ᠬᠡᠷᠪᠡ ᠲᠠᠨ᠎ᠳᠤ ᠲᠠᠷᠢᠶᠠᠴᠢᠨ ᠪᠣᠯᠬᠤ ᠲᠤᠬᠢᠶᠠᠯ ᠤᠯᠭᠤᠪᠠᠯ ᠲᠠ ᠠᠯᠢ ᠭᠠᠵᠠᠷ᠎ᠢ ᠰᠣᠩᠭᠤᠵᠤ ᠲᠠᠷᠢᠶ᠎ᠠ ᠲᠠᠷᠢᠬᠤ ᠪᠣᠢ? ᠪᠢ ᠦᠪᠤᠷ ᠮᠤᠩᠭᠤᠯ᠎ᠢ ᠰᠤᠩᠭᠤᠨ᠎ᠠ ᠬᠡᠵᠤ ᠪᠥᠬᠦ᠌ ᠤᠯᠤᠰ᠎ᠤᠨ ᠠᠮᠤ ᠪᠤᠳᠠᠭ᠎ᠠ ᠲᠠᠷᠢᠳᠠᠭ ᠲᠣᠮᠣ ᠡᠷᠦᠬᠡ ᠯᠢᠦ ᠬᠠᠶ ᠱᠧᠩ ᠬᠠᠷᠢᠭᠤᠯᠤᠯ᠎ᠠ᠃
ᠯᠢᠦ ᠬᠠᠶ ᠱᠧᠩ ᠪᠣᠯ ᠳ᠋ᠧᠩᠺᠸᠤ ᠱᠢᠶᠠᠨ᠎ᠤ ᠱᠠᠵᠢᠨᠲᠤᠬᠤᠢ ᠰᠤᠮᠤ᠎ᠶ᠋ᠢᠨ ᠨᠢᠭᠡᠨ ᠡᠩ᠎ᠤᠨ ᠲᠠᠷᠢᠶᠠᠴᠢᠨ ᠮᠦᠨ᠃ ᠤᠢ᠍ᠢᠷ᠎ᠠ᠎ᠶ᠋ᠢᠨ ᠵᠢᠯ᠎ᠠᠴᠠ᠂ ᠤᠯᠤᠰ᠎ᠤᠨ ᠲᠠᠷᠢᠶᠠᠴᠢᠳ᠎ᠲᠤ ᠠᠱᠢᠬ ᠬᠦᠷᠲᠡᠭᠡᠬᠦ᠌ ᠲᠦᠷᠦ᠎ᠶ᠋ᠢᠨ ᠪᠤᠳᠤᠯᠭ᠎ᠠ᠎ᠳᠤ ᠲᠦᠱᠢᠭ᠌ᠯᠡᠵᠦ᠍᠂ ᠲᠡᠷᠡ ᠱᠢᠨᠵᠢᠯᠡᠬᠦ᠌ ᠤᠬᠠᠭᠠᠨᠴᠢ᠎ᠪᠠᠷ ᠲᠠᠷᠢᠶ᠎ᠠ ᠲᠠᠷᠢᠬᠤ᠎ᠶ᠋ᠢ ᠶᠡᠭᠡ᠎ᠪᠠᠷ ᠲᠦᠭᠡᠮᠡᠯᠵᠢᠬᠦᠯᠤᠨ᠂ ᠪᠠᠶᠠᠵᠢᠨ ᠴᠢᠨᠡᠭᠡᠯᠢᠭ᠌ᠵᠢᠬᠦ᠌ ᠵᠠᠮ᠎ᠢᠶᠠᠷ ᠵᠠᠮᠨᠠᠭ᠍ᠰᠠᠨ ᠪᠠᠢᠨ᠎ᠠ᠃
