6 ᠰᠠᠷ᠎ᠠ᠎ᠶ᠋ᠢᠨ 17 ᠤ ᠡᠳᠦᠷ᠂ ᠲᠠᠷᠤᠢ 《ᠡᠭᠦᠷᠢᠳᠡ ᠨᠠᠮ᠎ᠢᠶᠠᠨ ᠲᠠᠭᠠᠨ᠎ᠠ》 — 2021 ᠤᠨ᠎ᠤ ᠤᠯᠠᠭᠠᠨᠮᠦᠴᠢᠷ ᠪᠠᠢᠭᠤᠯᠤᠭ᠍ᠳᠠᠭ᠍ᠰᠠᠨ ᠡᠳᠦᠷ᠎ᠤᠨ ᠭᠤᠤᠯ ᠰᠡᠳᠦᠪ᠎ᠲᠤ ᠠᠵᠢᠯᠯᠠᠭ᠎ᠠ ᠵᠢᠴᠢ ᠪᠦᠬᠦ᠌ ᠤᠷᠤᠨ᠎ᠤ ᠤᠯᠠᠭᠠᠨᠮᠦᠴᠢᠷ᠎ᠤᠨ ᠰᠠᠷ᠎ᠠ᠎ᠶ᠋ᠢᠨ ᠠᠵᠢᠯᠯᠠᠭ᠎ᠠ ᠡᠬᠢᠯᠡᠭ᠌ᠰᠡᠨ ᠡᠳᠦᠷ᠎ᠤᠨ ᠤᠷᠤᠢ᠂ ᠱᠢᠯᠢ᠎ᠶ᠋ᠢᠨ ᠭᠤᠤᠯ ᠠᠢᠮᠠᠭ᠎ᠤᠨ ᠤᠯᠠᠭᠠᠨᠮᠦᠴᠢᠷᠤᠨᠬᠢᠨᠤ ᠲᠠᠬᠢᠨ ᠰᠡᠷᠭᠦᠭᠡᠨ ᠲᠤᠭ᠍ᠯᠠᠭ᠍ᠰᠠᠨ 《ᠡᠷᠭᠢᠨ ᠰᠠᠨᠠᠬᠤᠢ ᠲᠠᠯ᠎ᠠ ᠨᠤᠲᠤᠭ》 ᠪᠦᠵᠢᠭ᠌᠎ᠲᠦ ᠵᠦᠴᠦᠭᠡ᠎ᠶ᠋ᠢᠨ ᠠᠬᠤᠢ ᠲᠤᠭ᠍ᠯᠠᠯᠳᠠ ᠱᠢᠯᠢ᠎ᠶ᠋ᠢᠨ ᠭᠤᠤᠯ ᠠᠢᠮᠠᠭ᠎ᠤᠨ ᠲᠠᠭᠤᠤ ᠪᠦᠵᠢᠭ ᠵᠦᠴᠦᠬᠡ᠎ᠶ᠋ᠢᠨ ᠬᠦᠷᠢᠶᠡᠯᠡᠩ᠎ᠳᠤ ᠪᠤᠯᠤᠯ᠎ᠠ᠃
ᠲᠤᠰ ᠵᠦᠴᠦᠭᠡ᠎ᠳᠤ ᠲᠡᠭᠡᠷ᠎ᠡ ᠵᠠᠭᠤᠨ᠎ᠤ ᠵᠢᠷᠠᠭᠠᠳ ᠤᠨ᠎ᠤ ᠦᠶ᠎ᠡ᠎ᠳᠤ᠂ 3000 ᠱᠠᠩᠬᠠᠢ᠎ᠶ᠋ᠢᠨ ᠦᠨᠦᠴᠢᠨ ᠬᠡᠤᠬᠡᠳ᠎ᠢ ᠦᠪᠦᠷ ᠮᠤᠩᠭᠤᠯ᠎ᠳᠤ ᠠᠪᠴᠢᠷᠠᠵᠤ᠂ ᠮᠠᠯᠴᠢᠨ ᠲᠦᠮᠡᠨ ᠦᠷᠡᠴᠢᠯᠡᠨ ᠲᠡᠵᠢᠭᠡᠵᠦ᠍ ᠦᠰᠭᠡᠨ ᠪᠤᠢᠵᠢᠭᠤᠯᠤᠭ᠍ᠰᠠᠨ ᠦᠢᠯᠡ ᠶᠠᠪᠤᠳᠠᠯ᠎ᠢ ᠦᠵᠡᠭᠦᠯᠵᠠᠢ᠃
