
ᠬᠠᠪᠤᠷ᠎ᠤᠨ ᠬᠠᠷ᠎ᠠ ᠳᠤᠭᠤᠰᠤ ᠪᠤᠵᠢᠬᠢᠨᠡᠵᠦ᠍ ᠳᠤᠳᠤᠷ᠎ᠠ ᠪᠢᠳᠡᠬᠦᠦ ᠪᠤᠬᠢᠨᠢᠳᠤᠭ᠍ᠰᠠᠨ ᠨᠢᠭᠡᠨ ᠦᠳᠡ᠎ᠶ᠋ᠢᠨ ᠬᠤᠢᠨ᠎ᠠ᠂ ᠮᠢᠩᠭᠠᠳ ᠪᠠᠶᠠᠷ ᠪᠠᠭ᠍ᠰᠢ᠎ᠳᠤ ᠴᠢᠯᠦᠭᠡᠲᠠᠢ ᠪᠤᠯ ᠵᠤᠭᠤᠭ᠍ᠳᠠᠵᠦ᠍ ᠰᠠᠭᠤᠬᠤ ᠤᠤ ᠭᠡᠵᠦ᠍ ᠤᠳᠠᠰᠤᠳᠠᠭ᠍ᠰᠠᠨᠳᠤ᠂ ᠲᠠᠷᠠᠪᠠᠷ ᠳᠤᠷᠠᠳᠠᠢ ᠬᠦᠯᠢᠶᠠᠨ ᠠᠪᠴᠠᠢ᠂ ᠳᠡᠭᠡᠭᠡᠳ ᠪᠠᠭ᠍ᠰᠢ᠎ᠶ᠋ᠢᠨ ᠠᠯᠪᠠᠯᠠᠵᠦ᠍ ᠪᠠᠢᠭ᠎ᠠ ᠶᠢ ᡁᠢ ᠶᠤᠸᠠᠨ ᠤᠷᠠᠯᠢᠭ᠎ᠤᠨ ᠰᠤᠷᠭᠠᠭᠤᠯᠢ᠎ᠳᠤᠨᠢ ᠠᠢᠯᠴᠢᠯᠠᠵᠦ᠍ ᠬᠦᠷᠦᠭ᠌ᠰᠡᠨ ᠪᠢᠯᠠ᠃
ᠴᠡᠪᠡᠷ ᠳᠤᠬᠢᠯᠠᠭ᠍ᠬᠠᠨ ᠰᠤᠷᠭᠠᠭᠤᠯᠢ᠎ᠶ᠋ᠢᠨ ᠬᠦᠷᠢᠶᠠᠨ᠎ᠳᠤ ᠬᠦᠭ᠌ᠵᠢᠮ᠎ᠤᠨ ᠠᠶᠠᠰ ᠤᠶᠠᠩᠭᠠᠷᠠᠵᠦ᠍ ᠵᠠᠯᠠᠭᠤ ᠪᠠᠭᠠᠴᠤᠳ ᠨᠠᠰᠢ ᠴᠠᠰᠢ᠎ᠪᠠᠨ ᠵᠦᠷᠢᠯᠳᠤᠨ ᠢᠨᠢᠶᠡᠯᠳᠦᠵᠦ᠍ ᠬᠦᠭᠡᠷᠦᠯᠳᠤᠭᠡᠳ ᠦᠶᠦᠭ᠌ᠭᠡᠨ ᠳᠠᠪᠠᠳᠠᠢ᠃ ᠮᠢᠩᠭᠠᠳ ᠪᠠᠶᠠᠷ ᠪᠠᠭ᠍ᠰᠢ ᠠᠯᠪᠠᠨ ᠭᠡᠷ᠎ᠲᠤ᠎ᠪᠠᠨ ᠤᠯᠠᠨ ᠰᠠᠢᠬᠠᠨ ᠮᠤᠷᠢᠨ ᠬᠤᠭᠤᠷ᠎ᠢ ᠬᠠᠶᠠᠭ᠎ᠠ ᠲᠦᠱᠢᠬᠦᠯᠦᠨ ᠳᠠᠯᠪᠢᠵᠠᠢ᠃ ᠬᠠᠨ᠎ᠠ ᠳᠡᠭᠡᠷ᠎ᠠ ᠡᠯᠭᠦᠭ᠌ᠰᠡᠨ 《ᠮᠤᠷᠢᠨ ᠬᠤᠭᠤᠷ᠎ᠤᠨ ᠵᠢᠭᠠᠨ ᠰᠤᠷᠭᠠᠬᠤ ᠮᠠᠲ᠋ᠧᠷᠢᠶᠠᠯ》 ᠤᠨ ᠤᠬᠠᠭᠤᠯᠭ᠎ᠠ᠎ᠶ᠋ᠢᠨ ᠳᠤᠮᠤ ᠵᠢᠷᠤᠭ ᠳᠡᠭᠡᠷᠡᠬᠢ ᠬᠦᠭᠡ ᠲᠡᠷᠯᠢᠭ ᠬᠡᠳᠦᠷᠴᠤ᠌ ᠴᠠᠭᠠᠨ ᠭᠤᠳᠤᠯ ᠡᠮᠤᠰᠤᠨ ᠮᠤᠷᠢᠨ ᠬᠤᠭᠤᠷ ᠬᠦᠭ᠌ᠯᠡᠭ᠌ᠰᠡᠨ ᠮᠢᠩᠭᠠᠳ ᠪᠠᠶᠠᠷ ᠨᠠᠮᠪᠠᠯᠢᠭ ᠪᠦᠭᠡᠳ ᠵᠢᠪᠬᠤᠭᠠᠯᠢᠭ᠃
《ᠵᠠ᠂ ᠳᠡᠬᠦᠦ ᠮᠢᠨᠢ᠂ ᠠᠵᠢᠯ ᠦᠢᠯᠡᠰ ᠭᠡᠳ ᠵᠦᠳᠡᠷᠡᠵᠦ᠍ ᠪᠠᠢᠬ᠎ᠠ᠂ ᠤᠷᠢᠳᠠᠪᠠᠷ ᠨᠢᠭᠡ ᠠᠶᠠᠰ ᠰᠤᠨᠤᠰᠭᠤ ᠤᠤ? ᠶᠠᠮᠠᠷ ᠠᠶᠠᠰ ᠰᠤᠨᠤᠰᠤᠨ᠎ᠠ ᠪᠤᠢ?》 ᠭᠡᠳ ᠬᠤᠭᠤᠷ᠎ᠢᠶᠠᠨ ᠬᠦᠭ᠌ᠯᠡᠪᠡ᠃
ᠪᠢ᠄ 《ᠳᠠ ᠳᠤᠷ᠎ᠠ᠎ᠪᠠᠷ᠎ᠢᠶᠠᠨ ᠳᠠᠳᠠᠯ ᠳ᠋ᠠ》 ᠭᠡᠪᠠ᠃
ᠳᠡᠭᠦᠨ᠎ᠤ ᠬᠤᠷᠤᠭᠤ ᠬᠢᠯᠭᠠᠰᠤᠨ ᠳᠡᠭᠡᠷ᠎ᠠ ᠳᠤᠭ᠍ᠯᠠᠬᠤᠳᠤ᠂ ᠬᠤᠭᠤᠷ᠎ᠤᠨ ᠪᠦᠷᠢᠶᠠᠰᠤᠨᠠᠴᠠ ᠠᠰᠭᠠᠷᠠᠬᠤ ᠤᠶᠠᠬᠠᠨ ᠡᠬᠡᠱᠢᠭ ᠭᠡᠷ ᠲᠦᠬᠦᠷᠡᠩ ᠪᠢᠯᠬᠠᠷᠠᠵᠦ᠍ ᠴᠢᠬᠢ᠎ᠪᠠᠷ ᠤᠷᠤᠰ᠎ᠤᠨ ᠴᠢᠰᠦᠨ ᠰᠤᠳᠠᠯ᠎ᠢᠶᠠᠷ ᠯᠤᠭ᠍ᠰᠢᠨ ᠭᠤᠤᠯ ᠵᠢᠷᠦᠭᠡ᠎ᠶ᠋ᠢ ᠮᠢᠨᠢ ᠢᠯᠪᠢᠨ ᠳᠠᠭᠠᠯᠠᠵᠦ᠍᠂ ᠪᠦᠬᠦ᠌ ᠪᠡᠶ᠎ᠠ᠎ᠪᠠᠷ ᠬᠠᠯᠠᠭᠤᠨ ᠤᠢ᠍ᠢᠯ ᠴᠠᠯᠬᠢᠨ᠂ ᠪᠠᠶ᠎ᠠ ᠮᠢᠨᠢ ᠬᠦᠪᠪᠦᠬᠦ᠌ ᠮᠡᠳᠦ ᠪᠤᠯᠵᠦ᠍᠂ ᠪᠤᠳᠤᠯ ᠰᠡᠳᠭᠢᠯ ᠮᠢᠨᠢ ᠠᠯᠢ ᠬᠡᠳᠦ᠋ᠢᠨ ᠬᠦᠳᠡᠭᠡ ᠨᠤᠳᠤᠭ ᠨᠤᠭᠤᠭᠠᠨ ᠳᠠᠯ᠎ᠠ᠎ᠶ᠋ᠢᠨ ᠳᠤᠮᠳᠠ ᠬᠦᠷᠴᠢᠭᠡᠵᠦ᠍ ᠴᠡᠩᠭᠡᠭ ᠠᠭᠠᠷ ᠠᠮᠢᠰᠭᠤᠯᠯᠡᠵᠦ᠍᠂ ᠭᠤᠤᠯ ᠭᠤᠷᠤᠬ᠎ᠠ᠎ᠶ᠋ᠢᠨ ᠢᠷᠠᠭᠤ ᠠᠶᠠᠰ᠎ᠢ ᠰᠤᠨᠤᠰᠴᠤ᠌ ᠪᠠᠢᠭ᠎ᠠ ᠮᠡᠳᠦ ᠪᠤᠯᠪᠠ᠃
