ᠣᠳᠣᠨ ᠮᠡᠴᠢᠳ ᠮᠡᠲᠦ ᠳᠤᠮᠳᠠᠳᠤ᠎ᠶ᠋ᠢᠨ ᠡᠬᠡ ᠭᠠᠵᠠᠷ᠎ᠲᠤ ᠲᠠᠷᠬᠠᠭ᠍ᠰᠠᠨ ᠬᠠᠭᠤᠴᠢᠨ ᠨᠡᠷᠡᠲᠦ ᠲᠡᠮᠳᠡᠭ᠂ ᠪᠣᠯᠪᠠᠰᠤᠨ᠎ᠠᠴᠠ ᠡᠭᠦᠰᠴᠦ᠍᠂ ᠰᠣᠶᠣᠯ᠎ᠠᠴᠠ ᠤᠯᠠᠮᠵᠢᠯᠠᠭ᠍ᠳᠠᠨ᠂ ᠱᠢᠨ᠎ᠡ᠎ᠶ᠋ᠢ ᠡᠭᠦᠳᠦᠨ ᠪᠤᠵᠠᠭᠠᠢᠷᠠᠪᠠ᠃
ᠬᠥᠬᠡᠬᠤᠲᠠ᠎ᠶ᠋ᠢᠨ ᠬᠠᠭᠤᠴᠢᠨ ᠨᠡᠷᠡᠳᠤ ᠲᠡᠮᠲᠡᠭ ᠪᠤᠯᠬᠤ ᠼᠦᠢ ᠤᠪᠤᠭ᠍ᠲᠦᠶ᠋ᠢᠨ ᠵᠤᠤᠬ᠎ᠠ ᠬᠥᠬᠡᠬᠤᠲᠠ᠎ᠶ᠋ᠢᠨ 400 ᠭᠠᠷᠤᠢ ᠵᠢᠯ᠎ᠤᠨ ᠰᠣᠶᠣᠯ᠎ᠤᠨ ᠱᠢᠮ᠎ᠡ᠎ᠶ᠋ᠢ ᠬᠦᠷᠳᠡᠵᠤ᠂ ᠢᠲᠡᠭᠡᠯ᠎ᠢᠶᠠᠷ ᠨᠡᠷᠡᠲᠦ ᠲᠡᠮᠲᠡᠭ᠎ᠢᠶᠠᠨ ᠴᠤᠭ᠍ᠴᠠᠯᠠᠵᠤ᠂ ᠶᠠᠰᠤ ᠴᠢᠨᠠᠷ᠎ᠢᠶᠠᠷ ᠠᠮᠵᠢᠯᠲᠠ᠎ᠳᠤ ᠬᠦᠷᠴᠦ᠍᠂ ᠤᠷᠠᠨ ᠳᠠᠷᠬᠠᠨ᠎ᠤ ᠤᠭ ᠰᠠᠨᠠᠭ᠎ᠠ᠎ᠪᠠᠨ ᠪᠠᠲᠤ ᠰᠠᠬᠢᠵᠤ᠂ ᠦᠶ᠎ᠡ᠎ᠶ᠋ᠢᠨ ᠦᠶ᠎ᠡ᠎ᠳᠡᠭᠡᠨ ᠤᠯᠠᠮᠵᠢᠯᠠᠨ ᠵᠠᠯᠭᠠᠮᠵᠢᠯᠠᠵᠤ᠂ 200 ᠵᠢᠯ᠎ᠤᠨ ᠲᠤᠷᠰᠢ ᠬᠦᠭ᠌ᠵᠢᠨ ᠪᠤᠵᠠᠭᠠ ᠵᠢᠷᠠᠵᠤ᠂ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ᠎ᠤᠨ ᠠᠭᠤᠳᠠᠮ ᠪᠠᠭ᠍ᠲᠠᠭᠠᠮᠵᠢ᠎ᠲᠦ ᠴᠢᠨᠠᠷ᠎ᠢ ᠭᠦᠢᠴᠡᠳ ᠢᠯᠡᠷᠡᠭᠦᠯᠪᠡ᠃

ᠬᠥᠬᠡᠬᠤᠲᠠ᠎ᠶ᠋ᠢᠨ ᠢᠦ᠋ᠢᠴᠢᠤᠸᠠᠨ ᠲᠣᠭᠤᠷᠢᠭ᠎ᠤᠨ ᠱᠢᠩᠱᠧᠩ ᠵᠡᠭᠡᠯᠢ᠎ᠶ᠋ᠢᠨ ᠼᠦᠢ ᠤᠪᠤᠭ᠍ᠲᠤᠶ᠋ᠢᠨ ᠲᠡᠮᠦᠷ ᠵᠤᠤᠬ᠎ᠠ᠎ᠶ᠋ᠢᠨ ᠠᠵᠢᠯᠯᠠᠬᠤ ᠲᠠᠰᠤᠭ

