6 ᠰᠠᠷ᠎ᠠ᠎ᠶ᠋ᠢᠨ 15 ᠤ ᠦᠳᠡ᠎ᠶ᠋ᠢᠨ ᠡᠮᠦᠨ᠎ᠠ᠂ ᠦᠪᠦᠷ ᠮᠤᠩᠭᠤᠯ᠎ᠤᠨ ᠡᠳᠦᠷ᠎ᠤᠨ ᠰᠤᠨᠢᠨ᠎ᠤ 《〈ᠡᠭᠦᠷᠢᠳᠡ ᠨᠠᠮ᠎ᠢᠶᠠᠨ ᠳᠠᠭᠠᠶ᠎ᠠ〉 ᠡᠭᠦᠯᠡᠨ ᠬᠦᠯᠦᠭ • ᠵᠠᠭᠤᠨ ᠰᠤᠷᠪᠤᠯᠵᠢᠯᠠᠬ᠍ᠴᠢ᠎ᠶ᠋ᠢᠨ ᠳᠦᠮᠡᠨ ᠭᠠᠵᠠᠷ᠎ᠤᠨ ᠠᠶᠠᠯᠠᠯ》 ᠤᠨ ᠵᠡᠬᠦᠨ ᠭᠡᠰᠡᠭ᠎ᠤᠨ ᠰᠤᠷᠪᠤᠯᠵᠢᠯᠠᠭ᠎ᠠ᠎ᠶ᠋ᠢᠨ ᠳᠤᠭᠤᠢ᠍ᠢᠯᠡᠩᠤᠨᠬᠢᠨ ᠭᠡᠭᠡᠨ ᠭᠤᠤᠯ᠎ᠤᠨ ᠤᠢ ᠱᠢᠭᠤᠢ᠎ᠶ᠋ᠢᠨ ᠠᠵᠦ᠍ ᠦᠢᠯᠡᠳᠪᠦᠷᠢ᠎ᠶ᠋ᠢᠨ ᠺᠤᠮᠫᠠᠨᠢ᠎ᠶ᠋ᠢᠨ ᠬᠤᠯᠪᠤᠭ᠎ᠠ ᠬᠠᠳᠠ ᠠᠯᠤᠰ᠎ᠢ ᠪᠠᠷᠠᠭᠠᠯᠠᠬᠤ ᠰᠤᠪᠤᠷᠭ᠎ᠠ ᠳᠡᠭᠡᠷ᠎ᠠ ᠭᠠᠷᠤᠯ᠎ᠠ᠃
ᠬᠠᠯᠠᠭᠤᠨ ᠵᠤᠨ ᠰᠠᠭᠠᠳᠠᠵᠦ᠍
ᠠᠭᠤᠷ ᠠᠮᠢᠰᠭᠤᠯ ᠪᠦᠭ᠌ᠴᠢᠮᠠ ᠪᠤᠯᠤᠭ᠍ᠰᠠᠨ᠎ᠠᠴᠠ
ᠤᠢ ᠱᠢᠭᠤᠢ᠎ᠶ᠋ᠢᠨ ᠲᠦᠢᠮᠡᠷ᠎ᠢ ᠰᠡᠷᠭᠡᠢᠯᠡᠬᠦ᠌ ᠠᠵᠢᠯ
ᠪᠠᠴᠢᠮ ᠶᠠᠭᠠᠷᠠᠤ ᠪᠤᠯᠤᠯ᠎ᠠ
ᠦᠪᠦᠷ ᠮᠤᠩᠭᠤᠯ᠎ᠤᠨ ᠶᠡᠭᠡ ᠬᠢᠩᠭᠠᠨ ᠳᠠᠪᠠᠭ᠎ᠠ᠎ᠶ᠋ᠢᠨ ᠤᠢ᠍ᠢᠳᠦ ᠤᠷᠤᠨ᠎ᠨᠢ 《ᠬᠠᠪᠤᠷ᠎ᠤᠨ ᠰᠡᠷᠭᠡᠢᠯᠡᠯᠳᠡ》 ᠬᠢᠵᠦ᠍ ᠪᠠᠢᠭ᠍ᠰᠠᠨ᠎ᠠᠴᠠ᠎ᠪᠠᠨ
《ᠵᠤᠨ᠎ᠤ ᠰᠡᠷᠬᠡᠢᠯᠡᠯᠳᠡ》 ᠵᠦᠭ ᠱᠢᠯᠵᠢᠵᠦ᠍
ᠤᠢ ᠱᠢᠭᠤᠢ᠎ᠶ᠋ᠢᠨ ᠡᠬᠢ ᠪᠠᠶᠠᠯᠢᠭ᠎ᠢ ᠬᠠᠮᠠᠭᠠᠯᠠᠬᠤ
ᠪᠠᠳᠤ ᠪᠠᠬᠢᠯᠡᠯᠳᠡ᠎ᠶ᠋ᠢ ᠪᠤᠰᠭᠠᠭ᠍ᠰᠠᠨ ᠪᠠᠢᠨ᠎ᠠ᠃
ᠪᠤᠷᠤᠭᠠᠨ᠎ᠤ ᠤᠯᠠᠷᠢᠯ᠎ᠳᠤ