ᠮᠢᠩᠭᠠᠳ ᠪᠠᠶᠠᠷ ᠪᠠᠭ᠍ᠰᠢ ᠶᠢ ᡁᠢ ᠶᠤᠸᠠᠨ ᠤᠷᠠᠯᠢᠭ᠎ᠤᠨ ᠰᠤᠷᠭᠠᠭᠤᠯᠢ᠎ᠳᠤ ᠤᠷᠢᠭ᠍ᠳᠠᠨ ᠮᠤᠷᠢᠨ ᠬᠤᠭᠤᠷ ᠵᠢᠭᠠᠵᠦ᠍ ᠪᠤᠢ ᠭᠡᠨ᠎ᠠ᠃ ᠨᠢᠳᠤᠨᠤᠨ ᠵᠢᠯ ᠦᠪᠤᠷ ᠮᠤᠩᠭᠤᠯ᠎ᠤᠨ ᠤᠷᠠᠯᠢᠭ᠎ᠤᠨ ᠬᠦᠷᠢᠶᠡᠯᠡᠩ᠎ᠠᠴᠠ ᠠᠵᠢᠯ᠎ᠠᠴᠠ᠎ᠪᠠᠨ ᠳᠠᠷᠬᠠᠯᠠᠭ᠍ᠳᠠᠭ᠍ᠰᠠᠨ ᠪᠤᠯᠪᠠᠴᠤ᠌ 43 ᠵᠢᠯ ᠵᠢᠳᠬᠦᠭ᠌ᠰᠡᠨ ᠦᠢᠯᠡᠰ᠎ᠤᠨ ᠮᠦᠷ᠎ᠨᠢ ᠦᠷᠬᠦᠯᠵᠢᠯᠡᠭ᠌ᠰᠡᠭᠡᠷ᠃ ᠰᠤᠷᠤᠭ᠍ᠴᠢ ᠬᠦᠮᠤᠵᠢᠬᠦᠯᠦᠨᠠ᠂ ᠵᠢᠭᠠᠬᠤ ᠮᠠᠲ᠋ᠧᠷᠢᠶᠠᠯ ᠪᠢᠴᠢᠨ᠎ᠠ᠂ ᠬᠦᠭ᠌ᠵᠢᠮ ᠵᠤᠬᠢᠶᠠᠨ᠎ᠠ᠂ ᠳᠤᠭ᠍ᠯᠠᠯᠳᠠ ᠭᠠᠷᠭᠠᠨ᠎ᠠ᠂ ᠳᠡᠬᠦᠨ᠎ᠳᠤ ᠦᠨᠡᠭᠡᠷ ᠴᠢᠯᠦᠭᠡ ᠠᠯᠠᠭ᠎ᠠ᠃ 《ᠨᠢᠭᠡ ᠨᠠᠰᠤ᠎ᠶ᠋ᠢ ᠱᠢᠳᠦ᠎ᠪᠠᠨ ᠵᠠᠭᠤᠵᠦ᠍ ᠪᠠᠷᠠᠭᠠᠬᠤ》 ᠬᠠᠳᠠᠭᠤ ᠳᠠᠩᠭᠠᠷᠢᠭ᠎ᠨᠢ ᠠᠵᠢ᠃
ᠨᠡᠷᠡᠳᠦ ᠮᠤᠷᠢᠨ ᠬᠤᠭᠤᠷᠴᠢᠨ
ᠤᠷᠠᠯᠢᠭ᠎ᠤᠨ ᠤᠡᠭ᠌ᠭᠤᠳ ᠤᠷᠤᠱᠢᠭᠤᠯᠳᠠᠭ ᠤᠡᠭ᠌ᠭᠤᠨ ᠪᠠᠢᠭᠠᠯᠢ᠂ ᠤᠳᠤᠮ ᠵᠠᠯᠭᠠᠨ ᠵᠠᠶᠠᠭᠠᠳᠠᠭ ᠤᠷᠠᠯᠢᠭ᠎ᠤᠨ ᠠᠪᠢᠶᠠᠰ ᠭᠡᠭ᠌ᠴᠢ᠎ᠨᠢ ᠶᠤᠰᠤᠳᠠᠢ ᠪᠢᠯᠠ᠃ ᠮᠢᠩᠭᠠᠳ ᠪᠠᠶᠠᠷ᠎ᠤᠨ ᠠᠪᠤ᠎ᠨᠢ ᠠᠷᠠᠳ᠎ᠤᠨ ᠳᠠᠭᠤᠴᠢᠨ᠂ ᠠᠪᠠᠭ᠎ᠠ᠎ᠨᠢ ᠬᠤᠭᠤᠷᠴᠢ᠂ ᠴᠢᠰᠤᠨ᠎ᠳᠤᠨᠢ ᠱᠢᠩᠭᠡᠵᠦ᠍ ᠴᠢᠬᠢᠨ᠎ᠳᠤᠨᠢ ᠬᠠᠳᠠᠩᠱᠢᠭ᠌ᠰᠡᠨ ᠳᠠᠭᠤᠤ ᠬᠤᠭᠤᠷ᠎ᠤᠨ ᠠᠶᠠᠯᠭᠤ ᠳᠡᠬᠦᠨ᠎ᠤ ᠤᠷᠠᠯᠢᠭ᠎ᠤᠨ ᠳᠤᠷ᠎ᠠ ᠪᠠᠬ᠎ᠠ᠎ᠶ᠋ᠢ ᠦᠷᠦ᠍ ᠵᠢᠷᠤᠭᠡᠨᠠᠴᠠᠨᠢ ᠤᠨᠳᠤᠷᠤᠭᠤᠯᠵᠦ᠍ ᠪᠠᠢᠵᠠᠢ᠃ ᠳᠤᠯᠤᠭᠠᠨ ᠨᠠᠰᠤᠳᠠᠢ ᠬᠤᠭᠤᠷ ᠬᠦᠭ᠌ᠯᠡᠨ ᠰᠤᠷᠴᠤ᠌᠂ ᠶᠢᠰᠦᠨ ᠨᠠᠰᠤᠳᠠᠢ ᠲᠦᠭᠦᠮ ᠨᠤᠲ᠎ᠲᠠᠢ ᠳᠠᠨᠢᠯᠴᠠᠨ ᠠᠷᠪᠠᠨ ᠲᠦᠷᠪᠡᠳᠠᠢ ᠮᠤᠷᠢᠨ ᠬᠤᠭᠤᠷ ᠰᠤᠷᠴᠠᠢ᠂ ᠠᠷᠪᠠᠨ ᠵᠢᠷᠭᠤᠭᠠᠲᠠᠢ ᠨᠡᠷᠡᠳᠦ ᠮᠤᠷᠢᠨ ᠬᠤᠭᠤᠷᠴᠢᠨ ᠵᠢᠭ᠌ᠮᠢᠳ ᠪᠠᠭ᠍ᠰᠢ᠎ᠳᠤ ᠱᠠᠪᠢᠯᠡᠵᠦ᠍᠂ ᠪᠤᠯᠪᠠᠰᠤᠷᠠᠯ ᠡᠷᠳᠡᠮ᠎ᠨᠢ ᠲᠦᠷᠭᠡᠨ ᠳᠡᠭᠡᠭ᠌ᠰᠢᠯᠠᠵᠠᠢ᠃
《ᠪᠢ ᠮᠤᠷᠢᠨ ᠬᠤᠭᠤᠷ᠎ᠲᠤ ᠳᠦᠢᠯ᠎ᠤᠨ ᠳᠤᠷ᠎ᠠ ᠰᠤᠨᠢᠷᠬᠠᠯ᠎ᠲᠠᠢ᠂ ᠰᠠᠢᠬᠠᠨ ᠳᠠᠳᠠᠵᠦ᠍ ᠰᠤᠷᠬᠤ᠎ᠶ᠋ᠢᠨ ᠲᠦᠯᠦᠭᠡ ᠬᠦᠮᠤᠰ᠎ᠢ ᠤᠨᠳᠠᠭ᠎ᠠ᠎ᠪᠠᠷ ᠪᠤᠰᠴᠤ᠌ ᠪᠤᠯᠪᠠᠰᠤᠷᠠᠨ᠂ ᠬᠦᠮᠤᠰ ᠤᠨᠳᠠᠭ᠍ᠰᠠᠨᠤ ᠰᠠᠭᠦᠯᠡᠷ ᠰᠠᠶᠢ ᠤᠨᠳᠠᠳᠠᠭ᠂ ᠵᠡᠬᠦᠳᠤᠪᠠᠷᠢᠶᠠᠨ ᠬᠦᠶᠦᠭᠡᠳ ᠪᠤᠰᠴᠤ᠌ ᠪᠤᠯᠪᠠᠰᠤᠷᠠᠳᠠᠭ ᠴᠤ᠌ ᠪᠠᠢᠭ᠍ᠰᠠᠨ》᠃ ᠳᠤᠷ᠎ᠠ ᠪᠠᠬ᠎ᠠ ᠬᠢᠭᠡᠳ ᠠᠪᠢᠶᠠᠰ ᠪᠢᠯᠢᠭᠢᠶᠠᠷᠢᠶᠠᠨ ᠬᠦᠳᠦᠯᠦᠭᠦᠯᠦᠨ᠂ ᠮᠤᠷᠢᠨ ᠬᠤᠭᠤᠷ ᠤᠷᠠᠯᠢᠭ᠎ᠲᠤ ᠱᠢᠬᠢᠳᠴᠤ᠌ ᠱᠢᠨᠤᠵᠦ᠍ ᠪᠠᠢᠭ᠍ᠰᠠᠨ ᠲᠡᠷᠡ᠎ᠪᠠᠷ ᠤᠷᠠᠯᠢᠭ᠎ᠤᠨ ᠵᠠᠮ᠎ᠢᠶᠠᠷ ᠵᠠᠮᠨᠠᠬᠤ ᠵᠠᠪᠱᠢᠶᠠᠨ ᠤᠯᠳᠠᠵᠦ᠍᠂ ᠬᠤᠱᠢᠭᠤᠨ᠎ᠤ᠎ᠪᠠᠨ ᠤᠯᠠᠭᠠᠨᠮᠦᠴᠢᠷ᠎ᠲᠤ ᠡᠯᠰᠡᠭ᠌ᠳᠡᠪᠡ᠃
