠬᠦ᠌ ᠭᠡᠵᠦ᠍ ᠨᠡᠬᠡᠮᠡᠯ᠎ᠤᠨ ᠠᠵᠢᠯᠴᠢᠨ᠎ᠤ ᠠᠵᠢᠯ᠎ᠢᠶᠠᠨ ᠬᠠᠶᠠᠵᠤ᠂ ᠲᠠᠷᠢᠶᠠᠯᠠᠩ᠎ᠤᠨ ᠲᠠᠯᠠᠪᠠᠢ᠎ᠶ᠋ᠢ ᠳᠠᠭᠠᠭᠠᠴᠢᠯᠠᠨ ᠠᠪᠴᠤ᠌ ᠦᠢᠯᠡᠰ ᠪᠤᠰᠭᠠᠪᠠ᠃

ᠤᠯᠠᠨ ᠤᠳᠠᠭᠠᠨ᠎ᠤ ᠨᠤᠭᠤᠷᠠᠯ ᠪᠦᠳᠦᠷᠢᠯ ᠪᠠ ᠢᠯᠠᠭ᠍ᠳᠠᠯ᠎ᠢ ᠲᠤᠭᠤᠯᠵᠦ᠍ ᠤᠶᠤᠨ ᠰᠠᠨᠠᠭ᠎ᠠ ᠪᠠ ᠠᠵᠤ ᠠᠬᠤᠢ᠎ᠶ᠋ᠢᠨ ᠬᠦᠨᠳᠦ ᠶᠡᠭᠡ ᠳᠠᠷᠤᠯᠳᠠ᠎ᠶ᠋ᠢ ᠦᠩᠭᠡᠷᠡᠬᠦᠯᠦᠭ᠌ᠰᠡᠨ᠎ᠤ ᠡᠴᠦᠰ᠎ᠲᠤ ᠲᠡᠷᠡ᠂ 2015 ᠣᠨ᠎ᠳᠤ ᠠᠮᠢ ᠠᠬᠤᠢ᠎ᠶ᠋ᠢᠨ ᠲᠠᠷᠢᠶᠠᠯᠠᠩ ᠮᠠᠯ ᠠᠵᠤ ᠠᠬᠤᠢ᠎ᠶ᠋ᠢᠨ ᠠᠵᠤ ᠦᠢᠯᠡᠰ᠎ᠤᠨ ᠱᠢᠨ᠎ᠡ ᠵᠠᠮ᠎ᠢ ᠬᠠᠢᠵᠦ᠍ ᠣᠯᠵᠠᠢ᠃

ᠣᠳᠣᠬᠠᠨ᠎ᠳᠤ ᠲᠡᠷᠡ ᠲᠥᠪᠡᠳ ᠭᠠᠭ᠍ᠠᠢ ᠲᠡᠵᠢᠭᠡᠬᠦ᠌ ᠦᠢᠯᠡᠰ᠎ᠢ ᠤᠯᠠᠭᠠᠨᠬᠠᠳᠠ ᠬᠤᠳᠠ᠎ᠶ᠋ᠢᠨ ᠤᠨᠴᠠᠯᠢᠬ᠍ᠳᠤ ᠠᠵᠤ ᠦᠢᠯᠡᠰ ᠪᠣᠯᠭᠠᠨ ᠬᠥᠭ᠌ᠵᠢᠭᠦᠯᠦᠭ᠌ᠰᠡᠨ᠎ᠢᠶᠠᠷ ᠪᠠᠷᠠᠬᠤ ᠦᠬᠡᠢ ᠪᠠᠰᠠ ᠮᠠᠨ᠎ᠤ ᠤᠯᠤᠰ᠎ᠤᠨ ᠤᠮᠠᠷᠠᠲᠤ᠎ᠶ᠋ᠢᠨ ᠬᠠᠮᠤᠭ᠎ᠤᠨ ᠲᠤᠮᠤ ᠲᠥᠪᠡᠳ ᠭᠠᠭ᠍ᠠᠢ᠎ᠶ᠋ᠢᠨ ᠲᠡᠵᠢᠭᠡᠪᠦᠷᠢ᠎ᠶ᠋ᠢᠨ ᠰᠠᠭᠤᠷᠢᠨ᠎ᠢ ᠪᠠᠢᠭᠤᠯᠪᠠ᠃



ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠭ᠍ᠰᠠᠨ 100 ᠵᠢᠯ᠎ᠤᠨ ᠤᠢ᠎ᠶ᠋ᠢᠨ ᠲᠠᠱᠢᠷᠠᠮ᠎ᠢᠶᠠᠷ᠂ ᠨᠠᠮ᠎ᠳᠤ ᠣᠷᠣᠭᠠᠳ 37 ᠵᠢᠯ ᠪᠤᠯᠵᠤ ᠪᠠᠢᠭ᠎ᠠ ᠨᠢᠭᠡᠨ ᠠᠬᠠᠮᠠᠳ ᠨᠠᠮ᠎ᠤᠨ ᠭᠡᠱᠢᠭᠦᠨ ᠪᠣᠯᠤᠭ᠍ᠰᠠᠨ᠎ᠤ ᠬᠤᠪᠢ᠎ᠳᠤ ᠲᠡᠷᠡ ᠶᠠᠮᠠᠷ ᠲᠦᠷᠦᠭ᠌ᠳᠡᠯ᠎ᠲᠠᠢ ᠪᠠᠢᠭ᠎ᠠ ᠪᠤᠯ?

6 ᠰᠠᠷ᠎ᠠ᠎ᠶ᠋ᠢᠨ 13 ᠎ᠤ ᠡᠳᠦᠷ᠂ 《〈ᠡᠭᠦᠷᠢᠳᠡ ᠨᠠᠮ᠎ᠢᠶᠠᠨ ᠳᠠᠭᠠᠶ᠎ᠠ〉 — ᠡᠭᠦᠯᠡᠨ ᠬᠦᠯᠦᠭ · ᠵᠠᠭᠤᠨ ᠰᠤᠷᠪᠤᠯᠵᠢᠯᠠᠭ᠍ᠴᠢ᠎ᠶ᠋ᠢᠨ ᠲᠦᠮᠡᠨ ᠭᠠᠵᠠᠷ᠎ᠤᠨ ᠠᠶᠠᠯᠠᠯ》 ᠎ᠤᠨ ᠤᠯᠠᠭᠠᠨᠬᠠᠳᠠ᠎ᠶ᠋ᠢᠨ ᠰᠤᠷᠪᠤᠯᠵᠢᠯᠠᠨ ᠮᠡᠳᠡᠭᠡᠯᠡᠬᠦ᠌ ᠳᠤᠭᠤᠢᠯᠠᠩ᠎ᠤᠨ ᠰᠤᠷᠪᠤᠯᠵᠢᠯᠠᠭ᠍ᠴᠢ ᠨᠠᠷ 《ᠬᠠᠷᠠᠴᠢᠨ ᠬᠤᠱᠢᠭᠤᠨ᠎ᠤ ᠹᠧᠩ ᠡᠭᠡᠴᠢ ᠠᠮᠢ ᠠᠬᠤᠶ᠎ᠶ᠋ᠢᠨ ᠲᠠᠷᠢᠶᠠᠯᠠᠩ ᠮᠠᠯᠵᠢᠯ᠎ᠤᠨ ᠲᠠᠯᠠᠪᠠᠶ》 ᠎ᠳᠤ ᠬᠥᠷᠪᠡ ᠁


QQ截图20210616152521.png


 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号