ᠪᠤᠯᠤᠩ ᠡᠬᠢᠯᠡᠬᠦ᠌ ᠦᠭᠡ᠄ 《ᠲᠡᠦᠬᠡᠨ ᠦᠪ᠎ᠨᠢ ᠬᠡᠷᠡᠯ ᠰᠠᠴᠤᠷᠠᠩᠭᠤᠶ ᠪᠣᠯᠪᠠᠰᠤᠨ᠎ᠢ ᠠᠴᠢᠶᠠᠯᠠᠵᠤ᠂ ᠲᠡᠦᠬᠡ ᠰᠣᠶᠣᠯ᠎ᠢ ᠤᠯᠠᠮᠵᠢᠯᠠᠨ ᠵᠠᠯᠭᠠᠮᠵᠢᠯᠠᠵᠤ᠂ ᠦᠨᠳᠦᠰᠦᠲᠡᠨ᠎ᠤ ᠵᠣᠷᠢᠭ ᠰᠠᠨᠠᠭ᠎ᠠ᠎ᠶ᠋ᠢ ᠬᠠᠮᠠᠭᠠᠯᠠᠨ᠂ ᠡᠪᠦᠭᠡ ᠳᠡᠭᠡᠳᠦᠰ᠎ᠠᠴᠠ ᠪᠢᠳᠡᠨ᠎ᠳᠤ ᠦᠪᠯᠡᠨ ᠦᠯᠡᠳᠡᠭᠡᠭ᠌ᠰᠡᠨ ᠡᠷᠬᠢᠮ ᠨᠠᠨᠳᠢᠨ ᠥᠪ ᠬᠥᠷᠥᠩᠭᠡ᠂ ᠨᠡᠢᠭᠡᠮ ᠵᠢᠷᠤᠮ᠎ᠤᠨ ᠣᠶᠤᠨ᠎ᠤ ᠪᠣᠯᠪᠠᠰᠤᠨ᠎ᠤ ᠪᠠᠢᠭᠤᠯᠤᠯᠲᠠ᠎ᠶ᠋ᠢ ᠴᠢᠩᠭᠠᠳᠭᠠᠬᠤ ᠭᠦᠨ ᠵᠤᠵᠠᠭᠠᠨ ᠱᠢᠮ᠎ᠡ ᠲᠡᠵᠢᠭᠡᠯ ᠮᠥᠨ》 ᠭᠡᠵᠦ᠍ ᠶᠡᠷᠦᠩᠬᠡᠢ ᠱᠦᠵᠢ ᠰᠢ᠎ᠶ᠋ᠢᠨ ᠫᠢᠩ ᠵᠢᠭᠠᠵᠦ᠍ ᠭᠠᠷᠭᠠᠵᠠᠢ᠃ ᠮᠠᠨ᠎ᠤ ᠤᠷᠤᠨ ᠶᠡᠷᠦᠩᠬᠡᠢ ᠱᠦᠵᠢ᠎ᠶ᠋ᠢᠨ ᠴᠢᠬᠤᠯᠠ ᠵᠢᠭᠠᠪᠤᠷᠢ᠎ᠶ᠋ᠢ ᠨᠠᠢᠳᠠᠪᠤᠷᠢᠵᠢᠭᠤᠯᠤᠨ᠂ 《ᠬᠠᠮᠠᠭᠠᠯᠠᠬᠤ᠎ᠪᠠᠷ ᠭᠤᠣᠯ ᠪᠣᠯᠭᠠᠬᠤ᠂ ᠠᠪᠤᠷᠠᠬᠤ᠎ᠶ᠋ᠢ ᠲᠡᠷᠢᠭᠦᠨ᠎ᠳᠤ ᠲᠠᠯᠪᠢᠬᠤ᠂ ᠵᠣᠬᠢᠰᠲᠠᠢ ᠠᠱᠢᠬ᠍ᠯᠠᠬᠤ᠂ ᠬᠠᠮᠢᠶᠠᠷᠤᠯᠲᠠ᠎ᠪᠠᠨ ᠴᠢᠩᠭᠠᠳᠭᠠᠬᠤ》 ᠠᠵᠢᠯ᠎ᠤᠨ ᠴᠢᠭ᠌ᠯᠡᠯᠲᠡ᠎ᠶ᠋ᠢ ᠪᠦᠬᠦ᠌ ᠲᠠᠯ᠎ᠠ᠎ᠪᠠᠷ ᠲᠤᠭᠤᠱᠢᠯᠠᠭᠤᠯᠵᠤ᠂ ᠲᠡᠦᠬᠡᠨ ᠦᠪ᠎ᠢ ᠬᠠᠮᠠᠭᠠᠯᠠᠬᠤ ᠡᠷᠴᠢᠮ᠎ᠢᠶᠠᠨ ᠴᠢᠩᠭᠠᠷᠠᠭᠤᠯᠵᠤ ᠵᠦᠢ ᠵᠣᠬᠢᠰᠲᠠᠢ ᠠᠱᠢᠬ᠍ᠯᠠᠬᠤ᠎ᠶ᠋ᠢ ᠠᠬᠢᠭᠤᠯᠤᠨ᠂ ᠲᠡᠦᠬᠡᠨ ᠦᠪ᠎ᠢ ᠬᠠᠮᠠᠭᠠᠯᠠᠭ᠍ᠰᠠᠨ ᠦᠷ᠎ᠡ ᠪᠦᠲᠦᠭᠡᠯ᠎ᠢ ᠠᠷᠠᠳ ᠤᠯᠠᠨ᠎ᠳᠤ ᠦᠨᠡᠨ ᠬᠦ᠌ ᠬᠦᠷᠳᠡᠭᠡᠵᠦ᠍ ᠪᠤᠢ᠃ 《ᠲᠤᠮᠳᠠᠳᠤ᠎ᠶ᠋ᠢᠨ ᠰᠤᠶᠤᠯ》 ᠲᠤᠰᠭᠠᠢ ᠬᠡᠪᠯᠡᠯ ᠲᠤᠰ ᠳ᠋ᠤᠭᠠᠷ᠎ᠠᠴᠠ ᠡᠬᠢᠯᠡᠨ 《ᠦᠪᠦᠷ ᠮᠤᠩᠭᠤᠯ᠎ᠤᠨ ᠲᠡᠦᠭᠡᠨ ᠦᠪ》 ᠲᠤᠰᠭᠠᠢ ᠪᠤᠯᠤᠩ᠎ᠢᠶᠠᠷ ᠲᠠᠮᠵᠢᠨ ᠮᠠᠨ᠎ᠤ ᠤᠷᠤᠨ᠎ᠤ ᠲᠡᠦᠭᠡᠨ ᠦᠪ᠎ᠤᠨ ᠬᠠᠮᠠᠭᠠᠯᠠᠯᠳᠠ ᠠᠱᠢᠬ᠍ᠯᠠᠯᠳᠠ᠎ᠶ᠋ᠢᠨ ᠪᠠᠢᠳᠠᠯ᠎ᠢ ᠵᠠᠯᠭᠠᠭ᠎ᠠ᠎ᠪᠠᠷ ᠮᠡᠳᠡᠭᠡᠯᠡᠬᠦ᠌ ᠪᠤᠯᠤᠨ᠎ᠠ᠃ ᠠᠩᠬᠠᠷᠤᠯ᠎ᠳᠠᠭᠠᠨ ᠠᠪᠤᠭᠠᠷᠠᠢ! — ᠨᠠᠢᠷᠠᠭᠤᠯᠤᠭ᠍ᠴᠢ᠎ᠠᠴᠠ

ᠴᠠᠭ᠍ᠯᠠᠰᠢ ᠦᠭᠡᠢ ᠰᠦᠮ᠎ᠡ
ᠴᠠᠬ᠍ᠯᠠᠰᠢ ᠦᠭᠡᠢ ᠰᠦᠮ᠎ᠠ
ᠬᠦᠬᠡᠬᠤᠲᠠ᠎ᠶ᠋ᠢᠨ ᠢᠦ᠋ᠢᠴᠢᠤᠸᠠᠨ ᠲᠤᠭᠤᠷᠢᠭ᠎ᠲᠤ ᠪᠠᠢᠷᠢᠯᠠᠭ᠎ᠠ ᠴᠠᠬ᠍ᠯᠠᠰᠢ ᠦᠭᠡᠢ ᠰᠦᠮ᠎ᠠ᠎ᠶ᠋ᠢ ᠨᠡᠢᠲᠡ᠎ᠶ᠋ᠢᠨ ᠤᠨ ᠲᠤᠭᠠᠯᠠᠯ᠎ᠤᠨ 1579 — 1580 ᠤᠨ᠎ᠳᠤ᠂ ᠮᠢᠩ ᠤᠯᠤᠰ᠎ᠤᠨ ᠦᠶ᠎ᠡ᠎ᠶ᠋ᠢᠨ ᠲᠦᠮᠡᠳ ᠠᠢᠮᠠᠭ᠎ᠤᠨ ᠠᠢᠮᠠᠭ᠎ᠤᠨ ᠠᠬᠠᠯᠠᠭ᠍ᠴᠢ ᠪᠠᠢᠭ᠍ᠰᠠᠨ ᠠᠯᠲᠠᠨ ᠬᠠᠭᠠᠨ ᠪᠠᠢᠭᠤᠯᠵᠠᠢ᠃ ᠲᠤᠰ ᠰᠦᠮ᠎ᠠ ᠬᠦᠬᠡᠬᠤᠲᠠ᠎ᠶ᠋ᠢᠨ ᠬᠡᠪᠴᠢᠶᠡᠨ᠎ᠳᠠᠬᠢ ᠬᠠᠮᠤᠭ᠎ᠠᠴᠠ ᠡᠷᠲᠡ ᠪᠠᠢᠭᠤᠯᠤᠭ᠍ᠳᠠᠭ᠍ᠰᠠᠨ ᠱᠢᠷ᠎ᠡ᠎ᠶ᠋ᠢᠨ ᠱᠠᠱᠢᠨ᠎ᠤ ᠰᠦᠮ᠎ᠡ ᠬᠡᠢᠳ ᠪᠤᠯᠤᠨ᠎ᠠ᠃
ᠠᠩᠬ᠎ᠠ ᠪᠠᠢᠭᠤᠯᠤᠭ᠍ᠳᠠᠬᠤ ᠦᠶ᠎ᠡ᠎ᠳᠤ ᠮᠢᠩ ᠤᠯᠤᠰ᠎ᠤᠨ ᠸᠠᠨ ᠯᠢ ᠬᠠᠭᠠᠨ᠎ᠠᠴᠠ ᠬᠠᠢᠷᠠᠯᠠᠭ᠍ᠰᠠᠨ ᠨᠡᠷ᠎ᠡ᠎ᠨᠢ 《ᠾᠦᠩ ᠼᠢ ᠰᠧ》 (弘慈寺)᠂ ᠮᠤᠩᠭᠤᠯᠴᠢᠯᠠᠪᠠᠯ 《ᠶᠡᠭᠡ ᠨᠢᠭᠦᠯᠡᠰᠦᠩᠬᠦᠢ ᠰᠦᠮ᠎ᠡ》 ᠭᠡᠰᠡᠨ ᠤᠳᠭ᠎ᠠ᠎ᠲᠠᠢ᠂ ᠠᠷᠠᠳ᠎ᠤᠨ ᠲᠤᠮᠳᠠ 《ᠶᠡᠭᠡ ᠵᠤᠤ ᠰᠦᠮ᠎ᠠ》 ᠭᠡᠵᠦ᠍ ᠠᠯᠳᠠᠷᠱᠢᠵᠠᠢ᠃ 《ᠵᠤᠤ》 ᠭᠡᠳᠡᠭ ᠦᠭᠡ᠎ᠨᠢ ᠲᠦᠪᠡᠳ ᠦᠬᠡ᠎ᠠᠴᠠ ᠢᠷᠡᠯᠲᠡᠢ ᠰᠦᠮ᠎ᠡ ᠬᠡᠢᠳ ᠬᠡᠮᠡᠬᠦ᠌ ᠤᠳᠭ᠎ᠠ᠎ᠲᠠᠢ᠃ ᠴᠢᠩ ᠤᠯᠤᠰ᠎ᠤᠨ ᠡᠶᠡᠪᠡᠷ ᠵᠠᠰᠠᠭ᠍ᠴᠢ ᠬᠠᠭᠠᠨ ᠪᠡᠭᠡᠵᠢᠩ᠎ᠳᠤ ᠣᠴᠢᠬᠤ᠎ᠳᠠᠭᠠᠨ ᠲᠤᠰ ᠰᠦᠮ᠎ᠠ᠎ᠳᠤ ᠪᠠᠭᠤᠳᠠᠯᠯᠠᠵᠤ᠂ ᠬᠤᠵᠢᠮ᠎ᠨᠢ ᠡᠩᠬᠡ ᠠᠮᠤᠭᠤᠯᠠᠩ ᠬᠠᠭᠠᠨ 《ᠲᠦᠮᠡᠨ ᠨᠠᠰᠤᠲᠤ ᠬᠠᠭᠠᠨ》 ᠤ ᠠᠯᠲᠠᠨ ᠫᠠᠢᠰᠠ᠎ᠶ᠋ᠢ ᠶᠡᠭᠡ ᠳᠤᠭᠠᠩ᠎ᠤᠨ ᠮᠥᠩᠭᠦᠨ ᠪᠤᠷᠬᠠᠨ᠎ᠤ ᠡᠮᠦᠨ᠎ᠡ ᠴᠢᠳᠭᠤᠵᠤ᠂ ᠶᠡᠭᠡ ᠵᠣᠣ ᠰᠦᠮ᠎ᠠ᠎ᠶ᠋ᠢ 《ᠬᠠᠭᠠᠨ᠎ᠤ ᠰᠦᠮ᠎ᠡ》 ᠭᠡᠵᠦ᠍ ᠡᠷᠭᠦᠮᠵᠢᠯᠡᠪᠡ᠃ 1640 ᠤᠨ᠎ᠳᠤ ᠴᠢᠩ ᠤᠯᠤᠰ᠎ᠤᠨ ᠲᠠᠢᠽᠦᠩ ᠬᠠᠭᠠᠨ ᠬᠤᠸᠠᠩ ᠲᠠᠢᠵᠢ ᠲᠦᠮᠡᠳ᠎ᠤᠨ ᠳ᠋ᠦᠲ᠋ᠦᠩ ᠭᠦᠯᠦᠭᠡ ᠴᠦᠬᠦᠷ᠎ᠲᠤ ᠵᠠᠷᠯᠢᠭ ᠪᠠᠭᠤᠯᠭᠠᠨ ᠲᠤᠰ ᠰᠦᠮ᠎ᠡ᠎ᠶ᠋ᠢ ᠳᠠᠬᠢᠨ ᠰᠡᠯᠪᠢᠨ ᠵᠠᠰᠠᠭᠤᠯᠬᠤ᠎ᠶ᠋ᠢᠨ ᠬᠠᠮᠲᠤ ᠦᠷᠭᠡᠳᠭᠡᠨ ᠪᠠᠢᠭᠤᠯᠵᠤ ᠨᠡᠷ᠎ᠡ᠎ᠶ᠋ᠢ᠎ᠨᠢ 《ᠴᠠᠭ᠍ᠯᠠᠰᠢ ᠦᠭᠡᠢ ᠰᠦᠮ᠎ᠡ》 ᠭᠡᠵᠦ᠍ ᠬᠠᠯᠠᠵᠠᠢ᠃ ᠪᠠᠰᠠ ᠪᠠᠢᠭᠤᠯᠤᠭ᠍ᠰᠠᠨ ᠬᠦᠮᠦᠨ᠎ᠢ᠎ᠨᠢ ᠳᠤᠷᠠᠰᠭᠠᠵᠤ 《ᠠᠯᠲᠠᠨ ᠬᠠᠭᠠᠨ᠎ᠤ ᠰᠦᠮ᠎ᠡ》 ᠪᠤᠶᠤ 《ᠭᠡᠭᠡᠨ ᠬᠠᠭᠠᠨ᠎ᠤ ᠰᠦᠮ᠎ᠡ》 ᠭᠡᠳᠡᠭ ᠪᠦᠭᠡᠳ 《ᠭᠠᠨᠵᠤᠤᠷ》 ᠨᠤᠮ᠎ᠢ ᠮᠤᠩᠭᠤᠯ᠎ᠤᠨ ᠪᠠᠷᠠᠭᠤᠨ ᠭᠤᠷᠪᠠᠨ ᠲᠦᠮᠡᠨ᠎ᠤ ᠭᠠᠵᠠᠷ ᠠᠩᠬ᠎ᠠ ᠲᠡᠷᠢᠭᠦᠨ᠎ᠳᠤ ᠲᠤᠰ ᠰᠦᠮ᠎ᠡ᠎ᠳᠤ ᠵᠠᠯᠠᠵᠤ ᠠᠪᠴᠢᠷᠠᠭ᠍ᠰᠠᠨ ᠪᠤᠯᠬᠤᠷ ᠪᠠᠰᠠ 《ᠭᠠᠨᠵᠤᠤᠷ᠎ᠤᠨ ᠰᠦᠮ᠎ᠡ》 ᠬᠡᠮᠡᠨ ᠨᠡᠷᠡᠯᠡᠳᠡᠭ ᠴᠤ᠌ ᠪᠤᠢ᠃
ᠲᠤᠮᠳᠠᠳᠤ᠎ᠶ᠋ᠢᠨ ᠡᠷᠳᠡᠨ᠎ᠤ ᠪᠠᠷᠢᠯᠭ᠎ᠠ᠎ᠶ᠋ᠢᠨ ᠰᠤᠶᠤᠯ᠎ᠤᠨ ᠤᠬᠢ ᠲᠠᠯᠠᠰᠳᠤ
ᠴᠠᠬ᠍ᠯᠠᠰᠢ ᠦᠭᠡᠢ ᠰᠦᠮ᠎ᠡ᠎ᠶ᠋ᠢᠨ ᠪᠠᠷᠢᠯᠭ᠎ᠠ᠎ᠶ᠋ᠢ ᠬᠢᠲᠠᠳ ᠰᠦᠮ᠎ᠡ᠎ᠶ᠋ᠢᠨ ᠬᠡᠯᠪᠡᠷᠢ᠎ᠪᠠᠷ ᠲᠤᠯᠢ ᠪᠤᠯᠭᠠᠨ ᠪᠠᠢᠷᠢᠱᠢᠭᠤᠯᠵᠤ᠂ ᠮᠠᠬᠠᠷᠠᠨᠽᠠ᠎ᠶ᠋ᠢᠨ ᠳᠤᠭᠠᠩ᠂ ᠪᠤᠳᠢ ᠬᠤᠩᠬᠢᠯ ᠳᠤᠭᠠᠩ᠂ ᠰᠤᠭ᠍ᠴᠢᠨ ᠳᠤᠭᠠᠩ᠂ ᠷᠠᠬᠢᠨ ᠳᠤᠭᠠᠩ᠂ ᠴᠠᠭᠠᠨ ᠱᠢᠬᠦᠷᠲᠤᠶ᠋ᠢᠨ ᠳᠤᠭᠠᠩ᠂ ᠪᠤᠳᠢᠰᠡᠸᠠᠶ᠋ᠢᠨ ᠳᠤᠭᠠᠩ᠂ ᠬᠠᠰ ᠪᠤᠷᠬᠠᠨ᠎ᠤ ᠳᠤᠭᠠᠩ᠂ ᠮᠠᠢᠳᠠᠷ ᠪᠤᠷᠬᠠᠨ᠎ᠤ ᠳᠤᠭᠠᠩ ᠵᠡᠷᠭᠡ ᠶᠡᠭᠡ ᠪᠠᠭ᠎ᠠ 12 ᠳᠤᠭᠠᠩ᠎ᠲᠠᠢ᠃ ᠭᠤᠤᠯ ᠳᠤᠭᠠᠩ ᠪᠤᠶᠤ ᠰᠤᠭ᠍ᠴᠢᠨ ᠳᠤᠭᠠᠩ᠎ᠨᠢ ᠪᠦᠬᠦ᠌ ᠰᠦᠮ᠎ᠡ᠎ᠶ᠋ᠢᠨ ᠴᠤᠷ᠎ᠤᠨ ᠭᠠᠭ᠍ᠴᠠ ᠬᠢᠲᠠᠳ ᠰᠤᠶᠤᠯ᠎ᠤᠨ ᠬᠡᠪ ᠨᠠᠮᠪᠠ ᠪᠠ ᠲᠦᠪᠡᠳ ᠰᠤᠶᠤᠯ᠎ᠤᠨ ᠬᠡᠪ ᠨᠠᠮᠪᠠ᠎ᠶ᠋ᠢ ᠤᠶᠠᠯᠳᠤᠭᠤᠯᠤᠭ᠍ᠰᠠᠨ ᠳᠤᠭᠠᠩ ᠪᠤᠯᠤᠨ᠎ᠠ᠃ ᠰᠦᠮ᠎ᠡ᠎ᠶ᠋ᠢᠨ ᠨᠡᠷ᠎ᠡ᠎ᠶ᠋ᠢ ᠮᠠᠨᠵᠤ᠂ ᠮᠤᠩᠭᠤᠯ᠂ ᠬᠢᠲᠠᠳ ᠭᠤᠷᠪᠠᠨ ᠵᠦᠢᠯ᠎ᠤᠨ ᠦᠰᠦᠭ᠎ᠢᠶᠠᠷ ᠰᠦᠮ᠎ᠡ᠎ᠶ᠋ᠢᠨ ᠶᠡᠭᠡ ᠬᠠᠭᠠᠯᠭ᠎ᠠ᠎ᠶ᠋ᠢᠨ ᠡᠭᠦᠳᠡᠨ ᠳᠡᠭᠡᠷ᠎ᠡ ᠡᠯᠭᠦᠳᠡᠭ᠃ ᠤᠳᠤ ᠲᠤᠰ ᠰᠦᠮ᠎ᠠ᠎ᠶ᠋ᠢᠨ ᠫᠠᠢᠰᠠ ᠲᠡᠭᠡᠷ᠎ᠡ ᠬᠢᠳᠡᠳ᠂ ᠮᠤᠩᠭᠤᠯ᠂ ᠮᠠᠨᠵᠦ᠍᠂ ᠲᠦᠪᠡᠳ ᠲᠦᠷᠪᠡᠨ ᠦᠰᠦᠭ᠎ᠤᠨ ᠢᠯᠡᠷᠭᠡᠢᠯᠡᠯ ᠡᠯᠬᠦᠵᠦ᠍ ᠪᠤᠢ᠃ ᠲᠤᠰ ᠰᠦᠮ᠎ᠠ᠎ᠶ᠋ᠢᠨ ᠪᠠᠷᠢᠯᠭ᠎ᠠ᠎ᠶ᠋ᠢᠨ ᠭᠡᠪ ᠨᠠᠮᠪᠠ᠎ᠨᠢ ᠬᠢᠳᠡᠳ᠂ ᠲᠦᠪᠡᠳ᠂ ᠮᠤᠩᠭᠤᠯ ᠪᠠᠷᠢᠯᠭ᠎ᠠ᠎ᠶ᠋ᠢᠨ ᠭᠡᠪ ᠨᠠᠮᠪᠠ᠎ᠶ᠋ᠢ ᠠᠭᠤᠰᠭᠠᠨ ᠬᠦᠭ᠌ᠵᠢᠬᠦᠯᠦᠭ᠌ᠰᠡᠨᠢᠶᠠᠷᠢᠶᠠᠨ ᠤᠨᠴᠠᠯᠢᠬ᠍ᠳᠠᠵᠦ᠍᠂ ᠮᠠᠨ᠎ᠤ ᠤᠯᠤᠰ᠎ᠤᠨ ᠡᠷᠳᠡᠨ᠎ᠤ ᠪᠠᠷᠢᠯᠭ᠎ᠠ᠎ᠶ᠋ᠢᠨ ᠰᠤᠶᠤᠯᠳᠤ ᠭᠡᠷᠡᠯ ᠬᠢᠯᠪᠠᠭ᠎ᠠ ᠰᠠᠴᠤᠷᠠᠭ᠍ᠰᠠᠨ ᠬᠤᠪᠢ ᠨᠡᠮᠡᠷᠢ ᠬᠠᠨᠳᠢᠪᠯᠠᠨ᠂ ᠲᠤᠮᠳᠠᠳᠤ᠎ᠶ᠋ᠢᠨ ᠡᠷᠳᠡᠨ᠎ᠤ ᠪᠠᠷᠢᠯᠭ᠎ᠠ᠎ᠶ᠋ᠢᠨ ᠰᠤᠶᠤᠯ᠎ᠤᠨ ᠤᠬᠢ ᠲᠠᠯᠠᠰᠳᠤ ᠪᠤᠯᠤᠭ᠍ᠰᠠᠨ ᠶᠤᠮ᠃
ᠴᠠᠬ᠍ᠯᠠᠰᠢ ᠦᠭᠡᠢ ᠰᠦᠮ᠎ᠡ ᠪᠠᠢᠭᠤᠯᠤᠭ᠍ᠳᠠᠭ᠍ᠰᠠᠨ 400 ᠭᠠᠷᠤᠢ ᠵᠢᠯ᠎ᠤᠨ ᠲᠤᠷᠰᠢ᠂ ᠤᠮᠠᠷᠠᠳᠤ ᠬᠢᠯᠢ᠎ᠶ᠋ᠢᠨ ᠨᠡᠢᠭᠡᠮ᠎ᠤᠨ ᠤᠯᠤᠰ ᠲᠦᠷᠦ᠍᠂ ᠰᠤᠶᠤᠯ᠎ᠤᠨ ᠰᠤᠯᠢᠯᠴᠠᠭ᠎ᠠ ᠵᠡᠷᠭᠡ ᠲᠠᠯ᠎ᠠ᠎ᠳᠤ ᠪᠦᠷ ᠴᠢᠬᠤᠯᠠ ᠶᠡᠭᠡ ᠦᠢᠯᠡᠳᠦᠯ ᠦᠵᠡᠭᠦᠯᠵᠤ ᠪᠠᠢᠭ᠍ᠰᠠᠨ ᠪᠦᠭᠡᠳ ᠦᠨᠳᠦᠰᠦᠲᠡᠨ᠎ᠨᠦᠭᠦᠳ᠎ᠤᠨ ᠬᠤᠭᠤᠷᠤᠨᠳᠤᠬᠢ ᠪᠦᠯᠬᠦᠮᠳᠡᠯ ᠨᠢᠭ᠍ᠲᠠᠷᠠᠯᠢ ᠪᠠᠳᠤᠳᠭᠠᠨ᠂ ᠲᠤᠬᠠᠢ᠎ᠶ᠋ᠢᠨ ᠦᠶ᠎ᠡ᠎ᠶ᠋ᠢᠨ ᠤᠮᠠᠷᠠᠳᠤ ᠬᠢᠯᠢ᠎ᠶ᠋ᠢᠨ ᠠᠮᠤᠷ ᠲᠤᠭ᠍ᠳᠠᠭᠤᠨ᠎ᠢ ᠬᠠᠮᠠᠭᠠᠯᠠᠬᠤ᠎ᠳᠤ ᠮᠠᠰᠢ ᠴᠢᠬᠤᠯᠠ ᠦᠢᠯᠡᠳᠦᠯ ᠦᠵᠡᠭᠦᠯᠵᠡᠢ᠃
ᠴᠠᠬ᠍ᠯᠠᠰᠢ ᠦᠭᠡᠢ ᠰᠦᠮ᠎ᠠ᠎ᠶ᠋ᠢᠨ ᠲᠦᠷᠪᠡᠨ ᠡᠷᠳᠡᠨᠢ
ᠴᠠᠬ᠍ᠯᠠᠰᠢ ᠦᠭᠡᠢ ᠰᠦᠮ᠎ᠠ᠎ᠶ᠋ᠢᠨ ᠰᠤᠭ᠍ᠴᠢᠨ ᠳᠤᠭᠠᠩ᠎ᠳᠤ ᠰᠦᠮ᠎ᠡ ᠪᠠᠢᠭᠤᠯᠤᠭ᠍ᠳᠠᠭ᠍ᠰᠠᠨ᠎ᠠᠴᠠ ᠤᠳᠤ ᠪᠤᠯᠲᠠᠯ᠎ᠠ ᠬᠠᠳᠠᠭᠠᠯᠠᠭ᠍ᠳᠠᠵᠤ ᠪᠤᠢ ᠲᠦᠷᠪᠡᠨ ᠡᠷᠳᠡᠨᠢ ᠪᠠᠢᠳᠠᠭ᠃ ᠲᠡᠳᠡᠭᠡᠷ᠎ᠨᠢ ᠤᠨᠴᠠ ᠨᠠᠷᠢᠯᠢᠭ ᠬᠢᠴᠡ᠎ᠲᠠᠢ ᠪᠦᠭᠡᠳ ᠤᠨ ᠵᠢᠯ᠎ᠤᠨ ᠲᠡᠦᠬᠡᠨ ᠤᠷᠤᠰᠭᠠᠯ᠎ᠢ ᠦᠩᠭᠡᠷᠡᠭᠦᠯᠵᠤ ᠤᠳᠤ ᠪᠤᠯᠲᠠᠯ᠎ᠠ ᠪᠦᠷᠢᠨ ᠪᠦᠲᠦᠨᠢᠶᠠᠷᠢᠶᠠᠨ ᠬᠠᠳᠠᠭᠠᠯᠠᠭ᠍ᠳᠠᠵᠤ ᠦᠯᠡᠳᠡᠭ᠌ᠰᠡᠨ ᠪᠤᠯᠬᠤᠷ ᠮᠠᠰᠢ ᠦᠨᠳᠦᠷ ᠰᠤᠨᠢᠷᠬᠠᠯ᠎ᠤᠨ ᠦᠨ᠎ᠡ ᠦᠷᠲᠡᠭ᠂ ᠲᠤᠩ ᠴᠢᠬᠤᠯᠠ ᠲᠡᠦᠬᠡ᠎ᠶ᠋ᠢᠨ ᠦᠨ᠎ᠡ ᠦᠷᠲᠡᠭ ᠪᠠ ᠡᠷᠬᠢᠮ ᠦᠨᠡᠳᠦ ᠤᠷᠠᠯᠢᠬ᠎ᠤᠨ ᠦᠨ᠎ᠡ ᠦᠷᠳᠡᠭ᠎ᠲᠠᠢ᠃

ᠮᠥᠩᠭᠦᠨ ᠪᠤᠷᠬᠠᠨ᠄ ᠰᠤᠭ᠍ᠴᠢᠨ ᠳᠤᠭᠠᠩ᠎ᠳᠤ ᠲᠠᠬᠢᠵᠤ ᠪᠠᠢᠭ᠎ᠠ ᠲᠤᠬᠠᠢ᠎ᠶ᠋ᠢᠨ ᠦᠶ᠎ᠡ᠎ᠳᠤ ᠨᠧᠫᠡᠯ᠎ᠤᠨ ᠳᠠᠷᠬᠠᠨ᠎ᠤ ᠤᠷᠠᠯᠠᠭ᠍ᠰᠠᠨ 3000 ᠵᠢᠩ ᠴᠡᠪᠡᠷ ᠮᠦᠩᠭᠦ᠌ ᠵᠠᠷᠤᠴᠠᠭᠤᠯᠤᠭ᠍ᠰᠠᠨ 3 ᠮᠧᠲᠷ ᠦᠨᠳᠦᠷ ᠱᠠᠭ᠍ᠵᠠᠮᠤᠨᠢ ᠪᠤᠷᠬᠠᠨ᠎ᠤ ᠬᠦᠷᠦᠭ᠎ᠢ ᠵᠢᠭᠠᠵᠤ ᠪᠤᠢ᠃ ᠤᠳᠤ᠎ᠠᠴᠠ 400 ᠭᠠᠷᠤᠢ ᠵᠢᠯ᠎ᠤᠨ ᠡᠮᠦᠨ᠎ᠡ ᠤᠷᠠᠯᠠᠭ᠍ᠳᠠᠭ᠍ᠰᠠᠨ ᠮᠠᠨ᠎ᠤ ᠤᠯᠤᠰ᠎ᠤᠨ ᠤᠳᠤᠬᠠᠨ᠎ᠳᠤ ᠬᠠᠳᠠᠭᠠᠯᠠᠭ᠍ᠳᠠᠵᠤ ᠪᠠᠢᠭ᠎ᠠ ᠬᠠᠮᠤᠭ᠎ᠤᠨ ᠶᠡᠭᠡ ᠮᠥᠩᠭᠦᠨ ᠪᠤᠷᠬᠠᠨ᠎ᠤ ᠨᠢᠭᠡ ᠪᠣᠯᠤᠨ᠎ᠠ᠃

ᠯᠤᠤ᠎ᠶ᠋ᠢᠨ ᠰᠡᠢᠯᠦᠮᠡᠯ᠄ ᠭᠤᠷᠪᠠᠨ ᠴᠠᠭ᠎ᠤᠨ ᠪᠤᠷᠬᠠᠨ᠎ᠤ ᠡᠮᠤᠨᠡᠬᠢ ᠱᠢᠷ ᠪᠤᠳᠤᠭ ᠰᠠᠭᠤᠯᠭᠠᠭ᠍ᠰᠠᠨ ᠲᠤᠯᠭᠠᠭᠤᠷᠢ ᠳᠡᠭᠡᠷ᠎ᠡ 10 ᠮᠧᠲᠷ ᠤᠷᠴᠢᠮ ᠬᠤᠶᠠᠷ ᠯᠤᠤ᠎ᠶ᠋ᠢ ᠭᠦᠳᠦᠭᠡᠷ ᠰᠡᠢᠯᠦᠮᠡᠯ᠎ᠤᠨ ᠠᠷᠭ᠎ᠠ᠎ᠪᠠᠷ ᠰᠡᠢᠯᠦᠨ ᠤᠷᠠᠯᠠᠭ᠍ᠰᠠᠨ᠎ᠠᠴᠠ ᠯᠤᠤ᠎ᠨᠢ ᠠᠮᠢᠳᠤ ᠯᠤᠤ ᠡᠪᠬᠡᠷᠡᠯᠲᠤᠨ ᠤᠷᠢᠶᠠᠯᠳᠤᠵᠤ ᠪᠠᠢᠭ᠎ᠠ ᠮᠡᠲᠤ ᠲᠤᠩ ᠳᠦᠷᠰᠦᠯᠢᠭ ᠬᠠᠷᠠᠭ᠍ᠳᠠᠳᠠᠭ᠃ ᠮᠢᠩ ᠤᠯᠤᠰ᠎ᠤᠨ ᠦᠶ᠎ᠡ᠎ᠶ᠋ᠢᠨ ᠯᠣᠣ᠎ᠶ᠋ᠢᠨ ᠰᠡᠢᠯᠦᠮᠡᠯ ᠤᠷᠠᠯᠢᠭ᠎ᠢ ᠮᠠᠰᠢ ᠭᠦᠢᠴᠡᠳ ᠬᠠᠷᠠᠭᠤᠯᠤᠭ᠍ᠰᠠᠨ ᠲᠤᠰ ᠬᠤᠶᠠᠷ ᠯᠤᠤ᠎ᠶ᠋ᠢ ᠨᠠᠩᠭᠢ ᠱᠢᠷᠣᠶ᠂ ᠡᠭᠡᠳᠡᠩ ᠴᠢᠯᠠᠭᠤ ᠵᠡᠷᠭᠡ᠎ᠪᠠᠷ ᠲᠦᠭᠦᠬᠡᠶ ᠮᠠᠲ᠋ᠧᠷᠢᠶᠠᠯ ᠪᠤᠯᠭᠠᠵᠤ ᠰᠡᠢᠯᠦᠨ ᠤᠷᠠᠯᠠᠵᠠᠢ᠃ ᠡᠷᠳᠡᠨ᠎ᠤ ᠰᠡᠢᠯᠦᠮᠡᠯ ᠤᠷᠠᠯᠢᠬ᠎ᠤᠨ ᠭᠤᠢᠳᠠ ᠪᠦᠲᠦᠭᠡᠯ ᠪᠤᠯᠤᠭ᠍ᠰᠠᠨ᠎ᠤ ᠬᠤᠪᠢ᠎ᠳᠤ᠂ ᠪᠦᠷᠢᠨ ᠪᠦᠲᠦᠨᠢᠶᠠᠷᠢᠶᠠᠨ ᠬᠠᠳᠠᠭᠠᠯᠠᠭ᠍ᠳᠠᠭ᠍ᠰᠠᠨ ᠲᠤᠰ ᠪᠦᠲᠦᠭᠡᠯ᠎ᠨᠢ ᠴᠠᠬ᠍ᠯᠠᠰᠢ ᠦᠭᠡᠢ ᠰᠦᠮᠠᠲᠠᠢᠪᠠᠨ ᠠᠳᠠᠯᠢ ᠴᠠᠬ᠍ᠯᠠᠰᠢ ᠦᠭᠡᠢ ᠲᠡᠦᠭᠡ ᠰᠤᠶᠤᠯ᠎ᠤᠨ ᠦᠨ᠎ᠡ ᠦᠷᠳᠡᠭ᠎ᠲᠠᠢ᠃

ᠬᠠᠨ᠎ᠠ᠎ᠶ᠋ᠢᠨ ᠵᠢᠷᠤᠭ᠄ ᠬᠠᠨ᠎ᠠ᠎ᠶ᠋ᠢᠨ ᠵᠢᠷᠤᠭ ᠪᠣᠯ ᠴᠠᠭ᠍ᠯᠠᠰᠢ ᠦᠭᠡᠢ ᠰᠦᠮ᠎ᠡ᠎ᠶ᠋ᠢᠨ ᠪᠠᠰᠠ ᠨᠢᠭᠡᠨ ᠤᠨᠴᠠᠯᠢᠭ᠍ᠲᠤ ᠲᠡᠦᠬᠡᠨ ᠦᠪ ᠪᠤᠯᠤᠨ᠎ᠠ᠃ ᠬᠠᠨ᠎ᠠ᠎ᠶ᠋ᠢᠨ ᠵᠢᠷᠤᠭᠲᠤ ᠪᠤᠷᠬᠠᠨ ᠱᠠᠱᠢᠨ᠎ᠤ ᠲᠦᠷᠢ ᠪᠠ ᠦᠯᠢᠭᠡᠷ ᠦᠢᠯᠡ ᠶᠠᠪᠤᠳᠠᠯ᠎ᠢ ᠵᠢᠷᠤᠭ᠍ᠯᠠᠨ᠂ ᠠᠭᠤᠯᠭ᠎ᠠ᠎ᠨᠢ ᠪᠠᠶᠠᠯᠢᠭ ᠪᠦᠭᠡᠳ ᠠᠮᠢᠳᠤᠯᠢᠭ᠂ ᠪᠦᠬᠦᠯᠢ ᠴᠤᠭ᠍ᠴᠠ᠎ᠪᠠᠷ᠎ᠢᠶᠠᠨ ᠠᠪᠴᠠᠯᠳᠤᠳᠠᠭ ᠮᠦᠷᠲᠡᠭᠡᠨ ᠭᠠᠭ᠍ᠴᠠ ᠭᠠᠭ᠍ᠴᠠᠪᠠᠷᠢᠶᠠᠨ ᠴᠤ᠌ ᠪᠡᠶ᠎ᠡ᠎ᠪᠠᠨ ᠳᠠᠭᠠᠭᠠᠭ᠍ᠰᠠᠨ ᠪᠦᠲᠦᠭᠡᠯ ᠪᠤᠯᠵᠤ ᠴᠢᠳᠠᠳᠠᠭ᠃ ᠪᠦᠬᠦ᠌ ᠵᠢᠷᠤᠭᠲᠤ ᠪᠤᠷᠬᠠᠨ ᠰᠠᠬᠢᠭᠤᠯᠰᠤᠨ᠂ ᠡᠭᠡᠯ ᠠᠷᠠᠳ ᠵᠡᠷᠭᠡ 770 ᠭᠠᠷᠤᠢ ᠬᠦᠮᠦᠨ᠎ᠢ ᠪᠠᠭ᠍ᠲᠠᠭᠠᠵᠤ᠂ ᠦᠵᠡᠮᠵᠢ ᠪᠠᠢᠳᠠᠯ ᠠᠤᠭ᠎ᠠ ᠰᠦᠷᠯᠢᠭᠢᠶᠠᠷᠢᠶᠠᠨ ᠮᠠᠨ᠎ᠤ ᠤᠯᠤᠰ᠎ᠤᠨ ᠮᠢᠩ ᠤᠯᠤᠰ᠎ᠤᠨ ᠦᠶ᠎ᠡ᠎ᠶ᠋ᠢᠨ ᠵᠢᠷᠤᠭ᠎ᠤᠨ ᠤᠷᠠᠯᠢᠭ᠎ᠤᠨ ᠦᠨᠳᠦᠷ ᠲᠦᠪᠱᠢᠨ᠎ᠢ ᠶᠠᠭᠠᠬᠢᠬᠤ᠎ᠶ᠋ᠢᠨ ᠠᠷᠭ᠎ᠠ ᠦᠭᠡᠢ ᠬᠠᠷᠠᠭᠤᠯᠵᠠᠢ᠃ ᠡᠳᠡᠭᠡᠷ ᠬᠠᠨ᠎ᠠ᠎ᠶ᠋ᠢᠨ ᠵᠢᠷᠤᠭ᠎ᠨᠢ 400 ᠭᠠᠷᠤᠢ ᠵᠢᠯ᠎ᠤᠨ ᠲᠡᠦᠬᠡ᠎ᠶ᠋ᠢ ᠦᠩᠭᠡᠷᠡᠭᠦᠯᠦᠭ᠌ᠰᠡᠨ ᠪᠤᠯᠪᠠᠴᠤ᠌ ᠤᠳᠤ ᠴᠤ᠌ ᠭᠡᠰᠡᠨ ᠬᠡᠭᠡᠨᠴᠢᠷ ᠰᠠᠢᠬᠠᠨ ᠦᠩᠭᠡ ᠪᠤᠳᠤᠭ᠎ᠢᠶᠠᠨ ᠬᠠᠳᠠᠭᠠᠯᠠᠭ᠍ᠰᠠᠭᠠᠷ᠃

ᠲᠡᠮᠦᠷ ᠠᠷᠰᠯᠠᠨ᠄ ᠰᠤᠭ᠍ᠴᠢᠨ ᠳᠤᠭᠠᠩ᠎ᠤᠨ ᠡᠮᠤᠨ᠎ᠡ ᠲᠡᠮᠤᠷ᠎ᠢᠶᠠᠷ ᠴᠢᠳᠭᠤᠭ᠍ᠰᠠᠨ ᠤᠴᠦ᠋ᠢᠵᠤ ᠰᠠᠭᠤᠭ᠎ᠠ ᠬᠤᠶᠠᠷ ᠠᠷᠰᠯᠠᠨ ᠪᠤᠢ᠃ ᠵᠡᠭᠦᠨ ᠲᠠᠯ᠎ᠠ᠎ᠶ᠋ᠢᠨ ᠠᠷᠰᠯᠠᠨ᠎ᠨᠢ ᠲᠤᠮᠤ ᠱᠢᠬ᠂ 86 ᠰᠨᠨᠲ᠋ᠢᠮᠧᠲᠷ᠃ ᠠᠷᠰᠯᠠᠨ᠎ᠤ ᠨᠢᠷᠤᠭᠤᠨ ᠳᠡᠭᠡᠷ᠎ᠡ ᠤᠨ ᠰᠠᠷ᠎ᠠ ᠡᠳᠦᠷ᠂ ᠤᠷᠠᠨ ᠳᠠᠷᠬᠠᠨ᠎ᠤ ᠤᠪᠤᠭ ᠨᠡᠷ᠎ᠡ ᠵᠢᠴᠢ ᠬᠢᠯᠭᠡᠭ᠌ᠰᠡᠨ ᠬᠦᠮᠦᠰ᠎ᠤᠨ ᠨᠡᠷ᠎ᠡ ᠴᠤᠯᠠ᠎ᠶ᠋ᠢ ᠲᠡᠮᠳᠡᠭ᠌ᠯᠡᠭ᠌ᠰᠡᠨ 《ᠲᠢᠶᠠᠨ ᠴᠢ᠎ᠶ᠋ᠢᠨ ᠭᠤᠷᠪᠠᠳᠤᠭᠠᠷ ᠤᠨ (1623 ᠤᠨ) ᠤ ᠪᠢᠯᠢᠭ᠎ᠤᠨ ᠤᠯᠠᠷᠢᠯ᠎ᠤᠨ 9 ᠰᠠᠷ᠎ᠠ᠎ᠶ᠋ᠢᠨ ᠰᠠᠢᠨ ᠡᠳᠦᠷ᠂ ᠳ᠋ᠠ ᠲᠦᠩ᠎ᠤᠨ ᠠᠷᠤ ᠡᠪᠡᠰᠤᠨ ᠲᠠᠯ᠎ᠠ᠎ᠳᠠᠬᠢ ᠲᠡᠮᠤᠷ᠎ᠤᠨ ᠳᠠᠷᠬᠠᠨ ᠴᠧᠨ ᠡᠯ ᠭᠡᠳᠡᠭ ᠨᠢᠭᠡᠨ ᠬᠦᠮᠦᠨ ᠤᠮᠪᠤ ᠬᠤᠩ ᠲᠠᠢᠵᠢ᠎ᠶ᠋ᠢᠨ ᠬᠦᠰᠡᠯ᠎ᠢ ᠳᠠᠭᠠᠯᠳᠤᠭᠤᠯᠤᠨ ᠨᠢᠭᠡᠨ ᠭᠤᠤᠯ ᠠᠷᠰᠯᠠᠨ ᠴᠢᠳᠭᠤᠪᠠᠢ》 ᠭᠡᠰᠡᠨ ᠪᠢᠴᠢᠭᠡᠰᠦ᠎ᠲᠠᠢ᠃
ᠬᠠᠰ ᠪᠤᠯᠠᠭ᠎ᠤᠨ ᠲᠤᠮᠤᠭ
ᠴᠠᠭ᠍ᠯᠠᠰᠢ ᠦᠭᠡᠢ ᠰᠦᠮ᠎ᠡ᠎ᠶ᠋ᠢᠨ ᠰᠦᠮ᠎ᠡ᠎ᠶ᠋ᠢᠨ ᠬᠠᠭᠠᠯᠭ᠎ᠠ᠎ᠶ᠋ᠢᠨ ᠡᠭᠦᠳᠡᠨ ᠳᠡᠭᠡᠷ᠎ᠡ 《ᠶᠢᠰᠦᠨ ᠬᠢᠯᠢ ᠬᠢᠵᠠᠭᠠᠷ᠎ᠤᠨ ᠤᠷᠤᠨ᠎ᠳᠠᠬᠢ ᠨᠢᠭᠡᠳᠦᠭᠡᠷ ᠪᠤᠯᠠᠭ》 ᠭᠡᠰᠡᠨ ᠢᠯᠡᠷᠬᠡᠢᠯᠡᠯ ᠡᠯᠭᠦᠭᠡᠰᠦ᠎ᠲᠠᠢ᠃ ᠳᠤᠮᠤᠭ ᠶᠠᠷᠢᠶᠠᠨ᠎ᠳᠤ ᠴᠢᠩ ᠤᠯᠤᠰ᠎ᠤᠨ ᠦᠶ᠎ᠡ᠎ᠳᠤ ᠡᠩᠬᠡ ᠠᠮᠤᠭᠤᠯᠠᠩ ᠬᠠᠭᠠᠨ ᠴᠡᠷᠢᠭ ᠳᠠᠭᠠᠭᠤᠯᠤᠨ ᠪᠠᠷᠠᠭᠤᠨᠰᠢ ᠳᠠᠢᠯᠠᠭᠠᠳ ᠨᠡᠢᠰᠯᠡᠯ ᠵᠦᠭ᠎ᠢᠶᠠᠨ ᠪᠤᠴᠠᠬᠤ ᠵᠠᠮ᠎ᠳᠠᠭᠠᠨ ᠬᠥᠬᠡᠬᠤᠲᠠ᠎ᠪᠠᠷ ᠦᠩᠭᠡᠷᠡᠨ᠂ ᠴᠠᠭ᠍ᠯᠠᠰᠢ ᠦᠭᠡᠢ ᠰᠦᠮ᠎ᠡ᠎ᠶ᠋ᠢᠨ ᠡᠭᠦᠳᠡᠨ᠎ᠳᠤ ᠠᠮᠠᠷᠠᠵᠤ ᠪᠠᠢᠵᠠᠶ᠃ ᠠᠭᠠᠭᠢᠮ᠎ᠠ ᠬᠠᠯᠠᠭᠤᠨ ᠴᠠᠭ᠎ᠲᠤ᠌᠂ ᠬᠦᠮᠦᠨ ᠮᠤᠷᠢᠳ ᠴᠦᠮ ᠠᠩᠭᠠᠵᠤ ᠴᠠᠩᠭᠠᠬᠤ᠎ᠶ᠋ᠢᠨ ᠲᠦᠢᠯᠳᠤ ᠬᠦᠷᠴᠤ᠌ ᠪᠠᠢᠬᠤ᠎ᠳᠤ᠂ ᠬᠠᠭᠠᠨ᠎ᠤ ᠤᠨᠤᠵᠤ ᠪᠠᠢᠭ᠍ᠰᠠᠨ ᠬᠦᠯᠦᠭ᠎ᠨᠢ ᠭᠡᠨᠡᠳᠲᠡ ᠭᠠᠵᠠᠷ ᠴᠠᠪᠴᠢᠯᠠᠬᠤ᠎ᠳᠤ ᠲᠤᠩᠭᠠᠯᠠᠭ ᠪᠤᠯᠠᠭ ᠤᠷᠬᠢᠯ᠎ᠤᠨ ᠭᠠᠷᠤᠭ᠍ᠰᠠᠨ ᠭᠡᠳᠡᠭ᠃ ᠡᠭᠦᠨ᠎ᠠᠴᠠ ᠬᠤᠢᠰᠢ ᠪᠤᠯᠠᠭ᠎ᠤᠨ ᠤᠰᠤ ᠲᠠᠰᠤᠷᠠᠯᠲᠠ ᠦᠭᠡᠶ ᠤᠨᠳᠤᠷᠳᠠᠭ ᠪᠤᠯᠤᠭ᠍ᠰᠠᠨ᠎ᠠᠴᠠ 《ᠬᠠᠭᠠᠨ᠎ᠤ ᠮᠣᠷᠢᠨ᠎ᠤ ᠪᠤᠯᠠᠭ》 ᠭᠡᠬᠦ᠌ ᠳᠣᠮᠤᠭ ᠤᠯᠠᠮᠵᠢᠯᠠᠭ᠍ᠳᠠᠵᠠᠢ᠃
ᠬᠤᠵᠢᠮ᠎ᠨᠢ ᠬᠥᠮᠦᠰ ᠪᠤᠯᠠᠭ᠎ᠤᠨ ᠤᠰᠤᠨ᠎ᠤ ᠳᠡᠷᠭᠡᠳᠡ ᠬᠤᠳᠳᠤᠭ᠎ᠤᠨ ᠲᠠᠢᠰᠠ ᠪᠠᠷᠢᠵᠤ᠂ ᠤᠢ᠍ᠢᠷ᠎ᠠ ᠬᠠᠪᠢ᠎ᠶ᠋ᠢᠨ ᠬᠥᠮᠦᠰ ᠪᠤᠯᠠᠭ᠎ᠤᠨ ᠤᠰᠤ᠎ᠶ᠋ᠢ ᠤᠤᠭᠤᠳᠠᠭ ᠪᠤᠯᠪᠠ᠃ ᠪᠤᠯᠠᠬ᠎ᠤᠨ ᠤᠰᠤ᠎ᠨᠢ ᠲᠤᠩᠭᠠᠯᠠᠭ ᠪᠥᠭᠡᠳ ᠴᠠᠭᠠᠨ᠎ᠠ᠎ᠪᠠᠨ ᠠᠮᠲᠠᠲᠠᠢ᠂ ᠶᠠᠭ ᠯᠠ ᠬᠠᠰᠤᠨ ᠡᠭᠡᠳᠡᠩ ᠮᠡᠲᠦ ᠪᠤᠯᠬᠤᠷ 《ᠬᠠᠰ ᠪᠤᠯᠠᠭ》 ᠭᠡᠭ᠌ᠳᠡᠳᠡᠭ ᠪᠤᠯᠵᠦ᠍᠂ ᠡᠨᠡ᠎ᠨᠢ ᠮᠦᠨ ᠴᠤ᠌ ᠬᠦᠬᠡᠬᠤᠲᠠ᠎ᠶ᠋ᠢᠨ ᠢᠦ᠋ᠢᠴᠢᠤᠸᠠᠨ ᠲᠤᠭᠤᠷᠢᠭ᠎ᠤᠨ ᠨᠡᠷ᠎ᠡ᠎ᠶ᠋ᠢᠨ ᠢᠷᠡᠯᠲᠡ ᠪᠤᠯᠤᠭ᠍ᠰᠠᠨ ᠪᠠᠢᠨ᠎ᠠ᠃ ᠬᠠᠰ ᠪᠤᠯᠠᠭ᠎ᠠᠴᠠ ᠪᠣᠯᠵᠤ ᠴᠠᠭ᠍ᠯᠠᠰᠢ ᠦᠭᠡᠢ ᠰᠦᠮ᠎ᠡ᠎ᠶ᠋ᠢᠨ ᠡᠮᠤᠨᠡᠭᠦᠷ᠎ᠬᠢ ᠠᠭᠤᠳᠠᠮ ᠲᠠᠯᠠᠪᠠᠢ ᠬᠥᠭ᠌ᠵᠢᠶᠡᠨ᠎ᠢᠶᠠᠷ ᠪᠢᠯᠬᠠᠵᠤ᠂ ᠮᠢᠩ ᠴᠢᠩ᠎ᠤᠨ ᠠᠯᠳᠠᠷᠲᠠᠢ ᠵᠡᠭᠡᠯᠢ ᠪᠤᠯᠵᠠᠢ᠃ ᠬᠠᠰ ᠪᠤᠯᠠᠭ᠎ᠤᠨ ᠤᠰᠤ ᠬᠤᠯᠠ ᠤᠢ᠍ᠢᠷ᠎ᠠ᠎ᠳᠠᠭᠠᠨ ᠠᠯᠳᠠᠷᠲᠠᠢ᠂ ᠳᠤᠮᠳᠠᠳᠤ ᠤᠯᠤᠰ᠎ᠤᠨ ᠡᠷᠲᠡᠨ᠎ᠤ ᠤᠮᠠᠷᠠᠲᠤ᠎ᠶ᠋ᠢᠨ ᠯᠢᠶᠣᠤᠳᠦ᠋ᠩ᠂ ᠵᠢᠶ ᠵᠧᠤ᠂ ᠳ᠋ᠠᠲ᠋ᠦ᠋ᠩ᠂ ᠨᠢᠩᠱᠢᠶᠠ᠂ ᠭᠠᠨᠰᠦ ᠪᠠ ᠬᠥ᠋ ᠶᠤᠸᠠᠨ ᠵᠡᠷᠭᠡ ᠶᠢᠰᠦᠨ ᠬᠢᠯᠢ ᠬᠢᠵᠠᠭᠠᠷ᠎ᠤᠨ ᠪᠠᠯᠭᠠᠰᠤᠨ᠎ᠤ ᠪᠤᠯᠠᠭ᠎ᠤᠨ ᠤᠰᠤᠨ᠎ᠤ ᠲᠡᠷᠢᠭᠦᠨ᠎ᠳᠤ ᠵᠢᠭ᠍ᠰᠠᠭᠠᠭ᠍ᠳᠠᠳᠠᠭ ᠪᠤᠯᠬᠤᠷ ᠴᠢᠩ ᠤᠯᠤᠰ᠎ᠤᠨ ᠦᠶ᠎ᠡ᠎ᠶ᠋ᠢᠨ ᠱᠠᠨ ᠰᠢ᠎ᠶ᠋ᠢᠨ ᠪᠢᠴᠢᠭ᠎ᠤᠨ ᠬᠥᠮᠦᠨ ᠸᠠᠩ ᠶᠦᠩ ᠵᠧᠨ ᠬᠥᠪᠥᠩ᠎ᠢᠶᠠᠷ 《ᠶᠢᠰᠦᠨ ᠬᠢᠯᠢ ᠬᠢᠵᠠᠭᠠᠷ᠎ᠤᠨ ᠤᠷᠤᠨ᠎ᠳᠠᠬᠢ ᠨᠢᠭᠡᠳᠦᠭᠡᠷ ᠪᠤᠯᠠᠭ》 ᠬᠡᠮᠡᠬᠦ᠌ ᠳᠠᠭᠤᠯᠠᠯ ᠪᠢᠴᠢᠵᠦ᠍᠂ ᠲᠡᠬᠦᠨ᠎ᠢᠶᠠᠨ ᠬᠥᠨᠳᠡᠯᠡᠨ ᠫᠠᠢᠰᠠ ᠪᠣᠯᠭᠠᠨ ᠴᠠᠭ᠍ᠯᠠᠰᠢ ᠦᠭᠡᠢ ᠰᠦᠮ᠎ᠡ᠎ᠶ᠋ᠢᠨ ᠡᠭᠦᠳᠡᠨ ᠳᠡᠭᠡᠷ᠎ᠡ ᠡᠯᠬᠦᠵᠡᠢ᠃
ᠬᠠᠴᠢᠨ ᠨᠢᠭᠤᠴᠠᠬᠠᠢ ᠦᠪ ᠰᠤᠶᠤᠯ
ᠴᠠᠭ᠍ᠯᠠᠰᠢ ᠦᠭᠡᠢ ᠰᠦᠮ᠎ᠡ᠎ᠳᠤ ᠵᠢᠯ᠎ᠳᠤ ᠬᠤᠶᠠᠷ ᠤᠳᠠᠭ᠎ᠠ ᠲᠤᠮᠤ ᠬᠡᠪᠴᠢᠶᠡᠨ᠎ᠤ ᠰᠦᠮ᠎ᠡ᠎ᠶ᠋ᠢᠨ ᠬᠤᠷᠠᠯ ᠬᠢᠳᠡᠭ᠃ ᠨᠢᠭᠡ᠎ᠨᠢ ᠪᠢᠯᠢᠭ᠎ᠤᠨ ᠤᠯᠠᠷᠢᠯ᠎ᠤᠨ ᠵᠢᠷᠭᠤᠭᠠᠨ ᠰᠠᠷ᠎ᠠ᠎ᠶ᠋ᠢᠨ ᠨᠠᠢ᠍ᠮᠠᠨ᠎ᠠᠴᠠ ᠠᠷᠪᠠᠨ ᠲᠠᠪᠤᠨ᠎ᠤ ᠡᠳᠦᠷ ᠪᠤᠯᠲᠠᠯ᠎ᠠ᠂ ᠨᠦᠭᠦᠭᠡ᠎ᠨᠢ ᠴᠠᠭᠠᠨ ᠰᠠᠷ᠎ᠠ᠎ᠶ᠋ᠢᠨ ᠱᠢᠨ᠎ᠡ᠎ᠶ᠋ᠢᠨ ᠨᠠᠢ᠍ᠮᠠᠨ᠎ᠠᠴᠠ ᠠᠷᠪᠠᠨ ᠲᠠᠪᠤᠨ ᠪᠤᠯᠲᠠᠯ᠎ᠠ ᠶᠠᠪᠤᠭ᠍ᠳᠠᠳᠠᠭ᠃ ᠰᠦᠮ᠎ᠡ᠎ᠶ᠋ᠢᠨ ᠬᠤᠷᠠᠯ᠎ᠤᠨ ᠬᠤᠭᠤᠴᠠᠭᠠᠨ᠎ᠳᠤ ᠪᠤᠷᠬᠠᠨ ᠳᠡᠯᠭᠡᠬᠦ᠌ ᠪᠤᠶᠤ ᠮᠠᠢᠳᠠᠷ ᠡᠷᠬᠢᠬᠦ᠂ ᠴᠠᠮ ᠴᠠᠮᠨᠠᠬᠤ ᠪᠤᠶᠤ ᠴᠠᠮ ᠬᠠᠷᠠᠢᠬᠤ᠂ ᠰᠤᠷ ᠬᠠᠶᠠᠬᠤ ᠪᠤᠶᠤ ᠰᠤᠷ ᠵᠠᠯᠠᠬᠤ ᠵᠡᠷᠭᠡ ᠱᠠᠱᠢᠨ᠎ᠤ ᠦᠢᠯᠡ ᠠᠵᠢᠯᠯᠠᠭ᠎ᠠ ᠶᠠᠪᠤᠭ᠍ᠳᠠᠳᠠᠭ᠃ ᠡᠳᠡᠭᠡᠷ ᠬᠠᠴᠢᠨ ᠨᠢᠭᠤᠴᠠᠬᠠᠢ ᠦᠪ ᠰᠤᠶᠤᠯ᠎ᠨᠢ ᠪᠦᠵᠢᠭ᠂ ᠲᠠᠭᠤᠤ᠂ ᠱᠢᠯᠦᠭ᠂ ᠤᠷᠠᠯᠢᠬ ᠵᠡᠷᠭᠡ ᠲᠤᠮᠳᠠᠳᠤ᠎ᠶ᠋ᠢᠨ ᠤᠯᠠᠮᠵᠢᠯᠠᠯᠳᠤ ᠰᠤᠶᠤᠯ᠎ᠤᠨ ᠰᠠᠩ᠎ᠳᠤ ᠶᠠᠨᠳᠠᠰᠢ ᠦᠭᠡᠢ ᠭᠡᠷᠡᠯ ᠬᠢᠯᠪᠠᠭ᠎ᠠ ᠨᠡᠮᠡᠷᠢᠯᠡᠭ᠌ᠰᠡᠨ ᠪᠦᠭᠡᠳ ᠤᠮᠠᠷᠠᠳᠤ ᠤᠷᠤᠨ᠎ᠤ ᠤᠯᠤᠰ ᠲᠦᠷᠦ᠍᠂ ᠠᠵᠦ᠍ ᠠᠬᠤᠢ᠂ ᠰᠤᠶᠤᠯ᠎ᠤᠨ ᠬᠦᠭ᠌ᠵᠢᠯᠳᠡ᠎ᠳᠤ ᠲᠦᠢᠯ᠎ᠤᠨ ᠶᠡᠭᠡ ᠠᠬᠢᠭᠤᠯᠬᠤ ᠦᠢᠯᠡᠳᠦᠯ ᠦᠵᠡᠬᠦᠯᠵᠦ᠍ ᠪᠠᠢᠬ᠍ᠰᠠᠨ ᠶᠤᠮ᠃
ᠤᠳᠤ ᠴᠤ᠌ ᠭᠡᠰᠡᠨ ᠴᠠᠬ᠍ᠯᠠᠰᠢ ᠦᠭᠡᠢ ᠰᠦᠮ᠎ᠠ᠎ᠶ᠋ᠢᠨ ᠴᠤᠭ᠍ᠯᠠᠭᠠᠨ ᠪᠤᠯᠬᠤ ᠪᠦᠷᠢ ᠤᠯᠤᠰ᠎ᠤᠨ ᠲᠤᠳᠤᠭᠠᠳᠤ ᠭᠠᠳᠠᠭᠠᠳᠤ᠎ᠶ᠋ᠢᠨ ᠲᠤᠭ᠎ᠠ ᠦᠭᠡᠢ ᠤᠯᠠᠨ ᠵᠢᠭᠤᠯᠴᠢᠯᠠᠭ᠍ᠰᠠᠳ᠂ ᠮᠦᠷᠬᠦᠯᠴᠢᠦᠨ ᠬᠦᠷᠦᠯᠴᠡᠨ ᠢᠷᠡᠵᠦ᠍ ᠵᠢᠭᠤᠯᠴᠢᠯᠠᠨ ᠰᠤᠨᠢᠷᠬᠠᠭᠠᠳ ᠬᠦᠬᠡᠬᠤᠳᠠ᠎ᠶ᠋ᠢᠨ ᠠᠵᠦ᠍ ᠠᠬᠤᠢ᠂ ᠰᠤᠶᠤᠯ᠎ᠤᠨ ᠰᠤᠯᠢᠯᠴᠠᠭ᠎ᠠ᠎ᠶ᠋ᠢ ᠬᠦᠭ᠌ᠵᠢᠶᠡᠨᠳᠡᠢ ᠪᠤᠯᠭᠠᠵᠦ᠍ ᠪᠤᠢ᠃
ᠪᠤᠷᠬᠠᠨ ᠳᠡᠯᠭᠡᠬᠦ᠌ ᠪᠤᠶᠤ ᠮᠠᠢᠳᠠᠷ ᠡᠷᠬᠢᠬᠦ᠄ ᠪᠤᠷᠬᠠᠨ ᠳᠡᠯᠭᠡᠬᠦ᠌ ᠪᠤᠶᠤ ᠮᠠᠢᠳᠠᠷ ᠡᠷᠬᠢᠬᠦ᠌ ᠭᠡᠵᠤ ᠴᠠᠬ᠍ᠯᠠᠰᠢ ᠦᠭᠡᠢ ᠰᠦᠮ᠎ᠠ᠎ᠶ᠋ᠢᠨ ᠵᠢᠯ ᠪᠦᠷᠢ᠎ᠶ᠋ᠢᠨ ᠴᠠᠭᠠᠨ ᠰᠠᠷ᠎ᠠ᠎ᠶ᠋ᠢᠨ ᠠᠷᠪᠠᠨ ᠲᠠᠪᠤᠨ ᠪᠠ ᠵᠢᠷᠭᠤᠭᠠᠨ ᠰᠠᠷ᠎ᠠ᠎ᠶ᠋ᠢᠨ ᠠᠷᠪᠠᠨ ᠲᠠᠪᠤᠨ᠎ᠤ ᠡᠳᠦᠷ ᠶᠠᠪᠤᠭ᠍ᠳᠠᠳᠠᠭ ᠪᠤᠷᠬᠠᠨ ᠱᠠᠱᠢᠨ᠎ᠤ ᠠᠵᠢᠯᠯᠠᠭ᠎ᠠ ᠪᠤᠯᠤᠨ᠎ᠠ᠃ ᠲᠤᠭᠠᠩ᠎ᠳᠠᠭᠠᠨ ᠬᠠᠳᠠᠭᠠᠯᠠᠵᠤ ᠪᠠᠢᠭ᠎ᠠ 2 ᠠᠯᠳᠠ ᠤᠷᠲᠤ᠌᠂ 1.5 ᠠᠯᠳᠠ ᠦᠷᠭᠡᠨ ᠮᠠᠢᠳᠠᠷ ᠪᠤᠷᠬᠠᠨ᠎ᠤ ᠲᠠᠩᠺᠠ ᠬᠦᠷᠦᠭ᠎ᠢ ᠳᠤᠭᠠᠩ᠎ᠤᠨ᠎ᠢᠶᠠᠨ ᠡᠮᠤᠨ᠎ᠡ ᠳᠡᠯᠭᠡᠬᠦ᠌᠎ᠶ᠋ᠢᠨ ᠬᠠᠮᠲᠤ ᠨᠤᠮ᠎ᠤᠨ ᠬᠤᠷᠠᠯ ᠬᠢᠵᠤ᠂ ᠯᠠᠮᠠ ᠨᠠᠷ ᠨᠤᠮ ᠤᠩᠱᠢᠨ᠂ ᠪᠤᠷᠬᠠᠨ ᠱᠠᠱᠢᠨ᠎ᠤ ᠬᠦᠭ᠌ᠵᠢᠮ ᠬᠠᠪᠰᠤᠷᠭᠠᠵᠤ᠂ ᠮᠦᠷᠭᠦᠯᠴᠢᠳ᠎ᠠᠴᠠ ᠪᠤᠷᠬᠠᠨᠳᠤ ᠮᠦᠷᠭᠦᠨ᠂ ᠬᠠᠳᠠᠭ᠂ ᠪᠠᠷᠢᠴᠠ ᠪᠠᠷᠢᠳᠠᠭ᠃ ᠪᠤᠷᠬᠠᠨ ᠳᠡᠯᠭᠡᠬᠦ᠌᠎ᠨᠢ ᠱᠢᠳᠦᠯᠭᠡᠳᠡᠳᠢ ᠪᠤᠷᠬᠠᠨᠳᠤ ᠪᠠᠷᠠᠳᠠᠭᠤᠯᠵᠤ᠂ ᠪᠡᠶ᠎ᠡ᠎ᠪᠠᠨ ᠠᠷᠢᠭᠤᠰᠭᠠᠨ᠂ ᠪᠤᠷᠬᠠᠨ ᠱᠠᠱᠢᠨ᠎ᠢ ᠬᠦᠭ᠌ᠵᠢᠭᠦᠯᠬᠦ᠌ ᠵᠣᠷᠢᠯᠭ᠎ᠠ᠎ᠲᠠᠢ ᠪᠦᠭᠡᠳ ᠪᠠᠰᠠ ᠤᠷᠲᠤ ᠬᠤᠭᠤᠴᠠᠭ᠎ᠠ᠎ᠪᠠᠷ ᠳᠤᠭᠠᠩ᠎ᠳᠤ ᠬᠠᠳᠠᠭᠠᠯᠡᠵᠤ ᠪᠠᠢᠭ᠎ᠠ ᠪᠤᠷᠬᠠᠨ᠎ᠤ ᠬᠦᠷᠦᠭ᠎ᠢ ᠨᠠᠷᠠ ᠰᠠᠯᠬᠢ ᠦᠵᠡᠭᠦᠯᠵᠤ᠂ ᠬᠤᠷᠣᠬᠠᠢᠲᠠᠬᠤᠠᠴᠠ ᠰᠡᠷᠭᠡᠢᠯᠡᠨ᠂ ᠪᠤᠷᠬᠠᠨ᠎ᠤ ᠲᠠᠩᠺᠠ ᠬᠦᠷᠦᠭ᠎ᠢ ᠬᠠᠮᠠᠭᠠᠯᠠᠬᠤ ᠦᠢᠯᠡᠳᠦᠯ ᠦᠵᠡᠭᠦᠯᠳᠡᠭ᠃
ᠴᠠᠮ ᠴᠠᠮᠨᠠᠬᠤ ᠪᠤᠶᠤ ᠴᠠᠮ ᠬᠠᠷᠠᠢᠬᠤ᠄ 《ᠴᠠᠮ》 ᠪᠤᠶᠤ 《ᠭᠠᠷᠴᠠᠮ》 ᠪᠤᠯ ᠲᠦᠪᠡᠳ ᠦᠭᠡ᠂ ᠮᠤᠩᠭᠤᠯ ᠦᠭᠡᠨ᠎ᠳᠤ ᠶᠠᠭ ᠲᠡᠷᠡ ᠬᠡᠪ᠎ᠢᠶᠠᠷ᠎ᠨᠢ ᠬᠡᠷᠡᠭ᠌ᠯᠡᠵᠦ᠍ ᠪᠤᠢ᠂ ᠲᠦᠪᠡᠳ ᠬᠡᠯᠡᠨ᠎ᠤ 《ᠴᠠᠮ》 ᠪᠤᠯ ᠵᠦᠪᠬᠡᠨ ᠬᠠᠷᠠᠢᠬᠤ ᠪᠤᠶᠤ ᠪᠦᠵᠢᠭ᠌ᠯᠡᠬᠦ᠌ ᠭᠡᠬᠦ᠌ ᠤᠳᠭ᠎ᠠ᠎ᠲᠠᠢ᠃ ᠴᠠᠮ ᠴᠠᠮᠨᠠᠬᠤ ᠪᠤᠯ ᠮᠦᠨ ᠴᠤ᠌ ᠴᠠᠬ᠍ᠯᠠᠰᠢ ᠦᠭᠡᠢ ᠰᠦᠮ᠎ᠡ᠎ᠶ᠋ᠢᠨ ᠨᠢᠭᠡᠨ ᠴᠢᠬᠤᠯᠠ ᠱᠠᠱᠢᠨ᠎ᠤ ᠠᠵᠢᠯᠯᠠᠭ᠎ᠠ ᠪᠤᠯᠤᠨ᠎ᠠ᠃ ᠭᠤᠤᠯᠳᠠᠭᠤ ᠴᠢᠳᠬᠦᠷ ᠱᠤᠯᠤᠮ ᠭᠠᠢ ᠪᠠᠷᠴᠢᠳ᠎ᠢ ᠳᠠᠷᠤᠬᠤ᠂ ᠮᠠᠭᠤ ᠮᠠᠭᠤᠬᠠᠢ ᠵᠦᠢᠯ᠎ᠢ ᠬᠤᠯᠠᠳᠠᠭᠤᠯᠬᠤ ᠵᠡᠷᠭᠡ ᠤᠳᠭ᠎ᠠ᠎ᠲᠠᠢ᠃ ᠵᠢᠯ ᠪᠦᠷᠢ᠎ᠶ᠋ᠢᠨ ᠪᠢᠯᠢᠭ᠎ᠤᠨ ᠤᠯᠠᠷᠢᠯ᠎ᠤᠨ ᠴᠠᠭᠠᠨ ᠰᠠᠷ᠎ᠠ ᠪᠠ ᠵᠢᠷᠭᠤᠭᠠᠨ ᠰᠠᠷ᠎ᠠ᠎ᠳᠤ ᠴᠠᠬ᠍ᠯᠠᠰᠢ ᠦᠭᠡᠢ ᠰᠦᠮ᠎ᠠ᠎ᠳᠤ ᠪᠦᠷ ᠬᠤᠶᠠᠷ ᠤᠳᠠᠭ᠎ᠠ᠎ᠶ᠋ᠢᠨ ᠶᠡᠭᠡ ᠬᠡᠪᠴᠢᠶᠡᠨ᠎ᠤ ᠴᠠᠮ ᠴᠠᠮᠨᠠᠬᠤ ᠠᠵᠢᠯᠯᠠᠭ᠎ᠠ ᠶᠠᠪᠤᠭ᠍ᠳᠠᠳᠠᠭ᠂ ᠴᠠᠮ ᠴᠠᠮᠨᠠᠬᠤ᠎ᠳᠠᠭᠠᠨ ᠯᠠᠮᠠ ᠨᠠᠷ ᠴᠠᠮ᠎ᠤᠨ ᠬᠤᠪᠴᠠᠰᠤ᠎ᠪᠠᠨ ᠡᠮᠦᠰᠴᠦ᠍᠂ ᠴᠢᠳᠬᠦᠷ ᠰᠠᠬᠢᠭᠤᠯᠰᠤᠨ᠂ ᠠᠷᠢᠶᠠᠲᠠᠨ ᠬᠦᠷᠦᠭᠡᠰᠦᠨ᠎ᠤ ᠪᠠᠭ ᠵᠡᠭᠦᠨ᠂ ᠲᠤᠰᠭᠠᠢ ᠲᠣᠮᠣ ᠪᠦᠷᠢᠶ᠎ᠡ᠂ ᠲᠣᠩ᠂ ᠴᠠᠩ ᠵᠡᠷᠭᠡ᠎ᠶ᠋ᠢ ᠬᠦᠭ᠌ᠵᠢᠮᠳᠡᠵᠤ ᠴᠠᠮᠨᠠᠳᠠᠭ᠃ ᠴᠠᠮ᠎ᠳᠤ ᠶᠡᠭᠡ᠂ ᠳᠤᠮᠳᠠ᠂ ᠪᠠᠭ᠎ᠠ ᠬᠡᠮᠵᠢᠶᠡᠨ᠎ᠤ ᠭᠤᠷᠪᠠᠨ ᠵᠦᠢᠯ ᠪᠠᠢᠵᠤ᠂ ᠶᠡᠭᠡ ᠬᠡᠮᠵᠢᠶᠡᠨ᠎ᠤ ᠴᠠᠮ᠎ᠳᠤ 300 ᠴᠠᠮᠴᠢ᠂ ᠳᠤᠮᠳᠠ ᠬᠡᠮᠵᠢᠶᠡᠨ᠎ᠤ ᠴᠠᠮ᠎ᠳᠤ 75 ᠴᠠᠮᠴᠢ᠂ ᠪᠠᠭ᠎ᠠ ᠬᠡᠮᠵᠢᠶᠡᠨ᠎ᠤ ᠴᠠᠮ᠎ᠳᠤ 10 ᠴᠠᠮᠴᠢ ᠪᠤᠶᠤ ᠵᠠᠷᠢᠮ᠎ᠳᠠᠭᠠᠨ ᠭᠠᠭ᠍ᠴᠠ ᠴᠠᠮᠴᠢ ᠤᠷᠤᠯᠴᠠᠬᠤ ᠲᠤᠬᠢᠶᠠᠯᠳᠤᠯ ᠴᠤ᠌ ᠪᠤᠢ᠃
ᠰᠤᠷ ᠬᠠᠶᠠᠬᠤ ᠪᠤᠶᠤ ᠰᠤᠷ ᠵᠠᠯᠠᠬᠤ᠄ 《ᠰᠤᠷ》 ᠭᠡᠵᠤ ᠲᠦᠪᠡᠳ ᠦᠭᠡ᠎ᠶ᠋ᠢᠨ ᠮᠤᠩᠭᠤᠯ ᠠᠪᠢᠶ᠎ᠡ᠎ᠪᠠᠷ ᠨᠡᠷᠡᠯᠡᠭ᠌ᠰᠡᠨ ᠦᠭᠡ᠂ ᠲᠡᠷᠡ᠎ᠨᠢ ᠬᠤᠪᠬᠠᠢ ᠶᠠᠰᠤᠨ᠎ᠤ ᠳᠦᠷᠢ᠎ᠲᠠᠢ᠃ ᠬᠤᠶᠠᠷ ᠲᠠᠯ᠎ᠠ᠎ᠳᠠᠭᠠᠨ ᠳᠦᠷᠪᠡ ᠲᠠᠪᠤᠨ ᠵᠦᠢᠯ᠎ᠤᠨ ᠦᠩᠭᠡ᠎ᠲᠠᠢ ᠴᠠᠭᠠᠰᠤ᠎ᠪᠠᠷ ᠤᠷᠠᠯᠠᠵᠤ ᠰᠠᠪᠠᠨ ᠳᠡᠭᠡᠷ᠎ᠡ ᠲᠤᠭ᠍ᠲᠠᠭᠠᠵᠤ ᠰᠠᠭᠤᠯᠭᠠᠳᠠᠭ᠂ ᠴᠦᠢᠷᠠᠵᠢᠯᠤᠨ ᠡᠭᠦᠳᠡᠨ᠎ᠠᠴᠠ ᠬᠢᠵᠤ ᠪᠠᠢᠭ᠎ᠠ ᠭᠦᠷᠢᠮ ᠪᠤᠶᠤ ᠱᠠᠱᠢᠨ᠎ᠤ ᠦᠢᠯᠡ ᠠᠵᠢᠯᠯᠠᠭ᠎ᠠ ᠪᠤᠯᠤᠨ᠎ᠠ᠃ ᠴᠦᠢᠷᠠᠵᠢᠯ ᠭᠡᠵᠤ ᠳᠤᠭ᠍ᠰᠢᠨ ᠰᠠᠬᠢᠭᠤᠯᠰᠤᠨ᠎ᠤ ᠨᠢᠭᠡ᠂ ᠮᠦᠨ ᠴᠤ᠌ ᠡᠷᠯᠢᠭ᠎ᠤᠨ ᠬᠠᠭᠠᠨ ᠬᠡᠮᠡᠨ ᠦᠵᠡᠳᠡᠭ᠃ ᠲᠡᠢᠮᠤ᠎ᠠᠴᠠ ᠰᠤᠷ ᠬᠠᠶᠠᠬᠤ ᠭᠡᠳᠡᠭ᠎ᠨᠢ ᠪᠤᠢ ᠪᠦᠬᠦᠢ ᠡᠪᠡᠳᠴᠢᠨ ᠲᠠᠬᠤᠯ᠂ ᠭᠠᠷ ᠪᠠᠷᠴᠢᠳ᠂ ᠮᠠᠭᠤ ᠮᠠᠭᠤᠬᠠᠢ ᠵᠦᠢᠯ᠎ᠢ ᠬᠠᠶᠠᠵᠤ ᠪᠠᠢᠭ᠎ᠠ ᠨᠢᠭᠡᠨ ᠵᠦᠢᠯ᠎ᠤᠨ ᠪᠤᠷᠬᠠᠨ ᠱᠠᠱᠢᠨ᠎ᠤ ᠠᠵᠢᠯᠯᠠᠭ᠎ᠠ ᠬᠡᠮᠡᠨ ᠤᠢ᠍ᠢᠯᠠᠭᠠᠵᠤ ᠪᠤᠯᠤᠨ᠎ᠠ᠃ ᠰᠤᠷ ᠬᠠᠶᠠᠬᠤ᠎ᠨᠢ ᠴᠤ᠌ ᠵᠢᠷᠭᠤᠭᠠᠨ ᠰᠠᠷ᠎ᠠ᠎ᠶ᠋ᠢᠨ ᠠᠷᠪᠠᠨ ᠲᠠᠪᠤᠨ ᠪᠠ ᠴᠠᠭᠠᠨ ᠰᠠᠷ᠎ᠠ᠎ᠶ᠋ᠢᠨ ᠠᠷᠪᠠᠨ ᠲᠠᠪᠤᠨ ᠭᠡᠵᠤ ᠵᠢᠯ᠎ᠳᠤ ᠬᠤᠶᠠᠷ ᠤᠳᠠᠭ᠎ᠠ ᠶᠠᠪᠤᠭ᠍ᠳᠠᠳᠠᠭ᠃
ᠤᠯᠤᠰ᠎ᠤᠨ 4A ᠳᠡᠰ᠎ᠤᠨ ᠵᠢᠭᠤᠯᠴᠢᠯᠠᠯ᠎ᠤᠨ ᠦᠵᠡᠮᠵᠢ᠎ᠶ᠋ᠢᠨ ᠤᠷᠤᠨ
ᠴᠠᠬ᠍ᠯᠠᠰᠢ ᠦᠭᠡᠢ ᠰᠦᠮ᠎ᠡ᠎ᠶ᠋ᠢᠨ ᠡᠮᠦᠨᠡᠬᠢ ᠠᠭᠤᠳᠠᠮ ᠲᠠᠯᠠᠪᠠᠢ᠎ᠶ᠋ᠢ ᠶᠡᠭᠡ ᠵᠤᠤ ᠠᠭᠤᠳᠠᠮ ᠲᠠᠯᠠᠪᠠᠢ ᠪᠤᠶᠤ ᠠᠯᠲᠠᠨ ᠬᠠᠭᠠᠨ᠎ᠤ ᠠᠭᠤᠳᠠᠮ ᠲᠠᠯᠠᠪᠠᠢ ᠭᠡᠳᠡᠭ᠃ ᠠᠭᠤᠳᠠᠮ ᠲᠠᠯᠠᠪᠠᠢ᠎ᠶ᠋ᠢᠨ ᠵᠡᠭᠦᠨ ᠲᠠᠯ᠎ᠠ᠎ᠳᠤ ᠨᠠᠷᠢᠯᠢᠭ ᠬᠢᠴᠡ᠎ᠲᠠᠢ ᠠᠭ᠍ᠲᠠ ᠬᠦᠯᠦᠭ᠂ ᠡᠷᠳᠡᠨᠢ᠎ᠶ᠋ᠢᠨ ᠵᠠᠭᠠᠨ᠂ ᠯᠤᠤ᠎ᠶ᠋ᠢᠨ ᠰᠡᠢᠯᠪᠦᠷᠢ᠎ᠪᠠᠷ ᠴᠢᠮᠡᠭ᠌ᠯᠡᠭᠡᠰᠦᠲᠠᠢ ᠬᠠᠭᠠᠨ ᠰᠠᠭᠤᠳᠠᠯ᠎ᠳᠠᠭᠠᠨ ᠵᠠᠯᠠᠷᠠᠵᠤ ᠪᠤᠢ ᠠᠯᠳᠠᠨ ᠬᠠᠭᠠᠨ᠎ᠤ ᠬᠦᠷᠡᠯ ᠱᠤᠭᠤᠮᠠᠯ ᠤᠨᠴᠠ᠎ᠶ᠋ᠢᠨ ᠲᠤᠳᠤ ᠬᠠᠷᠠᠭ᠍ᠳᠠᠳᠠᠭ᠃ ᠠᠯᠳᠠᠨ ᠬᠠᠭᠠᠨ ᠪᠤᠯ ᠴᠢᠩᠭᠢᠰ ᠬᠠᠭᠠᠨ᠎ᠤ ᠠᠷᠪᠠᠨ ᠳᠤᠯᠤᠳᠤᠭᠠᠷ ᠦᠶ᠎ᠠ᠎ᠶ᠋ᠢᠨ ᠤᠮᠪᠤᠯᠤ᠂ ᠮᠤᠩᠭᠤᠯ᠎ᠤᠨ ᠪᠠᠷᠠᠭᠤᠨ ᠭᠠᠷᠤᠨ ᠲᠦᠮᠡᠳ ᠲᠦᠮᠡᠨ᠎ᠤ ᠲᠡᠷᠢᠭᠦᠨ᠂ ᠭᠠᠷᠮᠠᠭᠠᠢ ᠤᠳᠤᠷᠢᠳᠤᠭ᠍ᠴᠢ ᠪᠤᠯᠤᠨ᠎ᠠ᠃
ᠠᠯᠲᠠᠨ ᠬᠠᠭᠠᠨ 1507 ᠤᠨ᠎ᠳᠤ ᠮᠡᠨᠳᠤᠯᠠᠵᠤ᠂ 1542 ᠤᠨ᠎ᠳᠤ ᠬᠠᠭᠠᠨ ᠤᠷᠤ ᠵᠠᠯᠭᠠᠮᠵᠢᠯᠠᠵᠤ ᠤᠷᠳᠤᠰ᠂ ᠲᠦᠮᠡᠳ ᠬᠢᠭᠡᠳ ᠶᠦᠩᠱᠢᠶᠡᠪᠦ᠌ ᠲᠦᠮᠡᠳᠢ ᠪᠠᠭ᠍ᠲᠠᠭᠠᠭ᠍ᠰᠠᠨ ᠭᠤᠷᠪᠠᠨ ᠲᠦᠮᠡ᠎ᠳᠤ᠎ᠶ᠋ᠢ ᠨᠤᠶᠠᠯᠠᠵᠤ ᠪᠠᠢᠵᠠᠢ᠃ ᠠᠯᠲᠠᠨ ᠬᠠᠭᠠᠨ᠎ᠤ ᠳᠡᠮᠵᠢᠯᠭᠡ᠎ᠪᠠᠷ ᠲᠦᠪᠡᠳ᠎ᠤᠨ ᠪᠤᠷᠬᠠᠨ ᠱᠠᠱᠢᠨ᠎ᠤ ᠭᠡᠯᠦᠭ᠌ᠪᠠ ᠪᠦᠯᠦᠭ᠂ ᠦᠭᠡᠷ᠎ᠡ᠎ᠪᠠᠷ ᠬᠡᠯᠡᠪᠡᠯ ᠱᠢᠷ᠎ᠠ᠎ᠶ᠋ᠢᠨ ᠱᠠᠱᠢᠨ᠎ᠤ ᠨᠤᠮᠯᠠᠯ ᠰᠤᠷᠭᠠᠯ ᠮᠤᠩᠭᠤᠯ ᠤᠷᠤᠨ᠎ᠳᠤ ᠤᠯᠠᠮᠵᠢᠯᠠᠭ᠍ᠳᠠᠨ ᠳᠡᠯᠭᠡᠷᠡᠭ᠌ᠰᠡᠨ ᠶᠤᠮ᠃
ᠠᠯᠲᠠᠨ ᠬᠠᠭᠠᠨ ᠲᠤᠬᠠᠢ᠎ᠶ᠋ᠢᠨ ᠦᠶ᠎ᠡ᠎ᠶ᠋ᠢᠨ ᠪᠤᠭᠤᠮᠲᠠ᠎ᠶ᠋ᠢᠨ ᠭᠠᠳᠠᠨᠠᠬᠢ ᠬᠦᠬᠡᠬᠤᠲᠠ᠎ᠳᠤ ᠠᠵᠤ ᠲᠦᠷᠦᠨ ᠠᠮᠢᠳᠤᠷᠠᠵᠤ ᠪᠠᠢᠭ᠎ᠠ ᠮᠤᠩᠭᠤᠯ ᠬᠢᠲᠠᠳ ᠵᠡᠷᠭᠡ ᠤᠯᠠᠨ ᠦᠨᠳᠦᠰᠦᠲᠡᠨ᠎ᠤ ᠡᠩᠬᠡ ᠲᠠᠢᠪᠤᠩ ᠠᠮᠤᠷ ᠲᠤᠭ᠍ᠲᠠᠭᠤᠨ ᠡᠶ᠎ᠡ ᠡᠪᠲᠠᠢ ᠪᠦᠯᠬᠦᠮᠳᠡᠯ᠎ᠲᠠᠢ᠎ᠪᠠᠷ ᠤᠷᠤᠱᠢᠨ ᠲᠤᠭ᠍ᠲᠠᠨᠢᠬᠤ᠂ ᠲᠡᠷᠡᠴᠢᠯᠡᠨ ᠬᠦᠬᠡᠬᠤᠲᠠ᠎ᠶ᠋ᠢᠨ ᠠᠵᠤ ᠠᠬᠤᠢ᠎ᠶ᠋ᠢ ᠬᠦᠭ᠌ᠵᠢᠭᠦᠯᠬᠦ᠌ ᠪᠠ ᠱᠠᠱᠢᠨ ᠰᠤᠷᠲᠠᠬᠤᠨ᠎ᠢ ᠳᠡᠯᠭᠡᠷᠡᠭᠦᠯᠬᠦ᠌᠎ᠳᠤ ᠴᠦᠮ ᠳᠤᠪᠤᠢᠮ᠎ᠠ ᠭᠠᠪᠢᠶ᠎ᠡ ᠪᠠᠢᠭᠤᠯᠤᠭ᠍ᠰᠠᠨ ᠪᠤᠯᠬᠤᠷ 2011 ᠤᠨ᠎ᠤ 9 ᠰᠠᠷ᠎ᠠ᠎ᠳᠤ ᠠᠵᠤ ᠠᠬᠤᠢ᠍ᠢᠯᠠᠯᠲᠠᠳᠠᠴᠠ ᠬᠠᠨᠳᠢᠪ᠎ᠢᠶᠠᠨ ᠡᠷᠭᠦᠵᠤ ᠠᠯᠲᠠᠨ ᠬᠠᠭᠠᠨ᠎ᠤ ᠬᠦᠷᠡᠯ ᠱᠤᠭᠤᠮᠠᠯ᠎ᠢ ᠪᠤᠰᠭᠠᠵᠠᠢ᠃