ᠦᠢᠯᠡᠰ᠎ᠤᠨ ᠭᠠᠷᠤᠭ᠎ᠠ᠎ᠪᠠᠨ ᠤᠯᠠᠭᠠᠨᠮᠦᠴᠢᠷ᠎ᠠᠴᠠ ᠡᠯᠭᠦᠭ᠌ᠰᠡᠨ ᠲᠡᠷᠡ᠎ᠪᠠᠷ᠂ ᠨᠢᠭᠡᠨ ᠦᠵᠦᠭᠦᠷ᠎ᠳᠦ ᠰᠡᠳᠭᠢᠯ᠎ᠢᠶᠠᠷ ᠮᠤᠷᠢᠨ ᠬᠤᠭᠤᠷ ᠭᠡᠬᠦ᠌ ᠢᠵᠠᠭᠤᠷ ᠤᠷᠠᠯᠢᠭ᠎ᠲᠠᠢ ᠬᠤᠪᠢ ᠵᠠᠶᠠᠭ᠎ᠠ᠎ᠪᠠᠨ ᠬᠤᠯᠪᠤᠵᠦ᠍᠂ ᠰᠦᠭ ᠰᠦᠨᠡᠰᠦ᠎ᠪᠠᠨ ᠳᠤᠱᠢᠶᠠᠵᠦ᠍᠂ ᠤᠬᠠᠭᠠᠨ ᠪᠤᠳᠤᠯ᠎ᠢᠶᠠᠨ ᠡᠷᠬᠦᠨ᠂ ᠬᠦᠴᠦ᠍ ᠬᠦᠯᠦᠰᠤ᠎ᠪᠠᠨ ᠤᠷᠤᠰᠭᠠᠵᠦ᠍᠂ ᠬᠡᠴᠢᠨᠠᠨ ᠶᠡᠭᠡ ᠨᠤᠭᠤᠷᠠᠯ ᠪᠦᠳᠦᠷᠢᠯ᠎ᠳᠤ ᠤᠴᠠᠷᠠᠨ ᠵᠤᠪᠠᠵᠦ᠍ ᠳᠠᠷᠴᠢᠯᠠᠵᠦ᠍ ᠪᠠᠢᠭ᠍ᠰᠠᠨ ᠴᠤ᠌᠂ ᠤᠷᠠᠯᠢᠭ ᠭᠡᠳᠡᠭ᠎ᠤᠨ ᠡᠷᠬᠢᠮ᠂ ᠠᠮᠢᠳᠤᠷᠠᠯ ᠭᠡᠭ᠌ᠴᠢ᠎ᠶ᠋ᠢᠨ ᠬᠠᠳᠠᠭᠤ᠂ ᠦᠢᠯᠡᠰ ᠭᠡᠭ᠌ᠴᠢ᠎ᠶ᠋ᠢᠨ ᠳᠡᠭᠡᠳᠦ᠎ᠶ᠋ᠢ ᠤᠬᠠᠭᠠᠷᠠᠵᠦ᠍᠂ ᠦᠪᠡᠷ᠎ᠤᠨ᠎ᠢᠶᠠᠨ ᠭᠡᠨ ᠭᠡᠭ᠌ᠴᠢ᠂ ᠶᠠᠮᠠᠷ ᠡᠭᠦᠷᠭᠡ᠎ᠲᠠᠢ᠂ ᠬᠡᠷᠬᠢᠨ ᠵᠢᠳᠬᠦᠬᠦ᠌᠎ᠶ᠋ᠢᠨ ᠤᠬᠠᠭᠠᠨ᠎ᠢᠶᠠᠨ ᠤᠯᠤᠭ᠍ᠰᠠᠨ ᠪᠢᠯᠠ᠃
ᠬᠤᠱᠢᠭᠤᠨ᠎ᠤ ᠤᠯᠠᠭᠠᠨᠮᠦᠴᠢᠷ᠂ ᠤᠯᠠᠭᠠᠨᠬᠠᠳᠠ ᠬᠤᠳᠠ᠎ᠶ᠋ᠢᠨ ᠳᠠᠭᠤᠤ ᠪᠦᠵᠢᠭ᠎ᠤᠨ ᠪᠦᠯᠭᠦᠮ᠎ᠠᠴᠠ ᠤᠷᠤᠨ᠎ᠤ ᠪᠦᠯᠭᠦᠮ᠎ᠳᠤ ᠠᠵᠢᠯᠯᠠᠬᠤ ᠪᠤᠯᠤᠭ᠍ᠰᠠᠨ ᠠᠯᠬᠤᠮ ᠪᠦᠷᠢ᠎ᠶ᠋ᠢᠨ ᠳᠠᠪᠱᠢᠯᠳᠠ᠎ᠨᠢ ᠳᠡᠬᠦᠨ᠎ᠳᠤ ᠨᠡᠩ ᠦᠨᠳᠤᠷ ᠳᠠᠪᠴᠠᠩ ᠬᠠᠨᠭ᠌ᠭᠠᠭ᠍ᠰᠠᠨ ᠳᠡᠳᠦᠢ ᠦᠭᠡᠢ᠂ ᠬᠠᠷᠠᠭ᠎ᠠ᠎ᠶ᠋ᠢ᠎ᠨᠢ ᠳᠡᠯᠡᠵᠦ᠍᠂ ᠡᠷᠳᠡᠮ ᠮᠡᠳᠡᠯᠭᠡ᠎ᠶ᠋ᠢ᠎ᠨᠢ ᠵᠤᠵᠠᠭᠠᠷᠠᠭᠤᠯᠵᠦ᠍᠂ ᠤᠷᠠᠯᠢᠭ᠎ᠤᠨ ᠲᠡᠭ᠌ᠷᠢ᠎ᠳᠤ ᠳᠡᠬᠦᠯᠢᠬᠦᠯᠵᠦ᠍᠂ ᠠᠯᠳᠠᠷᠳᠡᠳᠤᠨ ᠵᠡᠷᠭᠡ᠎ᠳᠤ ᠬᠦᠷᠦᠬᠦᠯᠦᠭ᠌ᠰᠡᠨ ᠠᠵᠢ᠃
1991 ᠤᠨ᠎ᠳᠤ ᠲᠦᠪ ᠲᠧᠯᠸᠢᠰ᠎ᠤᠨ 《ᠴᠠᠭᠠᠨ ᠰᠠᠷ᠎ᠠ᠎ᠶ᠋ᠢᠨ ᠦᠳᠡᠱᠢᠯᠡᠭᠡ》 ᠳᠤ ᠤᠷᠤᠯᠴᠠᠨ ᠪᠦᠬᠦ᠌ ᠤᠯᠤᠰ᠎ᠤᠨ ᠦᠵᠡᠭ᠌ᠴᠢᠳ᠎ᠲᠤ ᠳᠠᠨᠢᠭ᠍ᠳᠠᠭ᠍ᠰᠠᠨ ᠪᠤᠯ᠂ 2005 ᠤᠨ᠎ᠤ 8 ᠰᠠᠷ᠎ᠠ᠎ᠳᠤ᠂ ᠴᠢ᠊ · ᠪᠤᠯᠠᠭ᠎ᠤᠨ 《 ᠲᠠᠬᠢ》 ᠬᠠᠮᠳᠤᠯᠢᠭᠤᠨᠬᠢᠨᠲᠠᠢ ᠬᠠᠮᠳᠤ᠎ᠪᠠᠷ ᠳᠠᠯᠠᠭᠡᠢ᠎ᠶ᠋ᠢᠨ ᠹᠠᠱ᠌ᠢᠰ᠎ᠢ ᠡᠰᠡᠷᠭᠦᠴᠡᠭ᠌ᠰᠡᠨ ᠳᠠᠢᠨ ᠢᠯᠠᠯᠳᠠ ᠤᠯᠤᠭ᠍ᠰᠠᠨ 60 ᠵᠢᠯ᠎ᠤᠨ ᠤᠢ᠎ᠶ᠋ᠢ ᠪᠠᠯᠭᠡᠯᠡᠬᠦ᠌ ᠠᠵᠢᠯᠯᠠᠭ᠎ᠠ᠎ᠳᠤ ᠤᠷᠤᠯᠴᠠᠨ ᠠᠦ᠋ᠰᠲᠷᠢᠶ᠎ᠠ᠎ᠶ᠋ᠢᠨ ᠸᠢᠶᠧᠨᠠ᠎ᠶ᠋ᠢᠨ 《ᠠᠯᠳᠠᠨ ᠱᠢᠷᠭᠠᠯ ᠤᠷᠳᠤᠨ》 ᠳᠤ ᠮᠤᠷᠢᠨ ᠬᠤᠭᠤᠷ᠎ᠤᠨ ᠳᠤᠰᠭᠠᠢ ᠳᠤᠭ᠍ᠯᠠᠯᠳᠠ ᠭᠠᠷᠭᠠᠭᠠᠳ ᠮᠤᠷᠢᠨ ᠬᠤᠭᠤᠷ᠎ᠤᠨ ᠭᠠᠢᠬᠠᠮᠱᠢᠭ᠎ᠢ ᠳᠡᠯᠡᠭᠡᠢ᠎ᠶ᠋ᠢᠨ ᠰᠤᠨᠤᠷ᠎ᠲᠤ ᠭᠠᠢᠬᠠᠭᠤᠯᠤᠭ᠍ᠰᠠᠨ ᠪᠠᠢᠨ᠎ᠠ᠃ ᠲᠡᠷᠡ᠎ᠪᠠᠷ ᠤᠷᠢᠳ ᠬᠤᠵᠢᠳ ᠶᠠᠫᠤᠨ᠂ ᠢᠨᠳᠤᠨᠧᠱᠢᠶᠠ᠂ ᠱᠢᠩᠭᠠᠫᠤᠷ᠂ ᠮᠤᠩᠭᠤᠯ ᠤᠯᠤᠰ᠂ ᠹᠷᠠᠨᠼᠢ᠂ ᠭᠧᠷᠮᠠᠨ᠂ ᠢᠲ᠋ᠠᠯᠢ᠂ ᠠᠦ᠋ᠰᠲᠷᠡᠯᠢᠶ᠎ᠠ᠂ ᠹᠢᠨᠯᠠᠨᠳ᠋᠂ ᠯᠦᠺᠰᠧᠮᠪᠦᠷᠢᠭ᠂ ᠸᠠᠲ᠋ᠢᠺᠠᠨ᠂ ᠡᠨᠡᠳᠭᠡᠭ᠂ ᠺᠤᠷᠢᠶᠠ᠂ ᠱᠢᠶᠠᠩᠭᠠᠩ ᠵᠡᠷᠭᠡ ᠤᠯᠤᠰ ᠤᠷᠤᠨ᠎ᠢᠶᠠᠷ ᠬᠦᠷᠴᠤ᠌ ᠮᠤᠷᠢᠨ ᠬᠤᠭᠤᠷ᠎ᠤᠨ ᠳᠤᠭ᠍ᠯᠠᠯᠳᠠ ᠭᠠᠷᠭᠠᠵᠠᠢ᠃ 2017 ᠤᠨ᠎ᠳᠤ ᠠᠷᠠᠳ᠎ᠤᠨ ᠶᠡᠭᠡ ᠬᠤᠷᠠᠯ᠎ᠤᠨ ᠳᠠᠩᠬᠢᠮ᠎ᠳᠤ ᠰᠢ᠎ᠶ᠋ᠢᠨ ᠫᠢᠩ᠂ ᠯᠢ ᠺᠧ ᠴᠢᠶᠠᠩ ᠵᠡᠷᠭᠡ ᠨᠠᠮ ᠲᠦᠷᠦ᠎ᠶ᠋ᠢᠨ ᠤᠳᠤᠷᠢᠳᠭᠤ ᠬᠦᠮᠤᠰ᠎ᠲᠤ ᠳᠤᠭ᠍ᠯᠠᠯᠳᠠ ᠭᠠᠷᠭᠠᠨ ᠦᠵᠡᠬᠦᠯᠵᠦ᠍᠂ ᠤᠯᠤᠰ᠎ᠤᠨ ᠳᠤᠳᠤᠭᠠᠳᠤ ᠭᠠᠳᠠᠭᠠᠳᠤ᠎ᠶ᠋ᠢᠨ ᠦᠵᠡᠭ᠌ᠴᠢᠳ᠎ᠤᠨ ᠳᠠᠭᠠᠱᠢᠶᠠᠯᠢ ᠬᠦᠷᠳᠡᠭ᠌ᠰᠡᠨ ᠪᠠᠢᠨ᠎ᠠ᠃
ᠠᠮᠢᠳᠤᠷᠠᠯ ᠪᠤᠯ ᠡᠬᠢ ᠪᠤᠯᠠᠭ᠂ ᠠᠷᠠᠳ ᠲᠦᠮᠠᠨ ᠪᠤᠯ ᠪᠠᠭ᠍ᠰᠢ
ᠠᠮᠢᠳᠤᠷᠠᠯ᠎ᠳᠤ᠎ᠪᠠᠨ ᠰᠠᠭᠤᠷᠢᠯᠠᠨ᠎ᠠ᠂ ᠠᠷᠠᠳ᠎ᠠᠴᠠ᠎ᠪᠠᠨ ᠦᠪᠯᠡᠨᠠ ᠭᠡᠳᠡᠭ ᠪᠤᠯ ᠮᠢᠩᠭᠠᠳ ᠪᠠᠶᠠᠷ᠎ᠤᠨ ᠪᠠᠷᠢᠮᠳᠠᠯᠠᠯ᠂ ᠤᠷᠠᠯᠢᠭ᠎ᠤᠨ ᠬᠢᠨᠢ ᠡᠬᠢ ᠤᠨᠳᠤᠷᠤᠯ ᠪᠠᠢᠭ᠎ᠠ᠃
《ᠮᠢᠨᠤ ᠲᠦᠷᠦᠭ᠌ᠰᠡᠨ ᠨᠤᠳᠤᠭ ᠪᠤᠯ ᠠᠷᠤ ᠬᠤᠷᠴᠢᠨ ᠬᠤᠱᠢᠭᠤᠨ᠎ᠤ ᠪᠠᠶᠠᠨᠪᠤᠯᠠᠭ ᠰᠤᠮᠤᠨ᠎ᠤ ᠪᠤᠷᠬᠠᠨᠳᠤ᠎ᠶ᠋ᠢᠨ ᠠᠢᠯ᠂ ᠵᠡᠬᠦᠨ ᠳᠠᠯ᠎ᠠ᠎ᠪᠠᠷ᠎ᠢᠶᠠᠨ ᠰᠠᠯᠠᠭᠠᠨ ᠭᠤᠤᠯ᠂ ᠪᠠᠷᠠᠭᠤᠨ ᠳᠠᠯ᠎ᠠ᠎ᠪᠠᠷ᠎ᠢᠶᠠᠨ ᠯᠤᠤᠰ᠎ᠤᠨ ᠪᠤᠯᠠᠭ᠎ᠲᠠᠢ᠂ ᠭᠠᠯᠠᠭᠤ ᠱᠢᠪᠠᠭᠤ ᠳᠤᠩᠭᠤᠳᠤᠭ᠍ᠰᠠᠨ ᠰᠠᠢᠬᠠᠨ ᠨᠤᠳᠤᠭ ᠶᠤᠮ ᠡ᠂ ᠪᠢ ᠮᠦᠯᠬᠦᠭ᠌ᠰᠡᠭᠡᠷ ᠮᠤᠷᠢ᠎ᠶ᠋ᠢ ᠬᠠᠷᠠᠵᠦ᠍᠂ ᠠᠯᠬᠤᠭ᠍ᠰᠠᠭᠠᠷ ᠮᠤᠷᠢᠨ ᠨᠢᠷᠤᠭᠤᠨ ᠳᠡᠭᠡᠷ᠎ᠠ ᠡᠯᠢᠭᠡᠳᠡᠵᠦ᠍᠂ ᠬᠦᠶᠦᠭ᠌ᠰᠡᠭᠡᠷ ᠪᠠᠷᠢᠯᠳᠦᠵᠦ᠍ ᠦᠰᠦᠭ᠌ᠰᠡᠨ᠂ ᠪᠠᠢᠭᠠᠯᠢ ᠮᠢᠨᠤ ᠲᠡᠷᠢᠬᠢᠨ᠎ᠳᠤ ᠵᠢᠷᠤᠭ᠍ᠯᠠᠭᠠᠰᠤᠳᠠᠢ᠂ ᠵᠢᠭᠦᠷᠳᠡᠨ ᠱᠢᠪᠠᠭᠤ᠎ᠶ᠋ᠢᠨ ᠭᠠᠩᠭᠠᠷ ᠭᠤᠩᠭᠠᠷ ᠳᠠᠭᠤ ᠵᠢᠷᠦᠭᠡᠨ᠎ᠳᠤ ᠱᠢᠩᠭᠡᠭᠡᠯᠳᠠᠲᠠᠢ᠂ ᠠᠳᠤᠭᠤᠰᠤ ᠠᠮᠢᠳᠠᠨ᠎ᠤ ᠠᠪᠢᠶ᠎ᠠ ᠰᠡᠳᠭᠢᠯ᠎ᠳᠤ ᠰᠡᠢᠯᠦᠭᠡᠰᠤᠳᠠᠢ᠃》
《ᠡᠵᠢ ᠮᠢᠨᠢ ᠤᠪᠤᠭᠠᠨ᠎ᠤ ᠠᠷᠤ᠎ᠪᠠᠷ ᠪᠠᠷ᠎ᠠ ᠬᠠᠷᠠᠵᠦ᠍ ᠪᠠᠢᠭ᠎ᠠ ᠳ᠋ᠠ ᠭᠡᠵᠦ᠍ ᠪᠤᠳᠤᠭᠠᠳ ᠳᠠᠳᠠᠨ᠎ᠠ᠂ ᠳᠠᠷᠢᠬᠢᠨ᠎ᠳᠤ ᠠᠮᠢᠳᠤᠷᠠᠯ ᠤᠷᠤᠵᠦ᠍ ᠢᠷᠡᠨ᠎ᠠ᠂ ᠬᠤᠨᠢ ᠮᠠᠯ ᠪᠠᠯᠴᠢᠵᠦ᠍ ᠨᠠᠮᠤᠷ᠎ᠤᠨ ᠳᠤᠰᠤᠨ ᠲᠠᠷᠭᠤ ᠠᠪᠴᠤ᠌ ᠪᠠᠢᠭ᠎ᠠ᠎ᠨᠢ ᠬᠠᠷᠠᠭ᠍ᠳᠠᠨ᠎ᠠ᠂ ᠬᠦᠭ᠌ᠵᠢᠮᠳᠡᠨᠠ ᠭᠡᠳᠡᠭ ᠴᠢᠨᠢ ᠵᠢᠷᠤᠭ᠍ᠯᠠᠯ ᠱᠢᠤ᠃》
ᠲᠡᠷᠡ᠎ᠪᠠᠷ ᠮᠤᠷᠢᠨ ᠬᠤᠭᠤᠷ᠎ᠤᠨ ᠳᠤᠬᠠᠢ ᠶᠠᠷᠢᠭᠠᠳ ᠡᠬᠢᠯᠡᠬᠦ᠌᠎ᠳᠤ ᠵᠤᠭ᠍ᠰᠤᠨ᠎ᠠ ᠭᠡᠵᠦ᠍ ᠦᠭᠡᠢ᠃
《ᠰᠠᠢᠨ ᠬᠦᠭ᠌ᠵᠢᠮᠴᠢᠨ ᠪᠤᠯᠬᠤ᠎ᠳᠤ ᠳᠠᠭᠤᠨ᠎ᠤ ᠦᠡᠭ᠌ᠭᠡ ᠰᠠᠢᠬᠠᠨ ᠭᠡᠪ ᠨᠠᠮᠪᠠ ᠪᠠᠶᠠᠯᠢᠭ ᠪᠠᠢᠬᠤ ᠬᠡᠷᠡᠭ᠌ᠳᠠᠢ᠃ ᠳᠤᠰᠭᠠᠢ ᠬᠦᠭ᠌ᠵᠢᠮᠴᠢᠨᠤ ᠬᠤᠪᠢ᠎ᠳᠤ ᠨᠠᠳᠠ᠎ᠳᠤ ᠤᠯᠠᠨ ᠶᠠᠰᠤᠳᠠᠨ ᠤᠭ᠍ᠰᠠᠭ᠎ᠠ᠂ ᠡᠯ ᠠ ᠭᠠᠵᠠᠷ ᠤᠷᠤᠨ᠎ᠤ ᠳᠠᠭᠤᠤ ᠬᠦᠭ᠌ᠵᠢᠮᠢ ᠬᠦᠭ᠌ᠵᠢᠮᠳᠡᠵᠦ᠍ ᠴᠢᠳᠠᠬᠤ ᠱᠠᠭᠠᠷᠳᠠᠯᠭ᠎ᠠ᠎ᠲᠠᠢ ᠪᠠᠢᠳᠠᠭ᠃ ᠡᠨᠡ᠎ᠨᠢ ᠮᠢᠨᠤ ᠬᠦᠭ᠌ᠵᠢᠮᠳᠡᠬᠦ᠌ ᠠᠷᠭ᠎ᠠ᠎ᠶ᠋ᠢ ᠪᠠᠶᠠᠯᠢᠭ᠍ᠵᠢᠭᠤᠯᠤᠭ᠍ᠰᠠᠨ ᠰᠠᠨ᠃》