ᠨᠡᠩ ᠶᠡᠭᠡ ᠠᠵᠤ ᠠᠬᠤᠢ᠎ᠶ᠋ᠢᠨ ᠦᠷ᠎ᠡ ᠠᠱᠢᠭ ᠣᠯᠤᠶ᠎ᠠ ᠭᠡᠪᠡᠯ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠢ ᠡᠷᠬᠡᠪᠰᠢ ᠠᠱᠢᠬ᠍ᠯᠠᠵᠤ᠂ ᠮᠧᠬᠠᠨᠢᠭ᠍ᠵᠢᠭᠤᠯᠤᠯᠲᠠᠶ᠋ᠢᠨ ᠲᠦᠪᠱᠢᠨ᠎ᠢ ᠳᠡᠭᠡᠭ᠌ᠰᠢᠯᠡᠭᠦᠯᠬᠦ᠌ ᠬᠡᠷᠡᠭ᠌ᠳᠡᠢ ᠬᠡᠳᠡᠭ᠎ᠢ ᠯᠢᠦ ᠬᠠᠢ ᠱᠧᠩ ᠰᠠᠢᠨ ᠤᠬᠠᠳᠠᠭ᠃ ᠵᠢᠯᠣᠭᠤᠴᠢ ᠥᠬᠡᠶ ᠨᠢᠰᠭᠡᠯ᠎ᠤᠨ ᠨᠢᠰᠦᠯᠳᠡ᠎ᠶ᠋ᠢᠨ ᠰᠡᠷᠭᠡᠢᠯᠡᠯᠲᠡ᠂ ᠤᠰᠤ ᠪᠣᠷᠲᠣᠭᠤᠷ᠎ᠢ ᠨᠢᠭᠡ ᠴᠣᠭ᠍ᠴᠠᠵᠢᠭᠤᠯᠬᠤ ᠮᠡᠷᠭᠡᠵᠢᠯ᠂ ᠮᠧᠬᠠᠨᠢᠭ᠍ᠵᠢᠭᠤᠯᠤᠨ ᠠᠵᠢᠯᠯᠠᠬᠤ᠎ᠨᠢ ᠯᠢᠦ ᠬᠠᠶ ᠱᠧᠩ᠎ᠤᠨ ᠬᠤᠪᠢ᠎ᠳᠤ ᠱᠢᠨ᠎ᠡ ᠰᠡᠪᠡᠭᠦᠨ ᠤᠴᠢᠷ ᠪᠢᠰᠢ ᠪᠣᠯᠵᠠᠶ᠃ ᠱᠢᠨ᠎ᠡ ᠮᠡᠷᠭᠡᠵᠢᠯ᠎ᠤᠨ ᠳᠠᠪᠠᠭᠤᠯᠢᠭ ᠳᠣᠣᠷ᠎ᠠ᠂ ᠠᠮᠤ ᠪᠤᠳᠠᠭᠠᠨ᠎ᠤ ᠤᠨᠠᠯᠲᠠ ᠱᠢᠨ᠎ᠡ ᠱᠢᠪᠲᠤᠯᠤᠯᠲᠠ᠎ᠲᠠᠢ ᠪᠤᠯᠵᠤ᠂ 2020 ᠣᠨ᠎ᠳᠤ᠂ ᠲᠡᠳᠡᠤᠬᠢᠨᠤ ᠲᠠᠷᠢᠭ᠍ᠰᠠᠨ ᠡᠷᠳᠡᠨᠢ ᠱᠢᠰᠢ᠎ᠶ᠋ᠢᠨ ᠮᠦ᠍ ᠪᠦᠷᠢ᠎ᠶ᠋ᠢᠨ ᠳᠤᠮᠳᠠᠴᠢ ᠤᠨᠠᠯᠲᠠ 1075 ᠺᠢᠯᠣᠭ᠌ᠷᠠᠮ᠎ᠳᠤ ᠬᠦᠷᠴᠡᠢ᠃