ᠶᠡᠭᠡ ᠵᠤᠤ᠎ᠶ᠋ᠢᠨ ᠠᠭᠤᠳᠠᠮ ᠲᠠᠯᠠᠪᠠᠢ᠎ᠶ᠋ᠢᠨ ᠡᠷᠬᠢᠨ ᠲᠤᠭᠤᠷᠢᠨ᠎ᠤ ᠪᠠᠷᠢᠯᠭ᠎ᠠ᠎ᠨᠢ ᠴᠦᠮ ᠰᠦᠮ᠎ᠡ᠎ᠶ᠋ᠢᠨ ᠪᠠᠷᠢᠯᠭ᠎ᠠ᠎ᠶ᠋ᠢᠨ ᠤᠨᠴᠠᠯᠢᠭ᠎ᠲᠠᠢ᠂ ᠠᠯᠲᠠᠨ ᠬᠠᠭᠠᠨ᠎ᠤ ᠱᠤᠭᠤᠮᠠᠯ᠎ᠢ ᠦᠩᠭᠡᠷᠡᠭᠡᠳ᠂ ᠰᠦᠮ᠎ᠡ᠎ᠶ᠋ᠢᠨ ᠡᠭᠦᠳᠡ᠎ᠪᠠᠷ ᠪᠠᠷᠠᠭᠤᠨᠱᠢᠯᠠᠪᠠᠯ 《ᠪᠤᠭᠤᠮᠲᠠᠨᠳᠠᠬᠢ ᠬᠠᠭᠤᠴᠢᠨ ᠵᠡᠭᠡᠯᠢ》 ᠭᠡᠰᠡᠨ ᠫᠠᠢᠰᠠ ᠬᠠᠷᠠᠭᠠᠨ᠎ᠳᠤ ᠲᠤᠳᠤᠷᠠᠨ᠎ᠠ᠃ ᠡᠨᠡ ᠵᠡᠭᠡᠯᠢ᠎ᠶ᠋ᠢᠨ ᠪᠦᠬᠦ᠌ ᠤᠷᠲᠤ᠎ᠨᠢ 380 ᠮᠧᠲᠷ᠂ ᠠᠩᠬ᠎ᠠ ᠮᠢᠩ ᠤᠯᠤᠰ᠎ᠤᠨ ᠸᠠᠨ ᠯᠢ᠎ᠶ᠋ᠢᠨ ᠦᠶ᠎ᠡ᠎ᠳᠤ ᠪᠠᠢᠭᠤᠯᠵᠤ᠂ ᠰᠡᠭᠦᠯᠡᠷ᠎ᠨᠢ ᠬᠦᠬᠡᠬᠤᠲᠠ᠎ᠶ᠋ᠢᠨ ᠵᠠᠰᠠᠭ᠎ᠤᠨ ᠣᠷᠳᠣᠨ ᠬᠤᠶᠠᠷ ᠵᠢᠯ᠎ᠤᠨ ᠴᠠᠭ ᠵᠠᠷᠤᠴᠠᠭᠤᠯᠵᠤ ᠪᠠᠢᠭᠠᠳ ᠲᠡᠦᠬᠡ ᠰᠣᠶᠣᠯ᠎ᠤᠨ ᠨᠠᠷᠠᠲᠤ ᠬᠤᠲᠠ᠎ᠶ᠋ᠢᠨ ᠬᠢᠯᠠᠰ ᠴᠡᠭ᠎ᠢ ᠬᠠᠷᠠᠭᠤᠯᠤᠭ᠍ᠰᠠᠨ ᠵᠡᠭᠡᠯᠢ ᠭᠤᠳᠤᠮᠵᠢ ᠪᠤᠯᠭᠠᠨ ᠵᠠᠰᠠᠨ ᠱᠢᠨᠡᠳᠭᠡᠪᠡ᠃ ᠡᠨᠡ ᠬᠦ᠌ ᠵᠡᠭᠡᠯᠢ᠎ᠶ᠋ᠢᠨ ᠪᠦᠬᠦ᠌ ᠪᠠᠷᠢᠯᠭ᠎ᠠ᠎ᠶ᠋ᠢᠨ ᠬᠡᠪ ᠨᠠᠮᠪᠠ᠎ᠨᠢ ᠴᠦᠮ ᠮᠢᠩ ᠴᠢᠩ ᠤᠯᠤᠰ᠎ᠤᠨ ᠦᠶ᠎ᠡ᠎ᠶ᠋ᠢᠨ ᠪᠠᠷᠢᠯᠭ᠎ᠠ᠎ᠶ᠋ᠢᠨ ᠤᠨᠴᠠᠯᠢᠭ᠎ᠢ ᠭᠦᠢᠴᠡᠳ ᠬᠠᠳᠠᠭᠠᠯᠠᠵᠤ᠂ ᠬᠤᠵᠢᠮ᠎ᠨᠢ ᠬᠦᠮᠦᠰ᠎ᠲᠤ ᠬᠦᠬᠡᠬᠤᠲᠠ᠎ᠶ᠋ᠢᠨ ᠬᠠᠭᠤᠴᠢᠨ ᠲᠦᠷᠢ ᠳᠦᠷᠬᠦ᠌᠎ᠶ᠋ᠢ ᠬᠠᠷᠠᠭᠤᠯᠤᠭ᠍ᠰᠠᠨ ᠵᠡᠭᠡᠯᠢ ᠬᠡᠮᠡᠨ ᠨᠡᠷᠡᠢᠳᠦᠭ᠌ᠳᠡᠳᠡᠭ ᠪᠤᠯᠵᠠᠢ᠃ ᠠᠳᠡ ᠬᠠᠭᠤᠴᠢᠨ ᠬᠤᠲᠠ᠎ᠲᠠᠢ ᠵᠤᠬᠢᠴᠠᠭ᠍ᠰᠠᠨ ᠬᠠᠭᠤᠴᠢᠨ᠎ᠤ ᠡᠳ᠋ᠯᠡᠯ ᠬᠡᠷᠡᠭ᠌ᠰᠡᠯ᠂ ᠦᠨᠳᠦᠰᠦᠲᠡᠨ᠎ᠤ ᠵᠠᠩ ᠦᠢᠯᠡ᠎ᠶ᠋ᠢᠨ ᠪᠦᠲᠦᠬᠡᠭ᠌ᠳᠡᠬᠦᠨ᠂ ᠠᠯᠲᠠ ᠮᠦᠩᠭᠦ᠌ ᠠᠷᠠᠰᠤ ᠱᠢᠷᠢ᠎ᠶ᠋ᠢᠨ ᠭᠠᠷ ᠤᠷᠠᠯᠠᠯ᠎ᠤᠨ ᠪᠦᠲᠦᠭᠡᠭ᠌ᠳᠡᠬᠦᠨ ᠵᠢᠴᠢ ᠨᠤᠲᠤᠭ᠎ᠤᠨ ᠭᠠᠷᠤᠯᠲᠠ᠎ᠶ᠋ᠢᠨ ᠳᠡᠯᠭᠡᠭᠦᠷ᠎ᠤᠳ ᠶᠡᠬᠡᠩᠬᠢ ᠲᠤᠭ᠎ᠠ᠎ᠶ᠋ᠢ ᠡᠵᠡᠯᠡᠵᠤ᠂ ᠠᠮᠳᠠᠳᠤ ᠬᠤᠭᠤᠯᠠ᠂ ᠤᠯᠠᠮᠵᠢᠯᠠᠯᠳᠤ ᠰᠤᠶᠤᠯ ᠵᠡᠷᠭᠡ᠎ᠨᠢ ᠴᠤ᠌ ᠬᠤᠯᠠ ᠤᠢ᠍ᠢᠷ᠎ᠠ᠎ᠶ᠋ᠢᠨ ᠵᠢᠭᠤᠯᠴᠢᠯᠠᠭ᠍ᠰᠠᠳ᠎ᠤᠨ ᠠᠩᠬᠠᠷᠤᠯ ᠰᠤᠨᠢᠷᠬᠠᠯ᠎ᠢ ᠲᠠᠲᠠᠳᠠᠭ ᠴᠢᠬᠤᠯᠠ ᠨᠢᠭᠡᠨ ᠭᠠᠵᠠᠷ ᠪᠤᠯᠵᠠᠢ᠃
ᠦᠪ ᠵᠤᠵᠠᠭᠠᠨ ᠰᠤᠶᠤᠯ ᠲᠡᠦᠭᠡ᠂ ᠡᠳᠡᠭᠡᠳ ᠤᠨᠴᠠᠯᠢᠬ᠍ᠳᠤ ᠪᠠᠷᠢᠯᠭ᠎ᠠ ᠱᠤᠭᠤᠮᠠᠯ᠂ ᠦᠪᠡᠷᠮᠢᠴᠠ ᠰᠡᠪᠡᠬᠦᠨ ᠵᠡᠭᠡᠯᠢ ᠭᠤᠳᠤᠮᠵᠢ᠂ ᠡᠷᠳᠡᠨ ᠡᠳᠦᠭᠡ᠎ᠶ᠋ᠢ ᠬᠦᠦᠷᠨᠢᠭ᠌ᠰᠡᠨ ᠠᠭᠤᠳᠠᠮ ᠲᠠᠯᠠᠪᠠᠢ᠎ᠲᠠᠢ᠎ᠪᠠᠨ ᠨᠡᠢᠯᠡᠭᠡᠳ ᠬᠦᠬᠡᠬᠤᠲᠠ᠎ᠶ᠋ᠢᠨ ᠴᠠᠬ᠍ᠯᠠᠰᠢ ᠦᠭᠡᠢ ᠰᠦᠮ᠎ᠡ ᠤᠯᠤᠰ᠎ᠤᠨ ᠳᠡᠰ᠎ᠤᠨ ᠭᠤᠤᠯᠳᠠᠯᠭ᠎ᠠ᠎ᠲᠠᠢ ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ ᠬᠠᠮᠠᠭᠠᠯᠠᠬᠤ ᠨᠢᠭᠡᠴᠢ᠂ ᠤᠯᠤᠰ᠎ᠤᠨ 4A ᠳᠡᠰ᠎ᠤᠨ ᠵᠢᠭᠤᠯᠴᠢᠯᠠᠯ᠎ᠤᠨ ᠦᠵᠡᠮᠵᠢ᠎ᠶ᠋ᠢᠨ ᠤᠷᠤᠨ᠎ᠢᠶᠠᠷ ᠲᠤᠭ᠍ᠲᠠᠭᠠᠭ᠍ᠳᠠᠵᠤ᠂ ᠦᠨᠢ ᠤᠯᠠᠨ ᠵᠢᠭᠤᠯᠴᠢᠯᠠᠭ᠍ᠰᠠᠳ᠎ᠢᠶᠠᠨ ᠤᠭ᠍ᠳᠤᠨ ᠪᠠᠶᠠᠷᠬᠠᠵᠦ᠍᠂ ᠦᠨᠳᠦᠰᠦᠳᠡᠨ᠎ᠤ ᠪᠦᠯᠬᠦᠮᠳᠡᠯ᠂ ᠤᠷᠤᠨ ᠨᠤᠲᠤᠭ᠎ᠤᠨ ᠬᠦᠭ᠌ᠵᠢᠯᠳᠡ᠂ ᠤᠮᠠᠷᠠᠳᠤ ᠬᠢᠯᠢ᠎ᠶ᠋ᠢᠨ ᠲᠤᠭ᠍ᠳᠠᠭᠤᠨ ᠲᠠᠢᠪᠤᠩ᠎ᠳᠤ ᠬᠦᠴᠦᠨ ᠨᠡᠮᠡᠷᠢᠯᠡᠨ ᠰᠦᠨᠳᠡᠷᠯᠡᠨ᠎ᠠ᠃

ᠪᠤᠭᠤᠮᠲᠠᠨᠳᠠᠬᠢ ᠬᠠᠭᠤᠴᠢᠨ ᠵᠡᠭᠡᠯᠢ

ᠬᠤᠶᠠᠷ ᠬᠡᠮᠵᠢᠯᠲᠦ ᠺᠤᠳ᠋᠎ᠢ ᠱᠢᠷᠪᠢᠵᠦ᠍ ᠸᠢᠳᠢᠤ᠋ ᠮᠡᠳᠡᠭᠡᠯᠡᠯ᠎ᠢ ᠰᠤᠨᠢᠷᠬᠠᠭᠠᠷᠠᠢ!