《ᠤᠷᠠᠯᠢᠭ᠎ᠢ ᠠᠷᠠᠳ ᠲᠦᠮᠡᠨ ᠪᠦᠳᠦᠭᠡᠵᠠᠢ᠂ ᠠᠷᠠᠳ ᠲᠦᠮᠠᠨ ᠪᠤᠯ ᠠᠷᠠᠳ᠎ᠤᠨ ᠳᠠᠭᠤᠤ᠎ᠶ᠋ᠢ ᠠᠴᠢᠶᠠᠯᠠᠵᠦ᠍ ᠶᠠᠪᠤᠭ᠎ᠠ ᠬᠠᠰᠠᠭ᠂ ᠠᠷᠠᠳ᠎ᠤᠨ ᠲᠡᠷᠢᠬᠢᠨ᠎ᠳᠤ ᠯᠡ ᠭᠤᠶᠤ ᠶᠠᠭᠤᠮ᠎ᠠ ᠪᠤᠢ᠃ ᠪᠢ ᠤᠷᠳᠤ᠎ᠶ᠋ᠢᠨ ᠳᠠᠭᠤᠤ᠎ᠶ᠋ᠢ ᠬᠦᠭ᠌ᠵᠢᠮᠳᠡᠬᠦ᠌ᠶ᠋ᠢᠨ ᠲᠦᠯᠦᠭᠡ ᠤᠯᠠᠨ ᠳᠠᠭᠤᠴᠢᠨᠤ ᠳᠠᠭᠤᠯᠠᠬᠤ᠎ᠶ᠋ᠢ ᠰᠤᠨᠤᠰᠤᠭ᠍ᠰᠠᠨ᠂ ᠠᠷᠠᠳ᠎ᠤᠨ ᠳᠠᠭᠤᠴᠢᠨ᠂ ᠮᠡᠷᠭᠡᠵᠢᠯ᠎ᠤᠨ ᠳᠠᠭᠤᠴᠢᠨ᠂ ᠠᠷᠤ ᠦᠪᠤᠷ᠎ᠤᠨ ᠳᠠᠭᠤᠴᠢᠨᠤᠬᠢ ᠪᠦᠷ ᠰᠤᠨᠤᠰᠴᠤ᠌ ᠰᠤᠳᠤᠯᠤᠭ᠍ᠰᠠᠨ᠂ ᠵᠢᠱ᠌ᠢᠶᠠᠯᠠᠪᠡᠯ 〈ᠰᠠᠷᠢᠬᠦᠨ ᠰᠠᠢᠬᠠᠨ ᠬᠠᠨᠭ᠌ᠭᠠᠢ〉 ᠭᠡᠬᠦ᠌ ᠮᠤᠷᠢᠨ ᠬᠤᠭᠤᠷ᠎ᠤᠨ ᠭᠤᠴᠤᠯᠠᠯ ᠬᠦᠭ᠌ᠵᠢᠮ᠎ᠢᠶᠠᠨ ᠪᠢ ᠮᠧᠳᠡᠭ᠂ ᠵᠠᠭ᠍ᠳᠠᠰᠦᠷᠦᠩ᠂ ᠵᠠᠯᠭᠠᠬᠦᠦ᠂ ᠨᠤᠷᠪᠤᠪᠠᠨᠽᠠᠳᠤᠨ ᠳᠠᠭᠤᠯᠠᠭ᠍ᠰᠠᠨ᠂ ᠠᠭ᠍ᠸᠠᠩᠱᠢᠷᠤᠪ᠂ ᠪᠦᠷᠢᠨ᠂ ᠪᠠᠯᠭᠤᠨ ᠨᠠᠷ᠎ᠤᠨ ᠬᠦᠭ᠌ᠵᠢᠮᠳᠡᠭ᠌ᠰᠡᠨᠢ ᠰᠤᠨᠤᠰᠴᠤ᠌ ᠪᠠᠢᠭᠠᠳ ᠰᠡᠳᠭᠢᠵᠦ᠍ ᠪᠤᠯᠪᠠᠰᠤᠷᠠᠭᠤᠯᠤᠭ᠍ᠰᠠᠨ ᠶᠤᠮ᠃》
ᠵᠠᠯᠭᠠᠮᠵᠢᠯᠠᠯ ᠤᠯᠠᠮᠵᠢᠯᠠᠯ ᠬᠢᠭᠡᠳ ᠡᠭᠦᠳᠦᠯᠳᠠ ᠬᠦᠭ᠌ᠵᠢᠬᠦᠯᠦᠯᠳᠠ ᠪᠤᠯ ᠮᠤᠷᠢᠨ ᠬᠤᠭᠤᠷ᠎ᠤᠨ ᠬᠦᠭ᠌ᠵᠢᠯᠳᠠ᠎ᠶ᠋ᠢᠨ ᠵᠠᠮ ᠮᠦᠨ ᠭᠡᠳᠡᠭ᠎ᠢ ᠬᠦᠨ ᠤᠬᠠᠭᠠᠷᠠᠭ᠍ᠰᠠᠨ ᠲᠡᠷᠡ᠎ᠪᠠᠷ᠂ ᠮᠤᠷᠢᠨ ᠬᠤᠭᠤᠷ᠎ᠤᠨ ᠶᠡᠭᠡ ᠪᠠᠭ᠍ᠰᠢ ᠰᠧᠷᠡᠰᠢ᠂ ᠪᠠᠯᠭᠤᠨ᠂ ᠰᠠᠩᠳᠦ᠋ᠬᠦᠷᠡᠩ᠂ ᠵᠠᠮ᠎ᠢᠶᠠᠨ ᠵᠡᠷᠭᠡ ᠨᠢᠭᠡᠳᠦᠭᠡᠷ ᠦᠶ᠎ᠠ᠎ᠶ᠋ᠢᠨ ᠠᠯᠳᠠᠷᠳᠤ ᠬᠤᠭᠤᠷᠴᠢᠳ᠎ᠤᠨ ᠪᠦᠳᠦᠭᠡᠯ ᠪᠤᠯᠤᠨ ᠳᠠᠭᠤᠷ ᠪᠠᠶᠠᠷ᠂ ᠴᠢ᠊ ᠪᠤᠯᠠᠭ᠂ ᠪᠦᠷᠢᠨ᠂ ᠳᠠᠷᠮ᠎ᠠ᠂ ᠵᠢᠭ᠌ᠮᠢᠳ᠂ ᠪᠠᠢ ᠳᠠᠸᠠ᠂ ᠠᠭ᠍ᠸᠠᠩᠱᠢᠷᠤᠪ᠂ ᠷᠠᠱᠢᠭᠠᠸᠠ᠂ ᠱᠢᠷᠠᠮᠤ ᠵᠡᠷᠭᠡ ᠬᠤᠶᠠᠳᠤᠭᠠᠷ ᠦᠶ᠎ᠠ᠎ᠶ᠋ᠢᠨ ᠠᠯᠳᠠᠷᠳᠤ ᠬᠤᠭᠤᠷᠴᠢᠳ᠎ᠤᠨ ᠪᠦᠳᠦᠭᠡᠯ᠎ᠢ ᠰᠤᠷᠤᠯᠴᠠᠵᠦ᠍ ᠰᠤᠳᠤᠯᠬᠤ᠎ᠶ᠋ᠢᠨ ᠳᠠᠭᠠᠤ ᠡᠯ᠎ᠠ ᠭᠠᠵᠠᠷ ᠤᠷᠤᠨ᠂ ᠠᠢᠮᠠᠭ ᠤᠭ᠍ᠰᠠᠭ᠎ᠠ᠎ᠶ᠋ᠢᠨ ᠮᠤᠷᠢᠨ ᠬᠤᠭᠤᠷ᠎ᠤᠨ ᠬᠦᠭ᠌ᠵᠢᠮᠳᠡᠬᠦ᠌ ᠬᠡᠪ ᠨᠠᠮᠪᠠ᠎ᠶ᠋ᠢ ᠰᠤᠳᠤᠯᠵᠠᠢ᠃ ᠮᠤᠷᠢᠨ ᠬᠤᠭᠤᠷ᠎ᠢᠶᠠᠨ ᠪᠠᠷᠢᠭᠠᠳ ᠨᠤᠮᠤ᠎ᠪᠠᠨ ᠳᠠᠳᠠᠭᠠᠳ ᠡᠬᠢᠯᠡᠬᠦ᠌᠎ᠪᠠᠷ ᠮᠤᠷᠢᠨ ᠬᠤᠭᠤᠷ᠎ᠤᠨ ᠶᠡᠭᠡ ᠪᠠᠭ᠍ᠰᠢ ᠨᠡᠷ᠎ᠨᠢ ᠳᠡᠬᠦᠨ᠎ᠳᠤ ᠰᠦᠮᠪᠤᠷᠯᠠᠨ ᠬᠠᠷᠠᠭ᠍ᠳᠠᠭ᠍ᠳᠠᠭ ᠭᠡᠨ᠎ᠠ᠃ ᠳᠡᠳᠡᠨ᠎ᠠᠴᠠ ᠡᠷᠳᠡᠮ ᠦᠪᠯᠡᠵᠦ᠍ ᠳᠠᠳᠠᠨᠤ ᠮᠦᠷ᠎ᠢᠶᠠᠷ ᠮᠦᠰᠭᠢᠵᠦ᠍ ᠢᠷᠡᠭ᠌ᠰᠡᠨ᠎ᠢᠶᠠᠷ ᠠᠯᠳᠠᠷᠳᠠᠳ᠎ᠤᠨ ᠪᠠᠢᠷᠢ᠎ᠳᠤ ᠲᠦᠬᠦᠭ᠌ᠰᠡᠨᠨᠢ ᠦᠨᠡᠨ᠃