ᠲᠡᠭᠡᠪᠡᠯ ᠡᠨᠡ ᠤᠳᠠᠭ᠎ᠠ ᠱᠢᠯᠢ᠎ᠶ᠋ᠢᠨ ᠭᠤᠤᠯ ᠠᠢᠮᠠᠭ᠎ᠤᠨ ᠤᠯᠠᠭᠠᠨᠮᠦᠴᠢᠷ᠎ᠨᠢ ᠲᠤᠰ ᠵᠦᠴᠦᠬᠡ᠎ᠶ᠋ᠢ ᠲᠠᠬᠢᠨᠳᠠ ᠰᠡᠷᠭᠦᠭᠡᠨ ᠲᠤᠭ᠍ᠯᠠᠬᠤ᠎ᠳᠠᠭᠠᠨ ᠦᠡᠭ᠌ᠭᠡᠷᠡᠭ᠌ᠰᠡᠨ᠎ᠤ ᠵᠤᠬᠢᠶᠠᠨ ᠪᠦᠲᠦᠭᠡᠭ᠌ᠰᠡᠨ ᠤᠳᠭ᠎ᠠ ᠰᠠᠨᠠᠭ᠎ᠠ᠎ᠶ᠋ᠢ ᠤᠯᠠᠮᠵᠢᠯᠠᠨ ᠬᠠᠳᠠᠭᠠᠯᠠᠭ᠍ᠰᠠᠨ ᠪᠦᠭᠡᠳ ᠠᠭᠤᠯᠭ᠎ᠠ᠎ᠶ᠋ᠢᠨ ᠲᠠᠯ᠎ᠠ᠎ᠪᠠᠷ ᠤᠯᠠᠮ ᠲᠡᠯᠭᠡᠷᠡᠭᠦᠯᠦᠨ ᠪᠠᠶᠠᠵᠢᠭᠤᠯᠵᠤ ᠤᠯᠠᠮ ᠦᠵᠡᠮᠦᠷᠢᠳᠡᠢ ᠪᠤᠯᠭᠠᠵᠠᠢ᠃ ᠪᠦᠬᠦ᠌ ᠵᠦᠴᠦᠭᠡ᠎ᠶ᠋ᠢᠨ ᠶᠠᠪᠤᠴᠠ᠎ᠳᠤ ᠲᠠᠯ᠎ᠠ ᠨᠤᠲᠤᠭ᠎ᠤᠨ ᠪᠦᠵᠢᠭ᠂ ᠤᠨᠴᠠᠭᠠᠢ ᠲᠠᠢᠰᠠᠨ᠎ᠤ ᠵᠠᠰᠠᠯ ᠴᠢᠮᠡᠭ᠌ᠯᠡᠯ᠂ ᠭᠡᠷᠡᠯᠳᠦᠭᠦᠯᠭᠡ᠂ ᠪᠦᠵᠢᠭ᠎ᠤᠨ ᠬᠦᠳᠡᠯᠦᠯ᠂ ᠪᠦᠬᠦᠯᠢ ᠴᠤᠭ᠍ᠴᠠ᠎ᠶ᠋ᠢᠨ ᠠᠪᠴᠠᠯᠳᠤᠭ᠎ᠠ ᠵᠡᠷᠭᠡ᠎ᠨᠢ ᠡᠬᠡ ᠬᠦᠮᠦᠨ᠎ᠤ ᠡᠨᠡᠷᠢᠩᠭᠦᠢ ᠴᠠᠭᠠᠨ ᠰᠡᠳᠭᠢᠯ᠎ᠢ ᠦᠵᠡᠳᠡᠯ᠎ᠠ ᠲᠤᠳᠤᠬᠠᠨ ᠬᠠᠷᠠᠭᠤᠯᠵᠤ᠂ ᠦᠨᠳᠦᠰᠦᠳᠡᠨ᠎ᠨᠦᠭᠦᠳ ᠨᠢᠭᠡᠨ ᠭᠡᠷ ᠪᠦᠯᠢ᠎ᠶ᠋ᠢᠨ ᠪᠦᠯᠭᠦᠮᠳᠡᠯ ᠨᠦᠬᠦᠷᠯᠡᠯ᠎ᠢ ᠬᠠᠷᠠᠭᠤᠯᠪᠠ᠃

ᠲᠠᠯ᠎ᠠ ᠨᠤᠲᠤᠭ᠎ᠤᠨ ᠦᠵᠡᠰᠭᠦᠯᠡᠩ

ᠪᠠᠶᠠᠷ ᠪᠠᠶᠠᠰᠤᠯᠳᠤ ᠪᠠᠭ᠎ᠠ ᠨᠠᠰᠤ
ᠪᠤᠶᠠᠨ ᠬᠡᠱᠢᠭ ᠲᠡᠯᠭᠡᠷᠳᠦᠭᠡᠢ

ᠨᠠᠭᠦᠳᠡᠯ

ᠤᠮᠤᠭ ᠰᠦᠷ

《ᠤᠯᠤᠰ ᠤᠨ ᠬᠡᠤᠬᠡᠳ 》
ᠤᠨ ᠲᠤᠷᠠᠰᠤᠮᠵᠢ ᠡᠷᠭᠢᠴᠡᠭᠦᠯᠦᠯ

ᠮᠤᠷᠢᠨ ᠤᠷᠤᠯᠳᠤᠭᠠᠨ᠎ᠤ
ᠱᠢᠯᠢᠳᠡᠭ ᠤᠨᠤᠭᠠᠴᠢᠨ