ᠵᠦᠬᠡᠯᠡᠨ ᠬᠤᠷ᠎ᠠ ᠱᠢᠪᠡᠷᠡᠨ᠂ ᠵᠦᠢᠯ᠎ᠤᠨ ᠴᠡᠴᠡᠭᠡᠰ ᠮᠢᠷᠠᠯᠵᠠᠨ ᠲᠡᠯᠬᠡᠷᠡᠭ᠌ᠰᠡᠨ 8 ᠰᠠᠷ᠎ᠡ᠎ᠳᠤ ᠪᠢ ᠬᠤᠱᠢᠭᠤᠨ ᠲᠦᠪ ᠪᠠᠯᠭᠠᠷᠭᠤᠤᠯ ᠪᠠᠯᠭᠠᠰᠣᠨ᠎ᠠᠴᠠ ᠭᠠᠷᠴᠦ᠍ ᠪᠠᠷᠠᠭᠤᠨ ᠦᠵᠦᠮᠦᠴᠢᠨ ᠬᠤᠱᠢᠭᠤᠨ᠎ᠤ ᠣᠯᠠᠭᠠᠨ ᠬᠠᠭᠠᠯᠭ᠎ᠠ ᠰᠣᠮᠣᠨ᠎ᠤ ᠠᠷᠣᠬᠤᠱᠢᠭᠤ ᠭᠠᠴᠠᠭᠠᠨ᠎ᠤ ᠠᠢᠯ ᠣᠯᠠᠨ᠎ᠳᠠᠭᠠᠨ ᠠᠵᠢᠯᠴᠢ ᠪᠦᠰᠡᠬᠦᠢ ᠠᠬᠠᠮᠠᠳ ᠨᠠᠰᠣᠳᠠᠨ᠎ᠳᠠᠭᠠᠨ ᠠᠴᠢᠯᠠᠯᠳᠤ ᠪᠡᠷᠢ ᠬᠡᠵᠤ ᠠᠯᠳᠠᠷᠱᠢᠭ᠍ᠰᠠᠨ ᠠᠢᠮᠠᠭ᠎ᠤᠨ ᠲᠡᠰ᠎ᠤᠨ 《ᠬᠠᠮᠤᠭ ᠭᠤᠶᠤ ᠬᠡᠷ ᠪᠦᠯᠢ》 ᠶ᠋ᠢᠨ ᠴᠣᠯᠠ ᠬᠦᠷᠳᠡᠭ᠌ᠰᠡᠨ ᠮᠠᠯᠴᠢᠨ ᠪᠦᠰᠡᠬᠦᠢ ᠽᠠᠨᠳᠠᠨᠢ ᠰᠣᠷᠪᠤᠯᠵᠢᠯᠠᠬᠤ᠎ᠪᠠᠷ ᠠᠷᠣᠬᠤᠱᠢᠭᠤ ᠭᠠᠴᠠᠭ᠎ᠠ᠎ᠳᠤ ᠬᠦᠷᠦᠯ᠎ᠡ᠃
《ᠦᠬᠡᠳᠡᠯᠡᠬᠦ᠌ ᠠᠢᠯ᠎ᠤᠨ ᠦᠬᠡ᠎ᠨᠢ ᠨᠢᠬᠡ᠂ ᠦᠰᠭᠦ ᠮᠠᠯ᠎ᠤᠨ ᠵᠢᠰᠣᠮ᠎ᠨᠢ ᠨᠢᠬᠡ》 ᠬᠡᠳᠡᠭ᠎ᠢᠶᠠᠷ ᠨᠢᠬᠡ ᠯᠡ ᠵᠢᠰᠣᠮ᠎ᠤᠨ ᠱᠢᠮᠧᠨ᠋ᠳᠡᠷ ᠣᠯᠠᠭᠠᠨ ᠠᠯᠠᠭ ᠲᠤᠭᠤᠯ᠎ᠤᠳ ᠡᠬᠡ᠎ᠪᠠᠨ ᠬᠦᠬᠡᠰᠦ ᠰᠠᠪᠰᠠᠭᠤᠯᠤᠨ ᠬᠦᠬᠦᠨᠡ᠃ ᠪᠢ ᠬᠡᠷ᠎ᠤᠨ ᠬᠢᠨᠢ ᠣᠷᠴᠢᠨ ᠲᠤᠭᠤᠷᠢᠨ᠎ᠢ ᠠᠵᠢᠠᠠᠯᠠᠪᠠᠯ᠂ ᠲᠤᠬᠢᠯᠢᠭ ᠰᠠᠢᠬᠠᠨ ᠪᠠᠢᠱᠢᠩ᠎ᠤᠳ᠂ ᠵᠢᠭ᠌ᠳᠡ ᠰᠠᠢᠬᠠᠨ ᠫᠧᠩ ᠬᠤᠷᠤᠭᠠᠨᠤᠭᠤᠳ ᠡᠮᠬᠢ ᠴᠡᠭ᠌ᠴᠨᠲᠠᠢ ᠪᠠᠢᠷᠢᠯᠠᠵᠤ᠂ ᠠᠵᠢᠯᠰᠠᠭ ᠠᠢᠯ᠎ᠤᠨ ᠲᠦᠷᠢ ᠲᠦᠷᠬᠦ᠌ ᠨᠢᠳᠣᠨ᠎ᠳᠤ ᠢᠯᠡᠬᠡᠨ ᠬᠠᠷᠠᠬ᠍ᠳᠠᠨᠡ ᠪᠢᠯᠨ᠃
ᠽᠠᠨᠳᠠᠨ 2003 ᠣᠨ᠎ᠳᠤ ᠲᠣᠰ ᠬᠤᠱᠢᠭᠤᠨ᠎ᠤ ᠪᠠᠶᠠᠨᠬᠤᠸᠠ ᠪᠠᠯᠭᠠᠰᠣᠨ᠎ᠤ ᠡᠷᠳᠡᠨᠢᠪᠤᠯᠠᠭ ᠭᠠᠴᠠᠭᠠᠨ᠎ᠠᠴᠠ ᠠᠷᠤᠬᠤᠱᠢᠭᠤ ᠭᠠᠴᠠᠭᠠᠨ᠎ᠤ ᠮᠠᠯᠴᠢᠨ ᠵᠠᠯᠠᠭᠤ ᠰᠣᠶᠣᠯᠳᠣ᠎ᠲᠠᠢ ᠣᠷᠤᠭ ᠪᠠᠷᠢᠯᠳᠤᠵᠤ᠂ ᠠᠢᠯ᠎ᠤᠨ ᠤᠤᠭᠠᠨ ᠬᠦᠦ᠎ᠲᠠᠢ᠎ᠨᠢ ᠤᠷᠤᠭ᠍ᠯᠠᠭ᠍ᠰᠠᠨ ᠪᠤᠯᠬᠤᠷ ᠠᠰᠳᠠᠭᠠᠨ ᠠᠢᠯ ᠡᠷᠦᠭᠡ ᠪᠤᠰᠭᠠᠵᠠᠢ᠃ ᠠᠩᠬ᠎ᠠ ᠠᠢᠯ ᠡᠷᠦᠭᠡ ᠪᠤᠰᠭᠠᠬᠤ᠎ᠳᠤ ᠲᠦᠷᠭᠦᠮ ᠪᠤᠯᠤᠨ ᠬᠠᠳᠠᠮ᠎ᠤᠨ ᠬᠤᠶᠠᠷ ᠲᠠᠯ᠎ᠠ᠎ᠶ᠋ᠢᠨ ᠦᠭ᠌ᠭᠦᠭ᠌ᠰᠡᠨ 100 ᠱᠢᠬᠠᠮ ᠪᠤᠭ ᠮᠠᠯ᠂ 10 ᠭᠠᠷᠣᠢ ᠪᠤᠳᠠ ᠮᠠᠯ ᠨᠢᠮᠪᠠᠢ ᠰᠠᠢᠬᠠᠨ ᠠᠷᠠᠴᠢᠯᠠᠨ ᠮᠠᠯᠵᠢᠵᠤ᠂ ᠠᠵᠢᠯᠴᠢ ᠠᠷᠪᠢᠴᠢ᠎ᠪᠠᠷ ᠠᠮᠢᠳᠣᠷᠠᠬ᠍ᠰᠠᠨᠠᠴᠠ ᠮᠠᠯ ᠰᠦᠷᠦᠭ᠎ᠨᠢ ᠬᠡᠳᠦᠨ ᠵᠢᠯ ᠲᠠᠷᠠᠭᠠᠯᠠᠨ ᠦᠨᠢᠷ ᠦᠰᠴᠠᠢ᠃ 2010 ᠤᠨ᠎ᠳᠤ ᠨᠦᠬᠦᠷ ᠰᠣᠶᠣᠯᠳᠣ᠎ᠨᠢ ᠮᠠᠯᠴᠢᠨ ᠲᠦᠮᠡᠨ᠎ᠤ ᠬᠦᠰᠡᠯ ᠨᠠᠢᠳᠠᠯᠭ᠎ᠠ᠎ᠪᠠᠷ ᠭᠠᠴᠠᠭᠠᠨ᠎ᠤ ᠨᠠᠮ᠎ᠤᠨ ᠡᠬᠦᠷ᠎ᠤᠨ ᠱᠦᠵᠢ᠎ᠶ᠋ᠢᠨ ᠲᠤᠱᠢᠶᠡᠯᠢ ᠬᠠᠷᠢᠭᠤᠴᠠᠭ᠍ᠰᠠᠨ᠎ᠠᠴᠠ ᠡᠷᠦᠬᠡ ᠬᠡᠷ᠎ᠤᠨ ᠬᠦᠨᠳᠦ ᠠᠵᠢᠯ᠎ᠢ ᠽᠠᠨᠳᠠᠨ ᠭᠤᠤᠯᠴᠠᠭᠤ ᠡᠭᠦᠷᠭᠡᠯᠡᠵᠡᠢ᠃
ᠽᠠᠨᠳᠠᠨ ᠠᠷᠪᠠ ᠭᠠᠷᠣᠢ ᠵᠢᠯ᠎ᠤᠨ ᠲᠣᠷᠰᠢ ᠵᠢᠯ᠎ᠤᠨ ᠲᠦᠷᠪᠡᠨ ᠣᠯᠠᠷᠢᠯ᠎ᠳᠤ ᠬᠤᠨᠢ ᠬᠠᠷᠢᠭᠤᠯᠬᠤ᠂ ᠲᠦᠯ ᠲᠣᠰᠭᠤ᠂ ᠨᠣᠣᠰᠣ ᠬᠤᠷᠢᠶᠠᠬᠤ᠂ ᠬᠠᠳᠣᠯᠠᠩ᠎ᠳᠤ ᠭᠠᠷᠬᠤ᠂ ᠦᠬᠡᠷ ᠬᠤᠨᠢᠨ᠎ᠤ ᠬᠡᠪᠳᠡᠷᠢ᠎ᠶ᠋ᠢ ᠴᠡᠪᠡᠷᠯᠡᠨ ᠲᠤᠯᠠᠭᠠᠯᠠᠬᠤ᠂ ᠮᠠᠯ᠎ᠢᠶᠠᠨ ᠲᠡᠵᠢᠬᠡᠵᠤ ᠪᠣᠷᠳᠣᠬᠤ ᠵᠡᠷᠬᠡ ᠣᠯᠠᠨ ᠵᠦᠢᠯ᠎ᠤᠨ ᠠᠵᠢᠯ᠎ᠳᠠᠭᠠᠨ ᠭᠠᠪᠱᠢᠭᠠᠢᠯᠠᠨ ᠠᠢᠯ ᠬᠡᠷ᠎ᠤᠨ ᠠᠵᠤ ᠠᠮᠢᠳᠣᠷᠠᠯ᠎ᠢᠶᠠᠨ ᠭᠠᠢᠭᠤᠢ ᠰᠠᠢᠨ ᠠᠮᠵᠢᠭᠤᠯᠵᠤ᠂ ᠣᠷᠣᠯᠭ᠎ᠠ᠎ᠨᠢ ᠢᠯᠡᠤᠡᠳᠡ ᠨᠡᠮᠡᠭ᠌ᠳᠡᠵᠡᠢ᠃