ᠰᠠᠢᠬᠠᠨ ᠰᠠᠢᠬᠠᠨ ᠪᠦᠳᠦᠭᠡᠯ ᠳᠡᠭᠦᠨ᠎ᠤ ᠭᠠᠷ᠎ᠢᠶᠠᠷ ᠪᠦᠳᠦᠭᠡᠭ᠌ᠳᠡᠭ᠌ᠰᠡᠭᠡᠷ᠃ ᠲᠠᠷᠠᠪᠠᠷ 1982 ᠤᠨ᠎ᠳᠤ ᠲᠦᠯᠦᠭᠡᠯᠡᠭ᠌ᠴᠢ ᠪᠦᠳᠦᠭᠡᠯ 《ᠳᠡᠬᠦᠯᠢᠯᠳᠠ》 ᠪᠠᠨ ᠵᠤᠬᠢᠶᠠᠵᠦ᠍ ᠪᠦᠳᠦᠭᠡᠭ᠌ᠰᠡᠨ᠎ᠠᠴᠠ ᠨᠠᠰᠢ᠎ᠪᠠᠨ 2004 ᠤᠨ᠎ᠳᠤ ᠬᠤᠪᠢ ᠬᠦᠮᠤᠨ᠎ᠤ ᠮᠤᠷᠢᠨ ᠬᠤᠭᠤᠷ᠎ᠤᠨ ᠬᠦᠭ᠌ᠵᠢᠮ᠎ᠤᠨ ᠪᠦᠳᠦᠭᠡᠯ᠎ᠤᠨ ᠠᠩᠬᠠᠨ᠎ᠤ ᠴᠤᠮᠤᠭ 《ᠳᠡᠬᠦᠯᠢᠯᠳᠠ》 ᠪᠠᠨ ᠬᠡᠪᠯᠡᠬᠦᠯᠦᠨ ᠲᠠᠷᠬᠠᠭᠠᠭ᠍ᠰᠠᠨ᠎ᠠᠴᠠ ᠨᠠᠰᠢ 《ᠤᠳᠤᠷ᠎ᠤᠨ ᠵᠠᠯᠠᠭᠤᠰ》᠂ 《ᠡᠨᠡᠷᠢᠩᠭᠦᠢ ᠡᠵᠢ᠂ ᠳᠠᠯ᠎ᠠ ᠨᠤᠳᠤᠭ᠂ ᠠᠵᠢᠨᠠᠢ ᠬᠦᠯᠦᠭ》᠂ 《ᠰᠡᠷᠢᠬᠦᠨ ᠰᠠᠢᠬᠠᠨ ᠬᠠᠨᠭ᠌ᠭᠠᠢ》 ᠵᠡᠷᠭᠡ ᠮᠤᠷᠢᠨ ᠬᠤᠭᠤᠷ᠎ᠤᠨ ᠬᠦᠭ᠌ᠵᠢᠮ᠎ᠤᠨ ᠴᠤᠮᠤᠭ᠎ᠢᠶᠠᠨ ᠬᠤᠢᠨ᠎ᠠ ᠬᠤᠢᠨ᠎ᠠ᠎ᠠᠴᠠ᠎ᠨᠢ ᠭᠡᠪᠯᠡᠬᠦᠯᠤᠨ ᠲᠠᠷᠬᠠᠭᠠᠵᠠᠢ᠂ ᠤᠷᠴᠢᠮᠬᠠᠨ ᠪᠠᠰᠠ ᠬᠤᠪᠢ ᠬᠦᠮᠤᠨ᠎ᠤ ᠪᠦᠳᠦᠭᠡᠯ᠎ᠤᠨ ᠵᠢᠷᠭᠤᠳᠤᠭᠠᠷ ᠴᠤᠮᠤᠭ 《ᠳᠠᠯ᠎ᠠ᠎ᠶ᠋ᠢᠨ ᠮᠤᠩᠭᠤᠯ ᠠᠢᠯ》 ᠢᠶᠠᠨ ᠬᠡᠪᠯᠡᠬᠦᠯᠤᠨ ᠲᠠᠷᠬᠠᠭᠠᠵᠠᠢ᠃
2011 ᠤᠨ᠎ᠳᠤ ᠳᠡᠬᠦᠨ᠎ᠤ ᠬᠦᠭ᠌ᠵᠢᠮ᠎ᠤᠨ ᠪᠦᠳᠦᠭᠡᠯ᠎ᠤᠳ ᠦᠪᠤᠷ ᠮᠤᠩᠭᠤᠯ᠎ᠤᠨ ᠵᠠᠯᠠᠭᠤ ᠢᠳᠡᠷ ᠨᠠᠰᠤᠨ᠎ᠤ ᠤᠷᠠᠯᠢᠭ᠍ᠴᠢᠳ᠎ᠤᠨ ᠲᠦᠯᠦᠭᠡᠯᠡᠭ᠌ᠴᠢ ᠪᠦᠳᠦᠭᠡᠯ᠎ᠨᠢ ᠪᠤᠯᠵᠦ᠍᠂ 《ᠦᠪᠤᠷ ᠮᠤᠩᠭᠤᠯ᠎ᠤᠨ ᠳᠠᠭᠤᠤ ᠬᠦᠭ᠌ᠵᠢᠮ᠎ᠤᠨ ᠡᠷᠳᠡᠨᠢᠰ᠎ᠤᠨ ᠰᠠᠩ》 ᠳᠤ ᠰᠤᠩᠭᠤᠭ᠍ᠳᠠᠨ ᠤᠷᠤᠭ᠍ᠰᠠᠨ ᠪᠠᠢᠨ᠎ᠠ᠃
《ᠨᠤᠮᠤ ᠨᠢᠰᠭᠡᠨ ᠳᠡᠬᠦᠯᠢᠬᠦᠯᠦᠭ᠌ᠴᠢ ᠬᠦᠭ᠌ᠵᠢᠮᠴᠢᠨ》 ᠭᠡᠵᠦ᠍ ᠦᠵᠡᠭ᠌ᠴᠢ ᠰᠤᠨᠤᠰᠤᠭ᠍ᠴᠢᠨᠢ ᠦᠨᠡᠯᠡᠭ᠌ᠰᠡᠨ ᠪᠤᠯ ᠤᠷᠠᠯᠢᠭ ᠰᠤᠳᠤᠯᠤᠭᠠᠴᠢ ᠶᠠᠩ ᠢᠤᠢ ᠴᠧᠩ᠎ᠢᠶᠠᠷ 《ᠮᠢᠩᠭᠠᠳ ᠪᠠᠶᠠᠷ ᠪᠤᠯ ᠭᠠᠭ᠍ᠴᠠ ᠬᠦ᠌ ᠨᠤᠮᠤ ᠨᠢᠰᠭᠡᠨ ᠳᠡᠬᠦᠯᠢᠬᠦᠯᠬᠦ᠌ ᠳᠠᠳᠤᠢ ᠯᠡ ᠪᠢᠰᠢ᠂ ᠤᠷᠠᠨ ᠳᠠᠳᠠᠯᠭ᠎ᠠ ᠨᠠᠢᠷᠠᠯᠭ᠎ᠠ᠎ᠶ᠋ᠢ ᠠᠶᠠᠯᠭᠤ᠎ᠶ᠋ᠢᠨ ᠰᠡᠳᠭᠢᠯᠭᠡ᠎ᠲᠠᠢ᠎ᠪᠠᠨ ᠨᠠᠷᠢᠨ ᠨᠢᠮᠪᠠᠢ ᠨᠠᠢᠴᠡᠬᠦᠯᠵᠦ᠍ ᠴᠢᠳᠠᠭ᠍ᠰᠠᠨ ᠬᠦᠭ᠌ᠵᠢᠮᠴᠢᠨ》 ᠭᠡᠮᠡᠨ ᠦᠨᠡᠯᠡᠭ᠌ᠰᠡᠨ ᠪᠠᠢᠨ᠎ᠠ᠃
ᠮᠤᠷᠢᠨ ᠬᠤᠭᠤᠷ᠎ᠤᠨ ᠵᠢᠭᠠᠠ ᠰᠤᠷᠭᠠᠯᠳᠠᠨ
《ᠪᠠᠭ᠍ᠰᠢ᠎ᠶ᠋ᠢᠨ᠎ᠢᠶᠠᠨ ᠬᠠᠢᠷ᠎ᠠ ᠪᠡ ᠰᠤᠷᠭᠠᠯ᠎ᠢᠶᠠᠷ ᠰᠠᠶᠢ ᠡᠨᠡ ᠡᠳᠦᠷ᠎ᠤᠨ ᠵᠡᠷᠭᠡ᠎ᠳᠤ ᠶᠠᠪᠤᠭ᠎ᠠ᠂ ᠠᠴᠢ᠎ᠶ᠋ᠢ᠎ᠨᠢ ᠪᠤᠳᠤᠪᠠᠯ ᠬᠠᠷᠢᠭᠤᠯᠵᠦ᠍ ᠶᠠᠪᠤᠬᠤ᠎ᠨᠢ ᠵᠦᠢ》 ᠭᠡᠵᠦ᠍ ᠲᠠᠷᠠ ᠪᠤᠳᠤᠳᠠᠭ᠃ ᠮᠤᠷᠢᠨ ᠬᠤᠭᠤᠷ᠎ᠢ ᠬᠦᠭ᠌ᠵᠢᠮᠳᠡᠬᠦ᠌ᠳᠤ ᠤᠨᠴᠠᠭᠠᠢ ᠠᠪᠢᠶᠠᠰ᠂ ᠳᠤᠰᠭᠠᠢ ᠮᠡᠷᠭᠡᠵᠢᠯ᠎ᠤᠨ ᠱᠠᠭᠠᠷᠳᠠᠯᠭ᠎ᠠ᠎ᠲᠠᠢ ᠪᠠᠢᠳᠠᠭ᠂ ᠬᠦᠰᠡᠭ᠌ᠰᠡᠨ ᠬᠦᠮᠤᠨ ᠪᠦᠷᠢ ᠬᠤᠭᠤᠷᠳᠠᠵᠦ᠍ ᠦᠯᠦ᠍ ᠴᠢᠳᠠᠬᠤ ᠪᠤᠯᠬᠤᠷ ᠪᠠᠭ᠍ᠰᠢ᠎ᠶ᠋ᠢ ᠳᠠᠭᠠᠵᠦ᠍ ᠤᠳᠠᠭᠠᠨ ᠬᠤᠭᠤᠴᠠᠭ᠎ᠠ ᠤᠢ᠍ᠢᠭᠠ ᠦᠭᠡᠢ ᠬᠢᠴᠢᠶᠡᠨ ᠱᠢᠮᠳᠡᠭ᠌ᠰᠡᠨᠢᠶᠠᠷ ᠰᠠᠶᠢ ᠡᠵᠡᠮᠱᠢᠵᠦ᠍ ᠪᠤᠯᠳᠠᠭ ᠨᠠᠷᠢᠨ ᠲᠦᠪᠡᠭ᠎ᠲᠠᠢ ᠤᠷᠠᠯᠢᠭ ᠶᠤᠮ᠃ ᠤᠢ ᠳᠤᠭ᠍ᠳᠠᠭᠠᠮᠵᠢ ᠰᠤᠨᠤᠰᠭᠠᠯᠢᠶᠠᠷᠢᠶᠠᠨ ᠦᠶ᠎ᠠ᠎ᠠᠴᠠ ᠦᠶ᠎ᠠ ᠳᠠᠮᠵᠢᠨ ᠤᠯᠠᠮᠵᠢᠯᠠᠭ᠍ᠳᠠᠵᠦ᠍ ᠢᠷᠡᠭ᠌ᠰᠡᠨ ᠮᠤᠷᠢᠨ ᠬᠤᠭᠤᠷ᠎ᠨᠢ ᠬᠦᠭ᠌ᠵᠢᠮ᠎ᠤᠨ ᠤᠨᠤᠯ᠂ ᠵᠢᠭᠠᠨ ᠰᠤᠷᠭᠠᠯᠳᠠ᠎ᠶ᠋ᠢᠨ ᠵᠠᠭ᠍ᠪᠤᠷ᠂ ᠨᠤᠮ ᠳᠡᠪᠳᠡᠷ ᠦᠭᠡᠢ ᠪᠠᠢᠭ᠍ᠰᠠᠨ ᠪᠤᠯᠬᠤᠷ ᠵᠢᠩᠬᠢᠨᠢ ᠬᠢᠴᠢᠶᠠᠯ᠎ᠤᠨ ᠳᠠᠩᠬᠢᠮ᠎ᠳᠤ ᠤᠷᠤᠵᠦ᠍ ᠴᠢᠳᠠᠬᠤ ᠦᠭᠡᠢ ᠪᠠᠢᠯ᠎ᠠ᠃ ᠤᠯᠠᠮ ᠴᠢᠨᠠᠭ᠍ᠰᠢᠳᠠ ᠦᠪᠯᠡᠬᠦᠯᠵᠦ᠍ ᠬᠦᠨᠵᠡᠭᠡᠢᠷᠡᠬᠦᠯᠦᠨ ᠬᠦᠭ᠌ᠵᠢᠬᠦᠯᠬᠦ᠌᠎ᠳᠤ ᠱᠢᠰᠲ᠋ᠧᠮ᠎ᠲᠠᠢ ᠵᠢᠭᠠᠨ ᠰᠤᠷᠭᠠᠯᠳᠠ᠎ᠶ᠋ᠢᠨ ᠮᠠᠲ᠋ᠧᠷᠢᠶᠠᠯ ᠬᠢᠭᠡᠳ ᠱᠠᠪᠢ ᠰᠤᠷᠭᠠᠯᠳᠠ᠎ᠶ᠋ᠢ ᠳᠤᠯᠭᠠᠮ ᠱᠠᠭᠠᠷᠳᠠᠵᠦ᠍ ᠪᠤᠢ᠃
ᠬᠢᠯᠠᠰᠭᠢᠭ᠍ᠰᠠᠨ ᠪᠤᠳᠤᠯ ᠤᠬᠠᠭᠠᠨ᠎ᠤ᠎ᠪᠠᠨ ᠲᠦᠯᠦᠬᠡ ᠱᠢᠮᠳᠡᠭᠡᠳ ᠤᠷᠤᠳᠠᠭ᠎ᠨᠢ ᠳᠡᠬᠦᠨ᠎ᠤ ᠠᠪᠤᠷᠢ ᠡ᠃ ᠬᠡᠴᠢᠨᠡᠨ ᠡᠳᠦᠷ ᠬᠤᠨᠤᠭ᠎ᠢᠶᠠᠷ ᠤᠨᠳᠠᠵᠦ᠍ ᠠᠮᠠᠷᠠᠬᠤ᠎ᠪᠠᠨ ᠤᠮᠠᠷᠳᠠᠨ᠂ ᠮᠤᠷᠢᠨ ᠬᠤᠭᠤᠷ᠎ᠤᠨ ᠬᠦᠭ᠌ᠵᠢᠮ᠎ᠤᠨ ᠤᠨᠤᠯ᠎ᠢ ᠰᠤᠳᠤᠯᠵᠦ᠍᠂ 1982 ᠤᠨ᠎ᠠᠴᠠ ᠳᠠᠪᠤᠨ ᠱᠤᠭᠤᠮ᠎ᠳᠦ ᠨᠤᠲ᠎ᠢᠶᠠᠷ ᠳᠡᠮᠳᠡᠭ᠌ᠯᠡᠭ᠌ᠰᠡᠨ ᠮᠤᠷᠢᠨ ᠬᠤᠭᠤᠷ᠎ᠤᠨ ᠵᠢᠭᠠᠨ ᠰᠤᠷᠭᠠᠯᠳᠠ᠎ᠶ᠋ᠢᠨ ᠨᠤᠮ᠎ᠢ ᠪᠢᠴᠢᠵᠦ᠍ ᠤᠷᠤᠯᠳᠤᠭ᠍ᠰᠠᠨ ᠪᠦᠭᠡᠳ 2008 ᠤᠨ᠎ᠳᠤ ᠺᠠᠰᠧᠲ ᠳᠠᠭᠠᠯᠳᠤᠭᠤᠯᠤᠨ ᠬᠡᠪᠯᠡᠬᠦᠯᠦᠭ᠌ᠰᠡᠨᠨᠢ ᠮᠤᠷᠢᠨ ᠬᠤᠭᠤᠷ᠎ᠤᠨ ᠵᠢᠭᠠᠨ ᠰᠤᠷᠭᠠᠯᠳᠠ᠎ᠶ᠋ᠢᠨ ᠠᠩᠬᠠᠨ᠎ᠤ ᠨᠤᠮ ᠪᠤᠯᠵᠠᠢ᠃ ᠳᠤᠰ ᠨᠤᠮ᠎ᠨᠢ ᠪᠠᠰᠠ ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠪᠤᠳᠠᠰ᠎ᠤᠨ ᠪᠤᠰᠤ ᠰᠤᠶᠤᠯ᠎ᠤᠨ ᠦᠪ᠎ᠲᠤ ᠪᠦᠷᠢᠳᠭᠡᠬᠦᠯᠦᠭ᠌ᠰᠠᠨ ᠪᠦᠭᠡᠳ ᠶᠡᠭᠡ ᠰᠤᠷᠭᠠᠭᠤᠯᠢ᠎ᠶ᠋ᠢᠨ ᠵᠢᠭᠠᠬᠤ ᠮᠠᠲ᠋ᠧᠷᠢᠶᠠᠯ᠎ᠳᠤ ᠤᠷᠤᠵᠦ᠍ ᠭᠤᠷᠪᠠᠳᠡᠬᠢ ᠤᠳᠠᠭ᠎ᠠ᠎ᠪᠠᠨ ᠬᠡᠪᠯᠡᠭ᠌ᠳᠡᠵᠦ᠍ ᠪᠠᠢᠨ᠎ᠠ᠃ ᠳᠡᠭᠦᠨ᠎ᠤ ᠭᠠᠷᠤᠨ ᠱᠠᠪᠢ᠎ᠨᠢ ᠤᠳᠤ 3000 ᠬᠦᠷᠴᠤ᠌ ᠪᠠᠢᠭ᠎ᠠ ᠪᠦᠭᠡᠳ ᠵᠠᠷᠢᠮ ᠱᠠᠪᠢ᠎ᠨᠢ ᠪᠠᠰᠠ ᠪᠠᠭ᠍ᠰᠢ ᠪᠤᠯᠵᠦ᠍᠂ ᠦᠪᠡᠷ᠎ᠢᠶᠠᠨ ᠮᠤᠷᠢᠨ ᠬᠤᠭᠤᠷ᠎ᠤᠨ ᠡᠪᠦᠭᠡ ᠪᠠᠭ᠍ᠰᠢ ᠪᠤᠯᠴᠢᠬᠠᠵᠠᠢ᠃
