《ᠨᠢᠭᠡ ᠰᠡᠳᠭᠢᠯ᠎ᠢᠶᠠᠷ ᠨᠣᠮ ᠣᠷᠴᠢᠭᠤᠯᠵᠦ᠍ ᠰᠠᠭᠤᠬᠤ᠎ᠳᠠᠭᠠᠨ ᠽᠦᠩᠽᠢ᠎ᠪᠠᠨ ᠪᠤᠷᠠᠮ᠎ᠳᠠᠭᠠᠨ ᠪᠢᠰᠢ᠂ ᠬᠠᠷᠢᠨ ᠪᠡᠭᠡ᠎ᠳᠡᠭᠡᠨ ᠳᠦᠷᠦᠵᠦ᠍ ᠢᠲᠡᠴᠢᠭᠡᠭᠡᠳ ᠥᠪᠡᠷ᠎ᠢᠶᠠᠨ ᠴᠤ᠌ ᠰᠡᠷᠡᠵᠦ᠍ ᠮᠡᠳᠡᠭ᠌ᠰᠡᠨ ᠦᠭᠡᠢ᠎ᠨᠢ ᠬᠡᠨ ᠪᠤᠢ?》 《ᠵᠢᠶᠠᠩ ᠡᠭᠡᠴᠢ᠎ᠶ᠋ᠢᠨ ᠪᠦᠲᠦᠨ ᠨᠡᠷ᠎ᠡ᠎ᠨᠢ ᠭᠡᠡ ᠭᠡᠲᠡᠭ ᠪᠤᠢ?》 《ᠤᠯᠠᠭᠠᠨ ᠣᠩᠭᠤᠴᠠᠨ᠎ᠤ ᠵᠣᠷᠢᠭ ᠰᠠᠨᠠᠭ᠎ᠠ ᠭᠡᠭ᠌ᠴᠢ ᠶᠠᠭᠤ ᠪᠣᠶ?》 ᠁ 6 ᠰᠠᠷ᠎ᠠ᠎ᠶ᠋ᠢᠨ 15 ᠤ ᠡᠳᠦᠷ᠂ ᠦᠬᠠᠢ ᠬᠤᠳᠠ᠎ᠶ᠋ᠢᠨ ᠨᠠᠮᠴᠢ ᠴᠢᠨᠠᠷ᠎ᠤᠨ ᠬᠥᠮᠦᠵᠢᠯ ᠦᠢᠯᠡᠳᠦᠯᠭᠡ᠎ᠶ᠋ᠢᠨ ᠲᠥᠪ᠎ᠲᠤ᠌᠂ ᠲᠠᠢᠯᠪᠤᠷᠢᠯᠠᠭ᠍ᠴᠢ ᠱᠧᠨ ᠶᠠᠨ᠎ᠤ ᠲᠤᠷᠠᠲᠤᠭ᠍ᠰᠠᠠ ᠡᠳᠡᠭᠡᠷ ᠤᠯᠠᠨ ᠠᠰᠠᠭᠤᠯᠲᠠ᠎ᠶ᠋ᠢ ᠲᠤᠭᠤᠷᠢᠨ ᠦᠵᠡᠭ᠌ᠴᠢᠳ ᠢᠳᠡᠪᠬᠢᠲᠡᠢ᠎ᠪᠠᠷ ᠬᠠᠷᠢᠭᠤᠯᠵᠠᠭᠠᠨᠠ᠃

ᠦᠬᠠᠶ ᠬᠤᠲᠠ᠎ᠶ᠋ᠢᠨ ᠨᠠᠮᠴᠢ ᠴᠢᠨᠠᠷ᠎ᠤᠨ ᠬᠥᠮᠦᠵᠢᠯ ᠦᠶᠯᠡᠳᠦᠯᠭᠡ᠎ᠶ᠋ᠢᠨ ᠲᠥᠪ 2020 ᠣᠨ᠎ᠤ 7 ᠰᠠᠷ᠎ᠠ᠎ᠶ᠋ᠢᠨ ᠡᠬᠢ᠎ᠪᠠᠷ ᠡᠷᠦᠭᠡ ᠰᠡᠭᠦᠵᠦ᠍ ᠡᠭᠦᠲᠠ᠎ᠪᠠᠨ ᠨᠡᠭᠡᠭᠡᠵᠠᠢ᠃ ᠣᠬᠤᠷᠬᠠᠨ 1 ᠵᠢᠯ᠎ᠤᠨ ᠬᠤᠭᠤᠴᠠᠭᠠᠨ᠎ᠳᠤ᠂ ᠲᠣᠰ ᠲᠥᠪ᠎ᠨᠢ ᠨᠢᠭᠡᠨᠲᠡ ᠲᠤᠬᠠᠶ᠎ᠶ᠋ᠢᠨ ᠭᠠᠵᠠᠷ᠎ᠤᠨ 《ᠰᠦᠯᠵᠢᠶᠡᠨ᠎ᠤ ᠨᠠᠷᠠᠲᠤ ᠬᠥᠮᠦᠰ᠎ᠤᠨ ᠵᠠᠪᠠᠯ ᠤᠴᠢᠬᠤ ᠭᠠᠵᠠᠷ》 ᠪᠣᠯᠵᠣ᠂ 1.6 ᠲᠦᠮᠡᠨ ᠲᠣᠭᠤᠷᠢᠨ ᠦᠵᠡᠭ᠌ᠴᠢ᠎ᠶ᠋ᠢ ᠭᠥᠯᠢᠶᠡᠨ ᠠᠪᠴᠠᠶ᠃ ᠲᠡᠷᠡ᠎ᠨᠢ ᠴᠤᠬᠤᠮ ᠶᠠᠮᠠᠷᠬᠠᠨ 《ᠤᠪᠠᠳᠢᠰ》 ᠲᠠᠢ ᠪᠤᠯᠴᠢᠬᠠᠪᠠ? ᠣᠯᠠᠨ᠎ᠢᠶᠠᠷ᠎ᠢᠶᠠᠨ ᠥᠪᠥᠷ ᠮᠣᠩᠭᠤᠯ᠎ᠤᠨ ᠡᠳᠦᠷ᠎ᠤᠨ ᠰᠣᠨᠢᠨ᠎ᠤ ᠬᠤᠷᠢᠶ᠎ᠠ᠎ᠶ᠋ᠢᠨ 《〈ᠡᠭᠦᠷᠢᠳᠡ ᠨᠠᠮ᠎ᠢᠶᠠᠨ ᠳᠠᠭᠠᠨ᠎ᠠ〉 — ᠡᠬᠦᠯᠡᠨ ᠬᠦᠯᠦᠭ · ᠵᠠᠭᠤᠨ ᠰᠤᠷᠪᠤᠯᠵᠢᠯᠠᠭ᠍ᠴᠢ᠎ᠶ᠋ᠢᠨ ᠳᠦᠮᠡᠨ ᠭᠠᠵᠠᠷ᠎ᠤᠨ ᠠᠶᠠᠯᠠᠯ》 ᠲᠣᠮᠣ ᠬᠡᠯᠪᠡᠷᠢ᠎ᠶ᠋ᠢᠨ ᠳᠠᠮᠵᠢᠭᠤᠯᠭ᠎ᠠ᠎ᠶ᠋ᠢᠨ ᠠᠵᠢᠯᠯᠠᠭ᠎ᠠ᠎ᠶ᠋ᠢᠨ ᠮᠡᠳᠡᠭᠡᠯᠡᠬᠦ᠌ ᠳᠤᠭᠤᠢᠯᠠᠩ᠎ᠢ ᠳᠠᠭᠠᠵᠤ ᠬᠠᠮᠲᠤ᠎ᠪᠠᠷ ᠤᠢ᠍ᠢᠯᠠᠭᠠᠶ᠎ᠠ᠃
ᠦᠬᠠᠢ ᠬᠤᠳᠠ᠎ᠶ᠋ᠢᠨ ᠨᠠᠮᠴᠢ ᠴᠢᠨᠠᠷ᠎ᠤᠨ ᠬᠥᠮᠦᠵᠢᠯ ᠦᠢᠯᠡᠳᠦᠯᠭᠡ᠎ᠶ᠋ᠢᠨ ᠲᠥᠪ᠎ᠲᠤ ᠣᠷᠣᠬᠤ᠎ᠳᠤ᠂ ᠬᠤᠷᠴᠠ ᠲᠣᠳᠣ 《ᠤᠯᠠᠭᠠᠨ ᠦᠩᠭᠡ》 ᠬᠠᠷᠠᠭᠠᠨ᠎ᠳᠤ ᠲᠣᠳᠣᠷᠠᠨ᠎ᠠ᠃ 1172.2 ᠲᠡᠭ᠌ᠰᠢ ᠳᠥᠷᠪᠡᠯᠵᠢᠨ ᠮᠧᠲᠷ ᠲᠠᠯᠠᠪᠠᠢ᠎ᠲᠠᠢ ᠦᠵᠡᠭᠦᠯᠭᠡ᠎ᠶ᠋ᠢᠨ ᠲᠣᠭᠤᠷᠢᠭ᠎ᠲᠤ᠌᠂ 《ᠤᠬ ᠰᠠᠨᠠᠭ᠎ᠠ᠎ᠪᠠᠨ ᠡᠷᠭᠢᠴᠡᠭᠦᠯᠵᠦ᠍ ᠨᠠᠮᠴᠢ ᠴᠢᠨᠠᠷ᠎ᠢᠶᠠᠨ ᠪᠠᠲᠤ ᠴᠡᠭᠡᠵᠢᠯᠡᠬᠦ᠌》᠂ 《ᠭᠤᠣᠯᠯᠠᠭ᠍ᠴᠢ᠎ᠪᠠᠨ ᠬᠠᠮᠠᠭᠠᠯᠠᠵᠤ ᠨᠠᠮᠴᠢ ᠴᠢᠨᠠᠷ᠎ᠲᠠᠭᠠᠨ ᠦᠨᠡᠨᠴᠢ ᠱᠢᠳᠤᠷᠭᠤ ᠪᠠᠢᠬᠤ》᠂ 《ᠠᠷᠠᠳ᠎ᠤᠨ ᠰᠡᠳᠭᠢᠯ᠎ᠳᠤ ᠭᠦᠨᠵᠡᠭᠡᠢᠷᠡᠵᠦ᠍ ᠨᠠᠮᠴᠢ ᠴᠢᠨᠠᠷ᠎ᠢᠶᠠᠨ ᠦᠢᠯᠡᠳᠦᠯᠭᠡᠵᠢᠭᠦᠯᠬᠦ᠌》᠂ 《ᠬᠠᠷᠢᠭᠤᠴᠠᠯᠭ᠎ᠠ ᠡᠭᠦᠷᠭᠡᠯᠡᠵᠦ᠍ ᠨᠠᠮᠴᠢ ᠴᠢᠨᠠᠷ᠎ᠢᠶᠠᠨ ᠳᠠᠪᠲᠠᠨ ᠪᠣᠯᠪᠠᠰᠤᠷᠠᠭᠤᠯᠬᠤ》᠂ 《ᠥᠪᠡᠷ᠎ᠤᠨ ᠪᠡᠶ᠎ᠡ᠎ᠳᠡᠭᠡᠨ ᠬᠤᠪᠢᠰᠭᠠᠯ ᠬᠢᠵᠦ᠍ ᠨᠠᠮᠴᠢ ᠴᠢᠨᠠᠷ᠎ᠢᠶᠠᠨ ᠴᠢᠩᠭᠠᠳᠭᠠᠬᠤ》᠂ 《ᠬᠠᠷ᠎ᠠ ᠠᠯᠳᠠ᠎ᠶ᠋ᠢᠨ ᠲᠠᠯᠠᠢ᠎ᠳᠤ ᠨᠠᠮᠴᠢ ᠴᠢᠨᠠᠷ᠎ᠢ ᠴᠣᠭ᠍ᠴᠠᠯᠠᠬᠤ》 ᠵᠡᠷᠭᠡ 6 ᠪᠦᠯᠦᠭ᠎ᠢᠶᠠᠷ ᠪᠦᠷᠢᠯᠲᠦᠵᠠᠢ᠃