ᠤᠢ᠍ᠢᠳᠦ ᠤᠷᠤᠨ᠎ᠳᠤ ᠠᠶᠤᠩᠭ᠎ᠠ ᠴᠠᠬᠢᠯᠭᠠᠨ ᠤᠯᠠᠱᠢᠷᠠᠭ᠍ᠰᠠᠨᠠᠴᠠ
ᠨᠤᠮᠢᠨ ᠨᠤᠭᠤᠭᠠᠨ ᠤᠢ ᠱᠢᠭᠤᠢ᠎ᠪᠠᠨ ᠬᠠᠮᠨᠭᠠᠯᠠᠬᠤᠶ᠋ᠢᠨ ᠳᠦᠯᠦᠬᠡ
ᠬᠡᠬᠡᠨ ᠭᠤᠤᠯ ᠤᠢ ᠱᠢᠭᠤᠢ᠎ᠶ᠋ᠢᠨ ᠠᠵᠦ᠍ ᠦᠢᠯᠡᠳᠪᠦᠷᠢ᠎ᠶ᠋ᠢᠨ ᠺᠤᠮᠫᠠᠨᠢ᠎ᠨᠢ
ᠮᠠᠱᠢᠨ ᠮᠧᠬᠠᠨᠢᠭ᠎ᠢᠶᠠᠷ ᠠᠵᠢᠯᠯᠠᠬᠤ ᠬᠤᠷᠳᠤᠴᠠ᠎ᠪᠠᠨ ᠳᠦᠷᠭᠡᠳᠭᠡᠵᠦ᠍
ᠤᠰᠤ᠎ᠪᠠᠷ ᠭᠠᠯ ᠤᠨᠳᠠᠷᠠᠭᠠᠬᠤ ᠡᠩᠨᠡᠭᠡ᠎ᠶ᠋ᠢ ᠵᠤᠬᠢᠶᠠᠨ ᠪᠠᠢᠭᠤᠯᠵᠦ᠍
ᠨᠢᠰᠭᠡᠯ ᠳᠡᠭᠡᠷ᠎ᠠ᠎ᠠᠴᠠ ᠬᠢᠨᠵᠢ᠎ᠪᠠᠷ ᠪᠠᠭᠤᠬᠤ ᠭᠠᠪᠱᠢᠭᠠᠢ ᠠᠩᠬᠢ
ᠤᠰᠤ᠎ᠪᠠᠷ ᠭᠠᠯ ᠤᠨᠳᠠᠷᠠᠭᠠᠬᠤ ᠳᠤᠮᠳᠠ ᠠᠩᠬᠢ
ᠮᠧᠬᠠᠨᠢᠬ᠍ᠴᠢᠯᠠᠭ᠍ᠰᠠᠨ ᠭᠠᠪᠱᠢᠭᠠᠢ ᠳᠤᠮᠳᠠ ᠠᠩᠬᠢ ᠵᠡᠷᠭᠡ᠎ᠶ᠋ᠢ ᠪᠠᠢᠭᠤᠯᠵᠠᠢ᠃
ᠪᠤᠳᠠᠳᠤ ᠪᠠᠢᠯᠳᠤᠭᠠᠨ᠎ᠳᠤ ᠳᠠᠪᠳᠠᠭ᠍ᠳᠠᠭ᠍ᠰᠠᠨ
ᠠᠯᠤᠰ᠎ᠠᠴᠠ ᠪᠠᠷᠠᠭᠠᠯᠠᠵᠦ᠍ ᠬᠢᠨᠠᠨ ᠬᠡᠮᠵᠢᠬᠦ᠌᠎ᠶ᠋ᠢ ᠤᠶᠠᠯᠳᠤᠭᠤᠯᠤᠭ᠍ᠰᠠᠨ
ᠠᠳᠡᠭᠡᠷ ᠭᠠᠪᠱᠢᠭᠠᠢ ᠠᠩᠬᠢᠨᠤᠭᠤᠳᠨᠢ
ᠵᠤᠨ᠎ᠤ ᠤᠯᠠᠷᠢᠯ᠎ᠳᠠᠬᠢ ᠤᠢ ᠱᠢᠭᠤᠢ᠎ᠶ᠋ᠢᠨ ᠠᠮᠢ ᠠᠬᠤᠢ᠎ᠶ᠋ᠢᠨ ᠠᠮᠤᠷ ᠳᠦᠪᠱᠢᠨ᠎ᠢ ᠪᠠᠳᠤᠯᠠᠵᠦ᠍
ᠶᠡᠭᠡ ᠬᠢᠩᠭᠠᠨ ᠳᠠᠪᠠᠭ᠎ᠠ᠎ᠶ᠋ᠢ ᠰᠠᠬᠢᠨ ᠬᠠᠮᠠᠭᠠᠯᠠᠵᠦ᠍
ᠡᠬᠡ ᠤᠯᠤᠰ᠎ᠤᠨ᠎ᠢᠶᠠᠨ ᠨᠤᠭᠤᠭᠠᠨ ᠬᠠᠯᠬᠠᠪᠴᠢ᠎ᠶ᠋ᠢ ᠪᠠᠳᠤ ᠴᠤᠭ᠍ᠴᠠᠯᠠᠵᠦ᠍ ᠶᠠᠪᠤᠨ᠎ᠠ᠃