ᠲᠠᠷᠢᠭᠠᠳ ᠶᠠᠭᠠᠬᠢᠵᠤ ᠬᠤᠳᠠᠯᠳᠤᠬᠤ ᠪᠢᠯᠡ? ᠵᠠᠬ᠎ᠠ ᠳᠡᠯᠭᠡᠭᠦᠷ᠎ᠤᠨ ᠵᠢᠮ᠎ᠡ ᠶᠣᠰᠣ᠎ᠶ᠋ᠢ ᠤᠢ᠍ᠢᠯᠠᠭᠠᠳᠠᠭ ᠯᠢᠤ ᠬᠠᠢ ᠱᠧᠩ ᠠᠮᠤ ᠪᠤᠳᠠᠭ᠎ᠠ ᠡᠳ᠋ᠱᠢᠭᠦᠯᠤᠨ ᠪᠤᠯᠪᠠᠰᠤᠷᠠᠭᠤᠯᠬᠤ ᠣᠯᠠᠨ ᠠᠵᠤ ᠠᠬᠤᠢᠯᠠᠯ᠎ᠯᠤᠭ᠎ᠠ ᠦᠢᠯᠡᠳᠪᠦᠷᠢᠯᠡᠵᠦ᠍ ᠪᠣᠷᠣᠯᠠᠭᠤᠯᠬᠤ ᠭᠡᠷ᠎ᠡ ᠲᠣᠭ᠍ᠲᠠᠵᠤ᠂ ᠵᠠᠬᠢᠶᠠᠯᠠᠭ᠎ᠠ᠎ᠪᠠᠷ ᠦᠢᠯᠡᠳᠪᠦᠷᠢᠯᠡᠬᠦ᠌᠎ᠶ᠋ᠢ ᠬᠡᠷᠡᠭ᠌ᠵᠢᠭᠦᠯᠪᠡ᠃
2001 ᠣᠨ᠎ᠠᠴᠠ 2011 ᠤᠨ ᠪᠣᠯᠲᠠᠯ᠎ᠠ᠂ ᠯᠢᠦ ᠬᠠᠢ ᠱᠧᠩ᠎ᠤᠨ ᠲᠠᠷᠢᠭ᠍ᠰᠠᠨ ᠠᠮᠤ ᠪᠤᠳᠠᠭᠠᠨ᠎ᠤ ᠤᠨᠠᠯᠳᠡ᠎ᠨᠢ ᠨᠡᠢᠲᠡ 4000 ᠲᠣᠨ᠎ᠳᠤ ᠬᠦᠷᠴᠡᠢ᠃ ᠪᠠᠶᠠᠵᠢᠭ᠍ᠰᠠᠨᠤ ᠳᠠᠷᠠᠭ᠎ᠠ ᠲᠡᠷᠡ ᠰᠠᠨᠠᠭᠠᠴᠢᠯᠠᠭ᠎ᠠ᠎ᠠᠴᠠ᠎ᠪᠠᠨ ᠡᠷᠭᠢᠨ ᠲᠣᠭᠤᠷᠢᠨ᠎ᠤ ᠲᠠᠷᠢᠶᠠᠴᠢᠨ ᠡᠷᠦᠬᠡ᠎ᠳᠤ ᠲᠠᠷᠢᠶᠠᠯᠠᠩ᠎ᠤᠨ ᠮᠠᠱᠢᠨ ᠪᠠᠭᠠᠵᠢ ᠵᠢᠴᠢ ᠦᠷ᠎ᠡ ᠵᠡᠷᠭᠡ ᠲᠠᠷᠢᠶᠠᠯᠠᠩ᠎ᠤᠨ ᠦᠢᠯᠡᠳᠪᠦᠷᠢᠯᠡᠯ᠎ᠤᠨ ᠬᠡᠷᠡᠭ᠌ᠰᠡᠯ᠎ᠢ ᠬᠠᠩᠭᠠᠵᠤ᠂ ᠲᠤᠬᠠᠶ᠎ᠶ᠋ᠢᠨ ᠭᠠᠵᠠᠷ᠎ᠤᠨ ᠲᠠᠷᠢᠶᠠᠴᠢᠳ᠎ᠤᠨ ᠪᠣᠳᠠᠲᠠᠶ ᠬᠦᠴᠢᠷᠳᠡᠯ᠎ᠢ ᠱᠢᠢᠳᠪᠦᠷᠢᠯᠡᠪᠡ᠃ ᠡᠭᠦᠨ᠎ᠤ ᠬᠠᠮᠲᠤ᠌᠂ ᠲᠡᠷᠡ ᠪᠠᠰᠠ ᠲᠠᠷᠢᠶᠠᠯᠠᠩ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠵᠢᠱ᠌ᠢᠶ᠎ᠡ ᠦᠵᠡᠭᠦᠯᠬᠦ᠌ ᠰᠠᠭᠤᠷᠢᠨ᠎ᠢ ᠪᠠᠢᠭᠤᠯᠵᠤ᠂ ᠡᠷᠬᠢᠨ ᠲᠣᠭᠤᠷᠢᠨ᠎ᠤ ᠲᠠᠷᠢᠶᠠᠴᠢᠨ ᠡᠷᠦᠬᠡ᠎ᠶ᠋ᠢ ᠳᠠᠢᠴᠢᠯᠠᠨ ᠱᠢᠨᠵᠢᠯᠡᠬᠦ᠌ ᠤᠬᠠᠭᠠᠨᠴᠢ᠎ᠪᠠᠷ ᠪᠠᠶᠠᠵᠢᠭᠤᠯᠪᠠ᠃
2020 ᠣᠨ᠎ᠳᠤ᠂ ᠪᠠᠶᠠᠨᠨᠠᠭᠤᠷ ᠬᠤᠳᠠ᠎ᠶ᠋ᠢᠨ ᠭᠠᠳᠠᠭᠠᠳᠤ ᠤᠷᠤᠭᠤᠯᠤᠯᠳᠡ ᠭᠠᠳᠠᠭᠠᠳᠤ ᠭᠠᠷᠭᠠᠯᠳᠡ᠎ᠶ᠋ᠢᠨ ᠶᠡᠷᠦᠩᠬᠡᠶ ᠬᠡᠮᠵᠢᠶ᠎ᠠ 275.9 ᠳ᠋ᠦᠩᠱᠢᠭᠤᠷ ᠲᠥᠭᠦᠷᠢᠭ᠎ᠲᠤ ᠬᠦᠷᠴᠦ᠍᠂ ᠨᠢᠳᠤᠨᠤᠨ᠎ᠤ ᠠᠳᠠᠯᠢ ᠬᠤᠭᠤᠴᠠᠭ᠎ᠠ᠎ᠶ᠋ᠢᠨ᠎ᠬᠢ᠎ᠠᠴᠠ 12% ᠢᠶᠠᠷ ᠨᠡᠮᠡᠭ᠌ᠳᠡᠭ᠌ᠰᠡᠨ ᠰᠠᠢᠨ ᠦᠷ᠎ᠠ ᠪᠦᠲᠦᠮᠵᠢ᠎ᠨᠢ ᠥᠪᠥᠷ ᠮᠣᠩᠭᠤᠯ᠎ᠤᠨ ᠠᠩᠬᠠᠳᠠᠭ᠍ᠴᠢ ᠭᠠᠳᠠᠭᠠᠳᠤ ᠤᠷᠤᠭᠤᠯᠤᠯᠳᠡ ᠭᠠᠷᠭᠠᠯᠳᠡ᠎ᠶ᠋ᠢᠨ ᠲᠤᠭ᠎ᠠ 200 ᠳ᠋ᠦᠩᠱᠢᠭᠤᠷ ᠲᠥᠭᠦᠷᠢᠭ᠎ᠠᠴᠠ ᠳᠡᠭᠡᠭ᠌ᠰᠢ ᠪᠤᠯᠬᠤ᠎ᠶ᠋ᠢᠨ ᠬᠠᠮᠳᠤ ᠭᠠᠳᠠᠭᠠᠳᠤ ᠤᠷᠤᠭᠤᠯᠤᠯᠳᠡ ᠭᠠᠷᠭᠠᠯᠳᠡ᠎ᠨᠢ ᠴᠥᠮ ᠬᠤᠶᠠᠷ ᠣᠷᠣᠨᠲᠤ ᠲᠤᠭ᠎ᠠ᠎ᠶ᠋ᠢᠨ ᠨᠡᠮᠡᠭ᠌ᠳᠡᠯ᠎ᠤᠨ ᠬᠡᠮᠵᠢᠶ᠎ᠠ᠎ᠶ᠋ᠢ ᠪᠠᠲᠤᠯᠠᠭ᠍ᠰᠠᠨ ᠠᠢᠮᠠᠭ ᠬᠤᠲᠠ ᠪᠣᠯᠪᠠ᠃ ᠡᠭᠦᠨ᠎ᠤ ᠳᠣᠲᠣᠷᠠᠬᠢ 《ᠶᠡᠭᠡ ᠬᠤᠪᠢ ᠨᠡᠮᠡᠷᠢ ᠦᠵᠡᠭᠦᠯᠦᠭ᠌ᠴᠢ》 ᠪᠣᠯ ᠳᠠᠷᠤᠶ ᠣᠷᠣᠨ ᠪᠦᠰᠡ᠎ᠶ᠋ᠢᠨ ᠨᠡᠢᠲᠡ᠎ᠶ᠋ᠢᠨ ᠬᠡᠷᠡᠭ᠌ᠯᠡᠭᠡᠨ᠎ᠤ ᠲᠦᠷᠦᠯ ᠲᠡᠮᠳᠡᠭ ᠪᠤᠯᠬᠤ 《ᠲᠩᠷᠢ᠎ᠶ᠋ᠢᠨ ᠬᠡᠱᠢᠭ᠌ᠲᠦ ᠪᠣᠷᠣᠲᠣᠬᠤᠶ》 ᠪᠣᠯᠤᠨ᠎ᠠ᠃ ᠡᠨᠡ᠎ᠨᠢ ᠤᠯᠠᠨ ᠲᠠᠷᠢᠶᠠᠴᠢᠨ᠎ᠳᠤ ᠯᠢᠤ ᠬᠠᠢ ᠱᠧᠩ ᠱᠢᠭ ᠠᠱᠢᠭ ᠬᠦᠷᠳᠡᠭᠡᠭ᠌ᠰᠡᠨ ᠪᠠᠢᠨ᠎ᠠ᠃
ᠣᠳᠣᠬᠠᠨ᠎ᠳᠤ᠂ 《ᠲᠩᠷᠢ᠎ᠶ᠋ᠢᠨ ᠬᠡᠱᠢᠭ᠌ᠲᠦ ᠪᠣᠷᠣᠲᠣᠬᠤᠶ》 ᠲᠦᠷᠦᠯ ᠲᠡᠮᠳᠡᠭ᠎ᠨᠢ ᠪᠠᠶᠠᠨᠨᠠᠭᠤᠷ ᠬᠤᠲᠠ᠎ᠶ᠋ᠢᠨ ᠴᠢᠨᠠᠷ ᠰᠠᠢᠲᠠᠶ ᠮᠠᠯ᠎ᠤᠨ ᠠᠱᠢᠭ ᠱᠢᠮ᠎ᠡ ᠲᠠᠷᠢᠶᠠᠯᠠᠩ᠎ᠤᠨ ᠪᠦᠲᠦᠭᠡᠭ᠌ᠳᠡᠬᠦᠨ᠎ᠢ ᠲᠠᠢᠴᠢᠯᠡᠵᠤ ᠪᠦᠬᠦᠯᠢ ᠴᠣᠭ᠍ᠴᠠ᠎ᠶ᠋ᠢᠨ ᠥᠰᠥᠯᠲᠡ ᠦᠨ᠎ᠡ᠎ᠶ᠋ᠢ 15% ᠠᠴᠠ ᠳᠡᠭᠡᠭ᠌ᠰᠢ ᠪᠤᠯᠭᠠᠨ᠂ ᠪᠦᠬᠦ᠌ ᠬᠤᠲᠠ᠎ᠶ᠋ᠢᠨ 20 ᠲᠦᠮᠡᠨ ᠲᠠᠷᠢᠶᠠᠴᠢᠨ ᠡᠷᠦᠬᠡ ᠠᠵᠤ ᠦᠢᠯᠡᠰᠵᠢᠭ᠌ᠰᠡᠨ ᠡᠵᠡᠩᠨᠡᠯᠲᠡ᠎ᠶ᠋ᠢᠨ ᠬᠡᠯᠬᠢᠶ᠎ᠡ᠎ᠳᠤ ᠣᠷᠣᠵᠤ᠂ ᠮᠠᠯᠴᠢᠨ ᠲᠠᠷᠢᠶᠠᠴᠢᠨ᠎ᠤ ᠬᠥᠮᠦᠨ ᠪᠦᠷᠢ᠎ᠶ᠋ᠢᠨ ᠵᠢᠯ᠎ᠤᠨ ᠠᠵᠤ ᠦᠢᠯᠡᠰᠵᠢᠭ᠌ᠰᠡᠨ ᠡᠵᠡᠩᠨᠡᠯᠳᠡ᠎ᠠᠴᠠ ᠤᠯᠬᠤ ᠣᠷᠣᠯᠭ᠎ᠠ 1.1 ᠲᠦᠮᠡᠨ ᠲᠥᠭᠦᠷᠢᠭ᠎ᠲᠤ ᠬᠦᠷᠴᠦ᠍᠂ ᠮᠠᠯ᠎ᠤᠨ ᠠᠱᠢᠭ ᠱᠢᠮ᠎ᠡ ᠲᠠᠷᠢᠶᠠᠯᠠᠩ᠎ᠤᠨ ᠪᠦᠲᠦᠭᠡᠭ᠌ᠳᠡᠬᠦᠨ᠎ᠢ ᠡᠳ᠋ᠱᠢᠭᠦᠯᠦᠨ ᠪᠤᠯᠪᠠᠰᠤᠷᠠᠭᠤᠯᠬᠤ ᠨᠣᠷᠮ᠎ᠠ 75% ᠳᠤ ᠬᠦᠷᠪᠡ᠃
732.8 ᠳ᠋ᠦᠩᠱᠢᠭᠤᠷ ᠵᠢᠩ! 2020 ᠣᠨ᠎ᠳᠤ ᠮᠠᠨ᠎ᠤ ᠤᠷᠤᠨ᠎ᠤ ᠠᠮᠤ ᠪᠤᠳᠠᠭᠠᠨ᠎ᠤ ᠦᠢᠯᠡᠳᠪᠤᠷᠢᠯᠡᠯ 17 ᠵᠢᠯ ᠲᠠᠷᠠᠭᠠᠯᠠᠨ ᠡᠯᠪᠡᠭ ᠬᠤᠷᠢᠶᠠᠯᠲᠠ ᠤᠯᠤᠯ᠎ᠠ᠃ ᠡᠨᠡ ᠬᠦ᠌ 17 ᠵᠢᠯ ᠲᠠᠷᠠᠭᠠᠯᠠᠭ᠍ᠰᠠᠨ ᠠᠮᠵᠢᠯᠳᠠ᠎ᠶ᠋ᠢᠨ ᠠᠷᠤ᠎ᠳᠤ᠂ ᠮᠠᠨ᠎ᠤ ᠤᠷᠤᠨ᠎ᠤ ᠲᠠᠷᠢᠶᠠᠯᠠᠩ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠳᠤ ᠲᠦᠱᠢᠭ᠌ᠯᠡᠨ ᠬᠥᠭ᠌ᠵᠢᠭ᠌ᠰᠡᠨ ᠣᠳᠣᠬᠢᠴᠢᠯᠠᠯᠲᠠ᠎ᠶ᠋ᠢᠨ ᠱᠢᠨ᠎ᠡ ᠵᠠᠮ ᠲᠤᠷᠠᠢᠨᠠ᠃

ᠲᠠᠷᠢᠶᠠᠴᠢᠨ ᠯᠢᠦ ᠬᠠᠢ ᠱᠧᠩ᠎ᠤᠨ᠎ᠬᠢᠨ ᠡᠯᠪᠡᠭ ᠬᠤᠷᠢᠶᠠᠯᠲᠠ ᠤᠯᠤᠯ᠎ᠠ