ᠦᠵᠡᠭᠦᠯᠭᠡ᠎ᠶ᠋ᠢᠨ ᠲᠣᠭᠤᠷᠢᠭ᠎ᠲᠤ᠌᠂ ᠬᠤᠪᠣᠷ ᠨᠠᠨᠳᠢᠨ ᠬᠡᠷᠡᠯ ᠵᠢᠷᠤᠭ᠎ᠤᠳ᠂ ᠰᠤᠷᠪᠤᠯᠵᠢ ᠪᠢᠴᠢᠭ ᠮᠠᠲ᠋ᠧᠷᠢᠶᠠᠯ᠎ᠤᠳ᠂ ᠲᠡᠦᠬᠡ᠎ᠶ᠋ᠢᠨ ᠦᠵᠡᠭ᠌ᠳᠡᠯ᠎ᠤᠳ ᠲᠠᠬᠢᠨᠳᠠ ᠲᠡᠯᠭᠡᠭ᠌ᠳᠡᠨ᠎ᠠ ᠁ ᠵᠠᠭᠤ ᠭᠠᠷᠤᠢ ᠦᠵᠡᠭᠦᠯᠭᠡ᠎ᠶ᠋ᠢᠨ ᠪᠣᠳᠠᠰ᠎ᠨᠢ ᠥᠩᠭᠡᠷᠡᠭ᠌ᠰᠡᠨ᠎ᠤ ᠭᠠᠢᠬᠠᠮᠱᠢᠭ᠍ᠲᠤ ᠤᠨ ᠰᠠᠷᠠᠶ᠋ᠢ ᠬᠠᠭᠤᠴᠢᠯᠠᠵᠦ᠍᠂ ᠨᠠᠮ᠎ᠤᠨ ᠭᠡᠱᠢᠭᠦᠳ᠎ᠲᠤ ᠬᠤᠪᠢᠰᠭᠠᠯ᠎ᠤᠨ ᠤᠯᠠ ᠮᠥᠷ᠎ᠢ ᠮᠦᠷᠳᠡᠨ ᠠᠮᠢᠳᠤᠯᠢᠭ ᠪᠤᠳᠠᠳᠠᠢ ᠨᠠᠮᠴᠢ ᠴᠢᠨᠠᠷ᠎ᠤᠨ ᠬᠥᠮᠦᠵᠢᠯ ᠪᠣᠯᠤᠨ ᠤᠶᠤᠨ ᠰᠠᠨᠠᠭᠠᠨ᠎ᠤ ᠬᠥᠮᠦᠵᠢᠯ ᠬᠦᠷᠲᠡᠭᠡᠨ᠎ᠠ᠃
《ᠪᠢ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠰᠠᠢᠨ ᠳᠤᠷ᠎ᠠ᠎ᠠᠴᠠ᠎ᠪᠠᠨ ᠣᠷᠣᠵᠤ᠂ ᠨᠠᠮ᠎ᠤᠨ ᠬᠥᠲᠥᠯᠪᠦᠷᠢ᠎ᠶ᠋ᠢ ᠬᠦᠷᠢᠶᠡᠯᠡᠨ᠂ ᠨᠠᠮ᠎ᠤᠨ ᠲᠦᠷᠢᠮ᠎ᠢ ᠵᠢᠷᠤᠮᠯᠠᠵᠤ᠂ ᠨᠠᠮ᠎ᠤᠨ ᠭᠡᠱᠢᠭᠦᠨ᠎ᠤ ᠡᠭᠦᠷᠭᠡ᠎ᠪᠠᠨ ᠭᠦᠢᠴᠡᠳᠭᠡᠨ᠎ᠡ ᠁》 ᠦᠵᠡᠭᠦᠯᠭᠡ᠎ᠶ᠋ᠢᠨ ᠲᠢᠩᠬᠢᠮ᠎ᠳᠤ ᠦᠵᠡᠬᠦᠯᠵᠦ᠍ ᠪᠠᠢᠭ᠎ᠠ 《ᠲᠠᠭᠤᠨ ᠦᠭᠡᠢ᠎ᠤᠨ ᠰᠠᠷ᠎ᠠ᠎ᠶ᠋ᠢᠨ ᠥᠨᠢ ᠮᠦᠡᠭ᠌ᠭᠡᠶ᠋ᠢᠨ ᠲᠠᠩᠭᠠᠷᠢᠭ》 ᠭᠡᠬᠦ᠌ ᠹᠢᠯᠢᠮ᠎ᠤᠨ ᠬᠦᠭ ᠠᠶᠠᠰ ᠪᠠ ᠨᠠᠮ᠎ᠳᠤ ᠣᠷᠣᠬᠤ ᠲᠠᠩᠭᠠᠷᠢᠭ᠎ᠤᠨ ᠦᠭᠡᠰ᠎ᠨᠢ ᠬᠠᠯᠠᠭᠤᠨ ᠴᠢᠰᠦ᠎ᠶ᠋ᠢ ᠤᠷᠬᠢᠯᠤᠭᠤᠯᠵᠤ ᠦᠢ ᠤᠯᠠᠨ ᠦᠵᠡᠭ᠌ᠴᠢᠳ᠎ᠤᠨ ᠠᠩᠬᠠᠷᠤᠯ᠎ᠢ ᠲᠠᠳᠠᠨ᠎ᠠ᠃




《ᠦᠵᠡᠭ᠌ᠳᠡᠯ ᠨᠢᠭᠡ ᠪᠦᠷᠢ᠂ ᠵᠢᠷᠤᠭ ᠨᠢᠭᠡ ᠪᠦᠷᠢ᠎ᠨᠢ ᠬᠥᠮᠦᠰ᠎ᠢ ᠶᠡᠬᠡᠲᠡ ᠤᠷᠮᠠᠱᠢᠭᠤᠯᠤᠨ ᠵᠣᠷᠢᠭ᠍ᠵᠢᠭᠤᠯᠵᠤ ᠪᠠᠢᠨ᠎ᠠ᠃ ᠡᠢᠮᠦᠷᠬᠦᠦ ᠬᠥᠮᠦᠵᠢᠯ᠎ᠨᠢ ᠪᠢᠳᠡᠨ᠎ᠳᠤ ᠨᠠᠮᠴᠢ ᠴᠢᠨᠠᠷ᠎ᠤᠨ ᠬᠥᠮᠦᠵᠢᠯ᠎ᠤᠨ ᠨᠥᠯᠥᠭᠡᠯᠡᠬᠦ᠌ ᠬᠦᠴᠦᠨ᠎ᠢ ᠨᠡᠩ ᠦᠨᠡᠨ ᠪᠣᠳᠠᠲᠠᠢ ᠮᠡᠳᠡᠷᠡᠭᠦᠯᠪᠡ》 ᠬᠡᠵᠦ᠍ ᠲᠣᠭᠤᠷᠢᠨ ᠦᠵᠡᠭ᠌ᠴᠢ ᠯᠢᠦ ᠱᠦ᠍ ᠵᠢᠶᠠ ᠶᠠᠷᠢᠨ᠎ᠠ᠃ 《ᠦᠬᠠᠶ ᠬᠤᠲᠠ᠎ᠶ᠋ᠢᠨ ᠨᠠᠮᠴᠢ ᠴᠢᠨᠠᠷ᠎ᠤᠨ ᠬᠥᠮᠦᠵᠢᠯ ᠦᠶᠯᠡᠳᠦᠯᠭᠡ᠎ᠶ᠋ᠢᠨ ᠲᠥᠪ 〈ᠦᠡᠭ᠌ᠭᠡ ᠬᠤᠷᠴᠠ〉 ᠪᠦᠭᠡᠳᠡᠯᠠ 〈ᠤᠳᠭ᠎ᠠ ᠭᠦᠨ〉 ᠪᠠᠢᠨ᠎ᠠ》 ᠭᠡᠵᠦ᠍ ᠲᠣᠭᠤᠷᠢᠨ ᠦᠵᠡᠭ᠌ᠴᠢᠳ ᠠᠮᠨ ᠠᠮᠠᠨ᠎ᠳᠠᠭᠠᠨ ᠮᠠᠭ᠍ᠲᠠᠨ ᠰᠠᠢᠱᠢᠶᠠᠵᠤ ᠪᠠᠢᠯ᠎ᠠ᠃