2020 ᠤᠨ᠎ᠳᠤ ᠪᠦᠬᠦ᠌ ᠭᠡᠷ᠎ᠤᠨ ᠣᠷᠣᠯᠭ᠎ᠠ᠎ᠨᠢ 40 ᠭᠠᠷᠣᠢ ᠲᠦᠮᠡᠨ ᠲᠦᠬᠦᠷᠢᠭ᠎ᠲᠤ ᠬᠦᠷᠴᠦ᠍᠂ ᠬᠦᠮᠦᠨ ᠲᠤᠮᠳᠠᠴᠢ ᠴᠡᠪᠡᠷ ᠣᠷᠣᠯᠭ᠎ᠠ᠎ᠨᠢ 7 ᠲᠦᠮᠡᠨ ᠲᠦᠬᠦᠷᠢᠭ ᠨᠣᠭ᠍ᠳᠠᠵᠠᠢ᠃ 2021 ᠤᠨ᠎ᠤ ᠨᠡᠢᠳᠡᠮ ᠪᠠᠢᠴᠠᠭᠠᠯᠳᠠ᠎ᠳᠤ᠂ ᠡᠳᠡᠨ᠎ᠤ᠎ᠬᠢᠨ 120 ᠦᠬᠡᠷ᠂ 40 ᠠᠳᠣᠭᠤ᠂ 300 ᠭᠠᠷᠣᠢ ᠬᠤᠨᠢ ᠪᠦᠷᠢᠳᠭᠡᠭᠦᠯᠵᠦ᠍᠂ ᠠᠩᠬ᠎ᠠ ᠠᠢᠯ ᠪᠤᠯᠬᠤ ᠦᠶ᠎ᠡ᠎ᠠᠴᠠ᠎ᠪᠠᠨ ᠬᠡᠳᠦᠨ ᠲᠠᠬᠢᠨ ᠨᠡᠮᠡᠭ᠌ᠳᠡᠪᠡ᠃
ᠣᠷᠴᠢᠮ᠎ᠤᠨ ᠬᠡᠳᠦᠨ ᠵᠢᠯ᠎ᠤᠨ ᠲᠣᠳᠣᠷ᠎ᠠ ᠽᠠᠨᠳᠠᠨᠤᠬᠢᠨ 4 ᠱᠢᠮᠧᠨ᠋ᠳᠡᠷ ᠪᠤᠬ᠎ᠠ ᠬᠤᠳᠠᠯᠳᠣᠨ ᠠᠪᠴᠤ᠌᠂ ᠦᠬᠡᠷ᠎ᠤᠨ ᠰᠦᠷᠦᠭ᠎ᠤᠨ᠎ᠢᠶᠠᠨ ᠡᠬᠦᠯᠳᠡᠷ᠎ᠢ ᠰᠠᠢᠵᠢᠷᠠᠭᠤᠯᠤᠨ᠂ ᠱᠢᠯᠢᠳᠡᠭ ᠡᠬᠦᠯᠳᠡᠷ᠎ᠤᠨ ᠦᠵᠦᠮᠦᠴᠢᠨ ᠬᠤᠴᠠ ᠤᠷᠤᠭᠤᠯᠵᠤ᠂ ᠬᠤᠨᠢᠨ᠎ᠤ ᠡᠬᠦᠯᠳᠡᠷ ᠣᠭ᠍ᠰᠠᠭᠠᠶ᠋ᠢ ᠰᠠᠢᠵᠢᠷᠠᠭᠤᠯᠤᠭ᠍ᠰᠠᠨ ᠪᠦᠬᠡᠳ ᠬᠤᠨᠢ᠎ᠪᠠᠨ ᠴᠦᠬᠡᠴᠢᠯᠡᠵᠤ᠂ ᠦᠬᠡᠷ᠎ᠢ ᠦᠷᠡᠵᠢᠬᠦᠯᠦᠨ᠂ ᠨᠤᠲᠤᠭ ᠪᠡᠯᠴᠢᠬᠡᠷ᠎ᠢᠶᠠᠨ ᠬᠠᠮᠠᠭᠠᠯᠠᠬᠤ᠎ᠶ᠋ᠢ ᠲᠡᠷᠢᠬᠦᠨ᠎ᠳᠤ ᠲᠠᠯᠪᠢᠵᠠᠢ᠃ 900 ᠲᠡᠭ᠌ᠰᠢ ᠲᠦᠷᠪᠡᠯᠵᠢᠨ ᠮᠧᠲᠷ ᠣᠯᠠᠨ ᠬᠡᠷᠡᠭ᠌ᠴᠡᠬᠡᠳᠦ ᠮᠠᠯ᠎ᠤᠨ ᠲᠤᠯᠠᠭᠠᠨ ᠫᠧᠩ ᠪᠠᠷᠢᠵᠤ᠂ 2 ᠮᠠᠱᠢᠨ ᠬᠤᠤᠡᠳᠤᠭ ᠮᠠᠯᠳᠠᠭᠤᠯᠵᠤ᠂ ᠶᠡᠭᠡ ᠲᠷᠠᠺᠲ᠋ᠣᠷ 1᠂ ᠬᠤᠣᠰ ᠬᠢᠳᠤᠭ᠎ᠠ᠎ᠲᠠᠢ ᠡᠪᠡᠰᠦ ᠬᠠᠳᠣᠬᠤ ᠮᠠᠱᠢᠨ 2᠂ ᠬᠠᠮᠤᠬᠤ ᠮᠠᠱᠢᠨ 1᠂ ᠱᠢᠷᠣᠢ ᠴᠠᠰᠣ ᠠᠷᠢᠯᠭᠠᠬᠤ ᠮᠠᠱᠢᠨ 1᠂ ᠲᠡᠬᠡᠬᠡᠪᠦᠷᠢ᠎ᠶ᠋ᠢᠨ ᠮᠠᠱᠢᠨ 1᠂ ᠰᠠᠭᠤᠳᠠᠯ᠎ᠤᠨ ᠮᠠᠱᠢᠨ ᠵᠡᠷᠬᠡ᠎ᠶ᠋ᠢ ᠢᠵᠢ ᠪᠦᠷᠢᠳᠦᠭᠦᠯᠵᠡᠢ᠃
ᠽᠠᠨᠳᠠᠨ᠄ 《ᠮᠠᠯ ᠮᠠᠯᠵᠢᠬᠤ᠎ᠳᠤ ᠡᠪᠡᠤᠡᠴᠢᠨ ᠬᠡᠮ᠎ᠢ ᠰᠡᠷᠬᠡᠢᠯᠡᠬᠦ᠂ ᠡᠪᠡᠰᠦ ᠪᠣᠷᠳᠣᠭᠤᠷ᠎ᠢ ᠬᠦᠷᠦᠯᠴᠡᠬᠦᠱᠢᠳᠡᠢ ᠪᠡᠯᠡᠤᠡᠭᠡᠬᠦ᠌ ᠮᠠᠰᠢ ᠴᠢᠬᠤᠯᠠ᠃ ᠮᠠᠨ᠎ᠤ᠎ᠬᠢ ᠪᠣᠯ ᠶᠢᠰᠦ᠎ᠶ᠋ᠢᠨ ᠭᠦᠢᠳᠡᠨ᠎ᠠᠴᠠ ᠡᠬᠢᠯᠡᠨ ᠬᠡᠬᠡᠯ᠎ᠲᠠᠢ ᠦᠨᠢᠶᠡᠳ᠎ᠢᠶᠠᠨ ᠲᠤᠭᠤᠯᠳᠠᠯ᠎ᠠ᠎ᠨᠢ ᠨᠠᠷᠢᠯᠢᠭ ᠪᠣᠷᠳᠣᠭᠤᠷ᠎ᠢᠶᠠᠷ ᠲᠡᠵᠢᠬᠡᠳᠡᠭ᠂ ᠡᠬᠦᠨ᠎ᠤ ᠬᠠᠮᠳᠣ ᠦᠨᠢᠶ᠎ᠡ ᠳᠤᠭᠤᠯᠯᠠᠬ᠍ᠰᠠᠨᠤ ᠳᠠᠷᠠᠭ᠎ᠠ ᠦᠷᠭᠦᠯᠵᠢᠯᠡᠨ ᠳᠤᠰᠭᠠᠢ ᠨᠠᠷᠢᠯᠢᠭ ᠪᠤᠷᠳᠤᠭᠤᠷ᠎ᠢᠶᠠᠷ ᠳᠡᠵᠢᠭᠡᠪᠡᠯ ᠦᠨᠢᠶᠡᠨ᠎ᠤ ᠬᠡᠬᠡᠯ ᠲᠤᠬ᠍ᠳᠠᠬᠤ ᠨᠤᠷᠮ᠎ᠠ᠎ᠶ᠋ᠢ ᠳᠡᠭᠡᠭ᠌ᠰᠢᠯᠡᠭᠦᠯᠤᠨ᠎ᠠ ᠱᠢᠤ》 ᠭᠡᠵᠤ ᠳᠤᠷᠱᠢᠯᠭ᠎ᠠ᠎ᠪᠠᠨ ᠶᠠᠷᠢᠵᠤ ᠭᠠᠷᠤᠯ᠎ᠡ᠃
ᠽᠠᠨᠳᠠᠨ ᠨᠦᠬᠦᠷ᠎ᠲᠠᠢ᠎ᠪᠠᠨ ᠬᠤᠶᠠᠭᠤᠯᠠ ᠮᠠᠯ ᠰᠦᠷᠦᠭ᠎ᠤᠨ᠎ᠢᠶᠠᠨ ᠡᠭᠦᠯᠳᠡᠷ᠎ᠢ ᠰᠠᠢᠵᠢᠷᠠᠭᠤᠯᠤᠨ᠂ ᠨᠤᠳᠤᠭ ᠪᠡᠯᠴᠢᠭᠡᠷ᠎ᠢᠶᠠᠨ ᠬᠠᠮᠠᠭᠠᠯᠠᠨ ᠳᠤᠤᠷᠯᠠᠵᠤ᠂ ᠮᠠᠯ ᠮᠠᠯᠵᠢᠬ᠍ᠰᠠᠨᠢᠶᠠᠷ ᠠᠢᠯ ᠭᠡᠷ᠎ᠤᠨ ᠠᠵᠤ ᠠᠮᠢᠳᠤᠷᠠᠯ᠎ᠨᠢ ᠪᠠᠶᠠᠵᠢᠨ ᠴᠢᠨᠡᠭᠡᠯᠢᠭ᠌ᠵᠢᠵᠠᠢ᠃ ᠤᠳᠤ ᠰᠠᠷᠠᠭᠤᠯ ᠳᠤᠬᠢᠯᠢᠭ ᠭᠤᠷᠪᠠᠨ ᠳᠠᠰᠤᠯᠭ᠎ᠠ ᠸᠠᠭᠠᠷ ᠳᠤᠭᠤᠰᠭᠠᠨ ᠪᠠᠢᠱᠢᠩ ᠪᠤᠯᠤᠨ ᠳᠡᠷᠭᠡᠨ ᠬᠦᠮᠦᠷᠭᠡ᠎ᠲᠠᠢ ᠪᠤᠯᠵᠤ᠂ ᠪᠠᠢᠩᠭᠤ᠎ᠶ᠋ᠢᠨ ᠴᠠᠬᠢᠯᠭᠠᠨ ᠪᠤᠯᠤᠨ ᠰᠦᠯᠵᠢᠶ᠎ᠡ ᠨᠠᠪᠳᠡᠷᠡᠵᠦ᠍᠂ ᠲᠧᠯᠸᠢᠰ ᠵᠡᠷᠭᠡ ᠴᠠᠬᠢᠯᠭᠠᠨ ᠭᠡᠷᠡᠭ᠌ᠰᠡᠯ ᠪᠠ ᠱᠢᠨ᠎ᠠ ᠴᠠᠭ᠎ᠤᠨ ᠡᠳ᠋ᠯᠡᠯ ᠭᠡᠷᠡᠭ᠌ᠰᠡᠯᠢ ᠬᠠᠶᠠᠭ᠎ᠠ ᠳᠠᠭᠠᠭᠤᠯᠤᠨ ᠪᠠᠢᠷᠢᠱᠢᠭᠤᠯᠵᠤ᠂ ᠬᠤᠳᠠ᠎ᠶ᠋ᠢᠨ ᠠᠢᠯ ᠭᠡᠮᠡᠷ ᠴᠡᠪᠡᠷ ᠳᠤᠬᠢᠯᠢᠭ ᠠᠮᠢᠳᠤᠷᠠᠵᠤ ᠪᠠᠢᠨ᠎ᠠ᠃
ᠽᠠᠨᠳᠠᠨ ᠤᠷᠢᠳ ᠬᠤᠵᠢᠳ ᠭᠠᠴᠠᠭ᠎ᠠ ᠰᠤᠮᠤᠨ᠎ᠤ 《3.8》 ᠤ ᠤᠯᠠᠭᠠᠨ ᠳᠤᠬ᠍ᠴᠢ᠂ ᠵᠢᠱ᠌ᠢᠶᠡᠴᠢ ᠬᠤᠪᠢ ᠬᠦᠮᠦᠨ᠎ᠢᠶᠠᠷ ᠰᠤᠩᠭᠤᠬ᠍ᠳᠠᠨ᠂ 2015 ᠤᠨ᠎ᠳᠤ ᠪᠦᠬᠦ᠌ ᠬᠤᠱᠢᠭᠤᠨ᠎ᠤ ᠬᠠᠮᠤᠭ ᠭᠤᠶᠤ ᠭᠡᠷ ᠪᠦᠯᠢ》 ᠪᠠᠷ ᠬᠦᠬᠢᠬᠦᠯᠦᠭ᠌ᠳᠡᠨ ᠱᠠᠩᠨᠠᠬ᠍ᠳᠠᠵᠤ᠂ 2021 ᠤᠨ᠎ᠳᠤ ᠬᠤᠱᠢᠭᠤᠨ᠎ᠤ᠎ᠪᠠᠨ 《ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠦᠯᠢᠭᠡᠷ ᠳᠠᠭᠤᠷᠢᠶᠠᠯ ᠡᠷᠤᠭᠡ》᠂ ᠠᠢᠮᠠᠭ᠎ᠤᠨ ᠳᠡᠰ᠎ᠤᠨ 《ᠬᠠᠮᠤᠬ ᠭᠤᠶᠤ ᠭᠡᠷ ᠪᠦᠯᠢ》 ᠶ᠋ᠢᠨ ᠢᠷᠠᠭᠤ ᠠᠯᠳᠠᠷ᠎ᠢ ᠬᠦᠷᠳᠡᠵᠡᠢ᠃