6 ᠳ᠋ᠤᠭᠠᠷ ᠰᠠᠷ᠎ᠠ᠎ᠶ᠋ᠢᠨ 15 ᠤ ᠡᠳᠦᠷ᠂ ᠥᠪᠥᠷ ᠮᠣᠩᠭᠤᠯ᠎ᠤᠨ ᠡᠳᠦᠷ᠎ᠤᠨ ᠰᠣᠨᠢᠨ᠎ᠤ 《〈ᠡᠭᠦᠷᠢᠳᠡ ᠨᠠᠮ᠎ᠢᠶᠠᠨ ᠳᠠᠭᠠᠶ᠎ᠠ〉 • ᠡᠭᠦᠯᠡᠨ ᠬᠦᠯᠦᠭ᠂ ᠵᠠᠭᠤᠨ ᠰᠤᠷᠪᠤᠯᠵᠢᠯᠠᠭ᠍ᠴᠢ᠎ᠶ᠋ᠢᠨ ᠲᠦᠮᠡᠨ ᠭᠠᠵᠠᠷ᠎ᠤᠨ ᠠᠶᠠᠯᠠᠯ》 ᠲᠣᠮᠣ ᠬᠡᠯᠪᠡᠷᠢ᠎ᠶ᠋ᠢᠨ ᠳᠠᠮᠵᠢᠭᠤᠯᠭ᠎ᠠ᠎ᠶ᠋ᠢᠨ ᠠᠵᠢᠯᠯᠠᠭ᠎ᠠ᠎ᠶ᠋ᠢᠨ ᠰᠤᠷᠪᠤᠯᠵᠢᠯᠠᠨ ᠮᠡᠳᠡᠭᠡᠯᠡᠬᠦ᠌ ᠳᠤᠭᠤᠢᠯᠠᠩ᠎ᠤᠨ ᠰᠤᠷᠪᠤᠯᠵᠢᠯᠠᠭ᠍ᠴᠢ ᠤᠯᠠᠭᠠᠶ ᠬᠠᠮᠢᠶᠠᠷᠤᠯᠲᠠ᠎ᠶ᠋ᠢᠨ ᠣᠷᠣᠨ᠎ᠤ ᠬᠠᠯᠠᠭᠠᠢᠲᠤ ᠲᠠᠷᠢᠶᠠᠯᠠᠩ ᠮᠠᠯᠵᠢᠯ᠎ᠤᠨ ᠲᠠᠯᠠᠪᠠᠶ᠎ᠳᠤ ᠢᠷᠡᠪᠡ᠃
ᠪᠦᠷᠦᠢ ᠪᠤᠯᠬᠤ᠎ᠶ᠋ᠢᠨ ᠦᠶ᠎ᠡ᠎ᠪᠠᠷ᠂ ᠬᠤᠯᠪᠣᠭ᠎ᠠ ᠬᠤᠪᠢᠶᠠᠷᠢ ᠲᠠᠯᠠᠪᠠᠢ᠎ᠳᠤ᠂ ᠦᠳᠡᠰᠢ᠎ᠶ᠋ᠢᠨ ᠨᠡᠷᠡᠨ᠎ᠤ ᠤᠯᠠᠪᠢᠷ ᠲᠤᠶᠠᠭ᠎ᠠ ᠪᠡᠯᠴᠢᠭᠡᠷ ᠳᠡᠭᠡᠷ᠎ᠠ ᠲᠦᠭᠡᠵᠦ᠍᠂ ᠮᠠᠯᠴᠢᠨ ᠯᠢ ᠴᠧᠩ ᠵᠢᠶᠦ᠋ᠨ ᠨᠢᠭᠡ ᠡᠳᠦᠷ᠎ᠤᠨ ᠠᠵᠢᠯ᠎ᠢᠶᠠᠨ ᠳᠠᠭᠤᠰᠭᠠᠭᠠᠳ᠂ ᠭᠡᠷ᠎ᠲᠡᠭᠡᠨ ᠬᠠᠷᠢᠬᠤ᠎ᠪᠠᠷ ᠪᠡᠯᠡᠳᠭᠡᠪᠡ᠃ ᠰᠤᠷᠪᠤᠯᠵᠢᠯᠠᠭ᠍ᠴᠢ ᠲᠡᠭᠦᠨ᠎ᠲᠠᠢ ᠠᠮᠢᠳᠤᠷᠠᠯ᠎ᠤᠨ ᠬᠤᠪᠢᠷᠠᠯᠲᠠ᠎ᠶ᠋ᠢ᠎ᠨᠢ ᠶᠠᠷᠢᠯᠴᠠᠬᠤ᠎ᠳᠤ ᠯᠢ ᠴᠧᠩ ᠵᠢᠶᠦ᠋ᠨ ᠮᠠᠰᠢ ᠣᠯᠠᠨ ᠲᠥᠷᠥᠭ᠌ᠳᠡᠯ᠎ᠲᠠᠢ ᠪᠠᠢᠯ᠎ᠠ᠃