《ᠨᠠᠮ᠎ᠤᠨ ᠲᠡᠦᠬᠡ᠎ᠶ᠋ᠢᠨ ᠡᠬᠢ ᠡᠭᠦᠰᠦᠯ᠎ᠢ ᠡᠷᠭᠢᠴᠡᠭᠦᠯᠵᠦ᠍᠂ ᠨᠠᠮ᠎ᠤᠨ ᠲᠡᠦᠬᠡ᠎ᠠᠴᠠ ᠱᠢᠮ᠎ᠡ ᠲᠡᠵᠢᠭᠡᠯ ᠬᠦ᠍ᠷᠳᠡᠨᠠ; ᠢᠷᠡᠭᠡᠳᠦᠢ᠎ᠶ᠋ᠢᠨ ᠬᠥᠭ᠌ᠵᠢᠯᠲᠡ᠎ᠳᠤ ᠬᠠᠨᠳᠤᠬᠤ᠎ᠳᠠᠭᠠᠨ ᠬᠠᠷᠢᠭᠤᠴᠠᠯᠭ᠎ᠠ ᠡᠭᠦᠷᠭᠡᠯᠡᠵᠦ᠍ ᠴᠢᠷᠮᠠᠢᠨ ᠲᠠᠮᠠᠴᠡᠨᠠ᠃》 ᠦᠬᠠᠢ ᠬᠤᠲᠠ᠎ᠶ᠋ᠢᠨ ᠯᠧᠢ ᠹᠧᠩ ᠮᠠᠱᠢᠨ ᠲᠡᠷᠭᠡᠨ᠎ᠤ ᠠᠩᠭᠢ᠎ᠶ᠋ᠢᠨ ᠭᠡᠱᠢᠭᠦᠨ ᠮᠤᠤ ᠬᠤᠩ ᠭᠤᠤ᠄ 《ᠡᠨᠡ ᠡᠲᠦᠷ ᠦᠵᠡᠭᠦᠯᠦᠯᠭᠡ᠎ᠶ᠋ᠢ ᠦᠵᠡᠭᠡᠳ ᠮᠠᠰᠢ ᠶᠡᠭᠡ ᠬᠥᠮᠦᠵᠢᠯ ᠬᠦᠷᠲᠡᠵᠡᠢ᠃ ᠠᠬᠠᠮᠠᠳ ᠨᠠᠮ᠎ᠤᠨ ᠭᠡᠱᠢᠭᠦᠨ ᠪᠣᠯᠤᠭ᠍ᠰᠠᠨ᠎ᠤ ᠬᠤᠪᠢ᠎ᠳᠤ᠂ ᠬᠤᠵᠢᠮ ᠬᠤᠢᠱᠢᠳᠠ ᠪᠢ ᠦᠷᠭᠦᠯᠵᠢᠯᠡᠨ ᠯᠧᠢ ᠹᠧᠩ᠎ᠤᠨ ᠵᠣᠷᠢᠭ ᠰᠠᠨᠠᠭ᠎ᠠ᠎ᠶ᠋ᠢ ᠪᠠᠳᠠᠷᠠᠭᠤᠯᠵᠤ᠂ ᠪᠦᠬᠦ᠌ ᠰᠡᠳᠭᠢᠯ ᠪᠦᠬᠦ᠌ ᠵᠣᠷᠢᠭ᠎ᠢᠶᠠᠷ᠎ᠢᠶᠠᠨ ᠨᠡᠢᠭᠡᠮ᠎ᠳᠤ ᠦᠢᠯᠡᠴᠢᠯᠡᠨ᠎ᠡ》 ᠭᠡᠵᠦ᠍ ᠬᠦᠨ ᠰᠡᠳᠭᠢᠯᠭᠡ᠎ᠲᠠᠢ ᠶᠠᠷᠢᠵᠦ᠍ ᠪᠠᠢᠯ᠎ᠠ᠃