ᠮᠤᠷᠢᠨ ᠬᠤᠭᠤᠷ᠎ᠤᠨ ᠬᠦᠭ᠌ᠵᠢᠯ᠎ᠤᠨ ᠠᠯᠳᠠᠨ ᠦᠶ᠎ᠠ᠎ᠲᠠᠢ ᠵᠡᠷᠭᠡᠴᠡᠨ ᠪᠤᠢᠵᠢᠬ᠍ᠰᠡᠨ ᠳᠡᠷᠡ᠎ᠪᠠᠷ ᠬᠤᠪᠢ ᠵᠠᠶᠠᠭ᠎ᠠ᠎ᠪᠠᠨ ᠮᠤᠷᠢᠨ ᠬᠤᠭᠤᠷ᠎ᠲᠠᠢ ᠬᠤᠯᠪᠤᠵᠦ᠍ ᠵᠢᠷᠦᠭᠡ ᠰᠡᠳᠭᠢᠯ᠎ᠢᠶᠠᠨ ᠮᠤᠷᠢᠨ ᠬᠤᠭᠤᠷ᠎ᠲᠤ ᠠᠭᠤᠰᠭᠠᠵᠦ᠍ ᠶᠠᠪᠤᠵᠠᠢ᠃ ᠮᠤᠷᠢᠨ ᠬᠤᠭᠤᠷ ᠤᠷᠠᠯᠢᠭ᠎ᠤᠨ ᠱᠢᠨ᠎ᠠ ᠦᠶ᠎ᠠ᠎ᠶ᠋ᠢᠨ ᠨᠢᠷᠤᠭᠤ ᠳᠤᠯᠭᠠᠭᠤᠷᠢ ᠪᠤᠯᠤᠭ᠍ᠰᠠᠨ᠎ᠤ ᠬᠤᠪᠢ᠎ᠳᠤ᠂ ᠲᠡᠬᠦᠨ᠎ᠳᠤ ᠮᠤᠷᠢᠨ ᠬᠤᠭᠤᠷ᠎ᠤᠨ ᠳᠤᠬᠠᠢ ᠭᠡᠪᠡᠯ ᠬᠡᠯᠡᠬᠦ᠌ ᠦᠭᠡ ᠤᠯᠠᠨ ᠪᠤᠢ᠃
《ᠠᠷᠠᠳ᠎ᠤᠨ ᠳᠠᠭᠤᠤ ᠪᠤᠯ ᠵᠡᠷᠭᠡᠯᠡᠳᠡᠭᠡ ᠭᠡᠷᠤᠨᠬᠢᠨᠳᠤᠪᠠᠨ ᠳᠠᠭᠤᠯᠠᠵᠦ᠍ ᠦᠭ᠌ᠳᠡᠭ ᠪᠢᠰᠢ᠂ ᠬᠠᠷᠢᠨ ᠡᠨᠡ ᠨᠤᠳᠤᠭ᠎ᠠᠴᠠ ᠲᠡᠷᠡ ᠨᠤᠳᠤᠭᠲᠤ᠌᠂ ᠡᠨᠡ ᠤᠯᠤᠰ᠎ᠠᠴᠠ ᠲᠡᠷᠡ ᠤᠯᠤᠰ᠎ᠲᠤ ᠳᠠᠭᠤᠯᠠᠵᠦ᠍ ᠦᠭ᠌ᠳᠡᠭ᠂ ᠶᠡᠭᠡ ᠬᠤᠯᠠ᠎ᠶ᠋ᠢ ᠪᠤᠳᠤᠵᠦ᠍ ᠶᠡᠭᠡ᠎ᠶ᠋ᠢ ᠪᠠᠭ᠍ᠳᠠᠭᠠᠵᠦ᠍ ᠳᠠᠭᠤᠯᠠᠳᠠᠭ᠂ 〈ᠤᠶᠠᠬᠠᠨ ᠽᠡᠮᠪᠦᠯᠢᠭᠤᠨ ᠨᠠᠷᠠᠨ〉 ᠪᠤᠯ ᠭᠠᠵᠡᠷ᠎ᠤᠨ ᠪᠦᠮᠪᠦᠷᠴᠡᠭ᠎ᠠᠴᠠ ᠰᠠᠷᠠᠨ ᠪᠦᠮᠪᠦᠷᠴᠡᠭ᠎ᠲᠤ ᠳᠠᠭᠤᠯᠠᠵᠦ᠍ ᠦᠭ᠌ᠬᠦᠭ᠌ᠰᠡᠨ ᠳᠠᠭᠤᠤ ᠪᠢᠯᠠ᠃》
《ᠠᠮᠢᠳᠤᠷᠠᠯ᠎ᠢ ᠰᠠᠢᠨ ᠮᠡᠳᠡᠬᠦ᠂ ᠠᠭᠤᠯᠠ ᠤᠰᠤ᠂ ᠨᠤᠳᠤᠭ ᠪᠠᠢᠭᠠᠯᠢ᠎ᠳᠤ᠎ᠪᠠᠨ ᠬᠠᠢᠷᠠᠳᠠᠢ ᠪᠠᠢᠪᠠᠯ ᠰᠠᠶᠢ ᠰᠡᠳᠭᠢᠯᠭᠡ᠎ᠶ᠋ᠢ ᠭᠠᠷᠭᠠᠵᠦ᠍ ᠴᠢᠳᠠᠨ᠎ᠠ᠃ ᠤᠳᠤ᠎ᠶ᠋ᠢᠨ ᠬᠦᠭ᠌ᠵᠢᠮ ᠠᠮᠢᠳᠤᠷᠠᠯ ᠦᠭᠡᠢ᠂ ᠳᠤᠤᠭᠠᠷᠴᠤ᠌ ᠪᠠᠢᠪᠠᠯ ᠪᠤᠯᠴᠢᠬᠠᠨ᠎ᠠ᠂ ᠨᠤᠲ ᠦᠵᠡᠭᠡᠳ ᠬᠦᠭ᠌ᠵᠢᠮᠳᠠᠨᠠ᠃ ᠦᠪᠡᠷ᠎ᠢ᠎ᠪᠠᠨ ᠳᠤᠭ᠍ᠳᠤᠯᠤᠭᠤᠯᠵᠦ᠍ ᠳᠠᠢᠯᠬᠦ᠌ ᠦᠭᠡᠢ ᠪᠤᠯ ᠬᠦᠮᠤᠰ᠎ᠢ ᠬᠡᠷᠬᠢᠨ ᠳᠤᠭ᠍ᠳᠤᠯᠤᠭᠤᠯᠬᠤ ᠪᠤᠢ?》
《ᠰᠠᠢᠨ ᠬᠦᠭ᠌ᠵᠢᠮᠴᠢᠨ ᠪᠤᠯᠬᠤ᠎ᠳᠤ ᠭᠤᠷᠪᠠᠨ ᠶᠡᠭᠡ ᠱᠠᠭᠠᠷᠳᠠᠯᠭ᠎ᠠ᠎ᠲᠠᠢ ᠪᠠᠢᠳᠠᠭ᠂ ᠡᠩ ᠳᠡᠷᠢᠬᠦᠨ᠎ᠳᠤ ᠮᠡᠷᠭᠡᠵᠢᠯ᠎ᠢ ᠰᠠᠢᠳᠤᠷ ᠡᠵᠡᠮᠱᠢᠬᠦ᠌ ᠭᠡᠷᠡᠭ᠌ᠳᠠᠢ᠂ ᠬᠤᠶᠠᠷ᠎ᠲᠤ ᠳᠠᠭᠤᠨ᠎ᠤ ᠦᠡᠭ᠌ᠭᠡ ᠰᠠᠢᠬᠠᠨ ᠪᠠᠢᠬᠤ ᠬᠡᠷᠡᠭ᠌ᠳᠠᠢ᠂ ᠭᠤᠷᠪᠠ᠎ᠳᠤ ᠬᠦᠭ᠌ᠵᠢᠮᠳᠡᠬᠦ᠌ ᠬᠡᠪ ᠨᠠᠮᠪᠠ ᠪᠠᠶᠠᠯᠢᠭ ᠪᠠᠢᠬᠤ ᠬᠡᠷᠡᠭ᠌ᠳᠠᠢ᠃ ᠬᠦᠮᠤᠨ᠎ᠢ ᠪᠠᠶᠠᠰᠭᠠᠵᠦ᠍ ᠬᠦᠮᠤᠰ᠎ᠤᠨ ᠰᠡᠳᠭᠢᠯ᠎ᠳᠤ ᠬᠦᠷᠭᠡᠵᠦ᠍᠂ ᠵᠢᠷᠤᠭᠡᠨ᠎ᠤ ᠤᠭ ᠬᠦᠷᠳᠡᠯ᠎ᠠ ᠳᠡᠳᠠᠪᠠᠯ ᠰᠠᠢᠨ ᠬᠤᠭᠤᠷᠴᠢ ᠪᠤᠯᠵᠦ᠍ ᠴᠢᠳᠠᠬᠤ ᠶᠤᠮ᠃》
᠁
ᠮᠢᠩᠭᠠᠳ ᠪᠠᠶᠠᠷ ᠪᠠᠭ᠍ᠰᠢ᠎ᠲᠠᠢ ᠶᠠᠷᠢᠯᠴᠠᠨ ᠰᠠᠭᠤᠬᠤ᠎ᠳᠤ᠂ ᠶᠠᠭ ᠯᠡ ᠨᠢᠭᠡᠨ ᠢᠵᠢ ᠮᠤᠷᠢᠨ ᠬᠤᠭᠤᠷ᠎ᠤᠨ ᠬᠦᠭ᠌ᠵᠢᠯᠳᠠ᠎ᠶ᠋ᠢᠨ ᠳᠡᠤᠭᠡ᠎ᠶ᠋ᠢ ᠤᠡᠭ᠌ᠰᠢᠭ᠌ᠰᠡᠨ ᠮᠠᠳᠤ᠃ ᠳᠡᠬᠦᠨ᠎ᠤ ᠨᠢᠭᠡ ᠨᠠᠰᠤ᠎ᠪᠠᠷ ᠵᠢᠳᠬᠦᠭ᠌ᠰᠡᠨ ᠦᠢᠯᠡᠰ ᠪᠡ ᠤᠯᠤᠭ᠍ᠰᠠᠨ ᠠᠮᠵᠢᠯᠳᠠ ᠪᠦᠳᠦᠮᠵᠢ᠂ ᠦᠵᠡᠬᠦᠯᠦᠭ᠌ᠰᠡᠨ ᠨᠡᠮᠡᠷᠢ ᠬᠠᠨᠳᠢᠪ᠎ᠢ᠎ᠨᠢ ᠦᠨᠡᠭᠡᠷ ᠪᠢᠳᠡ ᠪᠠᠭ᠍ᠠᠷᠠᠭᠤᠱᠢᠳᠠᠢ ᠪᠢᠱᠢᠷᠡᠭᠦᠱᠢᠳᠠᠢ ᠬᠦᠨᠳᠤᠳᠭᠡᠭᠦᠱᠢᠳᠠᠢ ᠠᠵᠢ!