ᠲᠡᠭᠦᠨ᠎ᠳᠤ ᠤᠳᠤ 9000 ᠭᠠᠷᠤᠢ ᠮᠦ᠍ ᠪᠡᠯᠴᠢᠭᠡᠷ᠂ 200 ᠭᠠᠷᠤᠢ ᠦᠬᠡᠷ᠎ᠲᠠᠢ᠂ ᠮᠠᠯ ᠠᠵᠤ ᠠᠬᠤᠢ᠎ᠶ᠋ᠢᠨ ᠰᠠᠭᠤᠷᠢ ᠲᠥᠬᠦᠭᠡᠷᠦᠮᠵᠢ ᠪᠣᠯᠤᠨ ᠢᠵᠢ ᠪᠦᠷᠢᠳᠦᠬᠦᠯᠦᠭ᠌ᠰᠡᠨ ᠮᠠᠯ ᠠᠵᠤ ᠠᠬᠤᠢ᠎ᠶ᠋ᠢᠨ ᠮᠠᠱᠢᠨ ᠲᠥᠬᠦᠭᠡᠷᠦᠮᠵᠢ ᠪᠦᠷᠢᠨ ᠭᠦᠢᠴᠡᠳ ᠪᠠᠢᠨ᠎ᠠ᠃ ᠲᠡᠷᠡ ᠬᠤᠨᠢ᠎ᠶ᠋ᠢ ᠴᠥᠭᠡᠴᠢᠯᠡᠵᠦ᠍ ᠦᠬᠡᠷ᠎ᠢ ᠨᠡᠮᠡᠭ᠌ᠳᠡᠭᠦᠯᠬᠦ᠌ ᠲᠥᠷᠥ᠎ᠶ᠋ᠢᠨ ᠪᠣᠳᠣᠯᠭ᠎ᠠ᠎ᠶ᠋ᠢ ᠳᠠᠭᠠᠵᠤ᠂ ᠱᠢᠮᠧᠨ᠋ᠳᠡᠷ ᠦᠬᠡᠷ᠎ᠲᠤ ᠡᠭᠦᠯᠳᠡᠷ ᠰᠠᠢᠵᠢᠷᠠᠭᠤᠯᠤᠯᠲᠠ ᠬᠢᠵᠦ᠍᠂ ᠡᠭᠦᠯᠳᠡᠷ ᠰᠠᠢᠵᠢᠷᠠᠭᠤᠯᠤᠭ᠍ᠰᠠᠨᠤ ᠳᠠᠷᠠᠭᠠᠬᠢ ᠦᠬᠡᠷ᠎ᠤᠨ ᠪᠤᠢᠵᠢᠯᠲᠠ ᠲᠦᠷᠭᠡᠨ᠂ ᠮᠢᠬᠠᠨ᠎ᠤ ᠭᠠᠷᠤᠯᠲᠠ ᠥᠨᠳᠥᠷ ᠪᠠᠢᠳᠠᠭ᠎ᠠᠴᠠ ᠣᠷᠣᠯᠭ᠎ᠠ᠎ᠨᠢ ᠶᠡᠭᠡ᠎ᠪᠠᠷ ᠨᠡᠮᠡᠭ᠌ᠳᠡᠵᠡᠢ᠃


2014 ᠣᠨ᠎ᠳᠤ᠂ ᠲᠡᠭᠦᠨ᠎ᠤ ᠬᠡᠷ᠎ᠢ ᠨᠠᠮ᠎ᠤᠨ ᠭᠡᠱᠢᠭᠦᠨ᠎ᠤ ᠭᠤᠤᠯᠳᠠᠯᠭᠠᠲᠦ ᠡᠷᠦᠬᠡ᠎ᠪᠠᠷ ᠲᠣᠭ᠍ᠲᠠᠭᠠᠪᠠ᠃
ᠶᠠᠭᠠᠷᠠᠯᠲᠠᠢ ᠮᠠᠯ ᠠᠵᠤ ᠠᠬᠤᠢ᠎ᠶ᠋ᠢᠨ ᠦᠢᠯᠡᠳᠪᠦᠷᠢᠯᠡᠯ᠎ᠤᠨ ᠴᠢᠯᠥᠭᠡᠨ᠎ᠳᠤ᠂ ᠯᠢ ᠴᠧᠩ ᠵᠢᠶᠦ᠋ᠨ ᠨᠠᠮ᠎ᠤᠨ ᠭᠡᠱᠢᠭᠦᠨ᠎ᠤ ᠭᠤᠣᠯᠳᠠᠯᠭᠠᠲᠤ ᠡᠷᠦᠭᠡ᠎ᠶ᠋ᠢᠨ ᠬᠤᠱᠢᠭᠤᠴᠢ ᠵᠢᠱ᠌ᠢᠶᠡᠴᠢ ᠦᠢᠯᠡᠳᠦᠯ᠎ᠢᠶᠠᠨ ᠢᠳᠡᠪᠬᠢᠲᠡᠢ ᠪᠠᠳᠠᠷᠠᠭᠤᠯᠵᠤ᠂ ᠡᠷᠬᠢᠨ ᠲᠣᠭᠤᠷᠢᠨ᠎ᠤ ᠮᠠᠯᠵᠢᠬᠤ ᠡᠷᠦᠭᠡ᠎ᠳᠤ ᠲᠠᠰᠤᠷᠠᠯᠳᠠ ᠦᠭᠡᠢ ᠬᠠᠪᠰᠤᠷᠤᠯᠭ᠎ᠠ ᠦᠵᠡᠭᠦᠯᠵᠠᠢ᠃ ᠲᠡᠷᠡ ᠱᠢᠮᠧᠨ᠋ᠳᠡᠷ ᠦᠬᠡᠷ᠎ᠤᠨ ᠡᠭᠦᠯᠳᠡᠷ ᠰᠠᠢᠵᠢᠷᠠᠭᠤᠯᠬᠤ ᠮᠡᠷᠭᠡᠵᠢᠯ᠎ᠢ ᠮᠠᠯᠵᠢᠬᠤ ᠡᠷᠦᠬᠡ᠎ᠳᠤ ᠬᠦᠷᠭᠡᠵᠦ᠍᠂ ᠬᠠᠮᠲᠤ᠎ᠪᠠᠷ ᠪᠠᠶᠠᠵᠢᠬᠤ᠎ᠶ᠋ᠢ ᠠᠬᠢᠭᠤᠯᠪᠠ᠃
ᠲᠡᠷᠡ᠄ 《ᠡᠨᠡ ᠵᠢᠯ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠭ᠍ᠰᠠᠨ 100 ᠵᠢᠯ᠎ᠤᠨ ᠤᠢ ᠪᠣᠯᠤᠨ᠎ᠠ᠂ ᠪᠢ ᠮᠠᠰᠢ ᠤᠯᠠᠨ ᠤᠯᠤᠯᠳᠠ ᠲᠦᠷᠦᠭ᠌ᠳᠡᠯ᠎ᠲᠠᠢ ᠪᠠᠢᠨ᠎ᠠ᠃ ᠪᠢ ᠨᠠᠮ᠎ᠳᠤ ᠣᠷᠣᠬᠤ ᠦᠶ᠎ᠡ᠎ᠶ᠋ᠢᠨ ᠲᠠᠩᠭᠠᠷᠢᠭ᠎ᠢᠶᠠᠨ ᠪᠠᠲᠤ ᠴᠡᠭᠡᠵᠢᠯᠡᠵᠦ᠍᠂ ᠪᠦᠬᠦ᠌ ᠰᠡᠳᠭᠢᠯ ᠪᠦᠬᠦ᠌ ᠵᠣᠷᠢᠭ᠎ᠢᠶᠠᠷ᠎ᠢᠶᠠᠨ ᠠᠷᠠᠳ ᠲᠦᠮᠡᠨ᠎ᠳᠤ ᠦᠢᠯᠡᠴᠢᠯᠡᠨ᠎ᠡ》 ᠭᠡᠯ᠎ᠠ᠃
ᠥᠪᠥᠷ ᠮᠣᠩᠭᠤᠯ᠎ᠤᠨ ᠡᠳᠦᠷ᠎ᠤᠨ ᠰᠣᠨᠢᠨ᠎ᠤ ᠬᠤᠷᠢᠶ᠎ᠠ᠎ᠶ᠋ᠢᠨ ᠬᠠᠮ ᠵᠠᠭᠤᠴᠢᠯᠠᠭᠤᠷ᠎ᠤᠨ ᠰᠤᠷᠪᠤᠯᠵᠢᠯᠠᠭ᠍ᠴᠢ᠄ ᠪᠠᠶᠠᠰᠭᠤᠯᠠᠩ᠂ ᠯᠢᠶᠠᠩ ᠯᠢᠶᠠᠩ᠂ ᠶᠤᠸᠠᠨ ᠪᠦᠦ ᠨᠢᠶᠠᠨ᠂ ᠬᠤᠢᠳᠤᠠᠤᠯᠤᠰ᠂ ᠳ᠋ᠧᠩ ᠢᠦᠶ ᠱᠢᠶᠠ᠂ ᠬᠥᠪᠴᠢᠨ
ᠱᠢᠯᠢ᠎ᠶ᠋ᠢᠨ ᠭᠤᠤᠯ ᠠᠢᠮᠠᠭ᠎ᠤᠨ ᠨᠠᠮ᠎ᠤᠨ ᠬᠤᠷᠢᠶᠠᠨ᠎ᠤ ᠤᠬᠠᠭᠤᠯᠬᠤ ᠬᠡᠯᠲᠡᠰ᠂ ᠤᠯᠠᠭᠠᠶ ᠬᠠᠮᠢᠶᠠᠷᠤᠯᠲᠠ᠎ᠶ᠋ᠢᠨ ᠣᠷᠣᠨ᠎ᠤ ᠬᠤᠷᠢᠶᠠᠨ᠎ᠤ ᠤᠬᠠᠭᠤᠯᠬᠤ ᠬᠡᠯᠲᠡᠰ᠎ᠲᠤ ᠤᠨᠴᠠᠭᠠᠢᠯᠠᠨ ᠲᠠᠯᠠᠷᠬᠠᠪᠠ