ᠼᠦᠢ ᠶᠠᠨ ᠴᠦᠨ ᠮᠥᠨ ᠯᠡ ᠤᠯᠠᠮᠵᠢᠯᠠᠯᠲᠤ ᠤᠷ᠎ᠠ ᠮᠡᠷᠭᠡᠵᠢᠯ᠎ᠢᠶᠠᠷ ᠬᠢᠲᠤᠭ᠎ᠠ ᠦᠢᠯᠡᠳᠴᠦ᠍ ᠪᠠ ᠵᠢᠭ᠎ᠠ᠎ᠨᠢ

ᠼᠦᠢ ᠷᠦᠢ ᠮᠥᠩᠭᠦᠨ ᠳᠡᠪᠦᠷ᠎ᠡ ᠲᠡᠭᠡᠷᠡᠬᠢ ᠵᠢᠷᠤᠭ᠎ᠢ ᠵᠢᠷᠤᠵᠤ ᠲᠥᠯᠥᠪᠯᠡᠵᠦ᠍ ᠪᠠ ᠵᠢᠨ᠎ᠠ

ᠼᠦᠢ ᠤᠪᠤᠭ᠍ᠲᠦᠶ᠋ᠢᠨᠬᠢᠨᠤ ᠴᠢᠳᠭᠤᠭ᠍ᠰᠠᠨ ᠱᠤᠭᠤᠮᠠᠯ 《ᠢᠷᠡᠭᠡᠳᠦᠶ ᠵᠦᠭ ᠤᠷᠤᠭ᠍ᠰᠢᠯᠠᠨᠠᠮ》

ᠼᠦᠢ ᠤᠪᠤᠭ᠍ᠲᠦᠶ᠋ᠢᠨᠬᠢᠨᠤ ᠴᠢᠳᠭᠤᠭ᠍ᠰᠠᠨ ᠱᠤᠭᠤᠮᠠᠯ 《ᠬᠥᠮᠦᠨ ᠪᠠ ᠱᠢᠪᠠᠭᠤ》

ᠼᠦᠢ ᠤᠪᠤᠭ᠍ᠲᠦᠶ᠋ᠢᠨᠬᠢᠨᠤ ᠦᠶ᠋ᠯᠡᠳᠦᠭ᠌ᠰᠡᠨ ᠮᠣᠩᠭᠤᠯ ᠬᠢᠲᠤᠭ᠎ᠠ
ᠳᠡᠭᠡᠳᠦᠰ᠎ᠤᠨ ᠰᠤᠷᠭᠠᠯ᠎ᠢ ᠴᠢᠩᠭ᠎ᠠ ᠰᠠᠬᠢᠵᠤ᠂ ᠴᠢᠨᠠᠷ᠎ᠢᠶᠠᠷ ᠠᠮᠵᠢᠯᠲᠠ᠎ᠳᠤ ᠬᠦᠷᠪᠡ
ᠼᠦᠢ ᠤᠪᠤᠭ᠍ᠲᠦᠶ᠋ᠢᠨ ᠲᠡᠮᠦᠷ ᠵᠤᠤᠬ᠎ᠠ ᠪᠤᠯ ᠬᠥᠬᠡᠬᠤᠲᠠ᠎ᠶ᠋ᠢᠨ ᠬᠠᠭᠤᠴᠢᠨ ᠨᠠᠷᠠᠲᠤ ᠲᠡᠮᠳᠡᠭ ᠪᠤᠯᠤᠨ᠎ᠠ᠂ ᠴᠢᠩ ᠤᠯᠤᠰ᠎ᠤᠨ ᠲᠥᠷᠥ᠍ ᠭᠡᠷᠡᠯᠲᠦ᠎ᠶ᠋ᠢᠨ ᠦᠶ᠎ᠡ᠎ᠳᠤ ᠪᠠᠢᠭᠤᠯᠤᠭ᠍ᠳᠠᠵᠠᠶ᠃
ᠼᠦᠢ ᠷᠦᠢ ᠪᠤᠯ ᠼᠦᠢ ᠤᠪᠤᠭ᠍ᠲᠦᠶ᠋ᠢᠨ ᠲᠡᠮᠦᠷ ᠵᠤᠤᠬ᠎ᠠ᠎ᠶ᠋ᠢᠨ ᠲᠠᠪᠤᠳᠤᠭᠠᠷ ᠦᠶ᠎ᠡ᠎ᠶ᠋ᠢᠨ ᠤᠯᠠᠮᠵᠢᠯᠠᠭ᠍ᠴᠢ ᠪᠢᠯᠡ᠂ ᠬᠡᠳᠦ᠋ᠢᠪᠡᠷ 78 ᠨᠠᠰᠤᠨ᠎ᠤ ᠦᠨᠳᠦᠷ ᠨᠠᠰᠤᠨ ᠬᠤᠲᠤᠭ᠎ᠢ ᠵᠤᠭᠤᠬ᠍ᠯᠠᠵᠤ ᠪᠠ ᠵᠢᠪᠠᠴᠤ᠌ ᠴᠤᠭ ᠵᠢᠪᠬᠤᠭ᠎ᠠ ᠪᠠᠳᠠᠷᠠᠩᠭᠤᠢ᠂ ᠬᠠᠷᠠᠭ᠎ᠠ ᠲᠤᠳᠤ ᠰᠤᠨᠤᠷ ᠰᠠ᠊ ᠶ᠋ᠢᠨ᠂ ᠳᠠᠭᠤ ᠬᠤᠭᠤᠯᠠᠢ ᠬᠦᠩᠭᠢᠨᠡᠮ᠎ᠡ᠃
ᠢᠦ ᠵᠢᠴᠢᠤᠸᠠᠨ ᠲᠣᠭᠤᠷᠢᠭ᠎ᠤᠨ ᠱᠢᠩᠱᠧᠩ ᠵᠡᠭᠡᠯᠢ᠎ᠶ᠋ᠢᠨ ᠨᠢᠭᠡᠨ ᠳᠡᠯᠭᠡᠭᠦᠷ ᠪᠣᠯ ᠼᠦᠢ ᠷᠦᠢ ᠪᠣᠯᠤᠨ ᠲᠡᠭᠦᠨ᠎ᠤ ᠬᠦᠦ ᠼᠦᠢ ᠶᠠᠨ ᠴᠦᠨ᠎ᠤ ᠪᠠ ᠵᠢᠩᠭᠤ ᠠᠵᠢᠯᠯᠠᠳᠠᠭ ᠭᠠᠵᠠᠷ ᠪᠣᠯᠤᠨ᠎ᠠ᠂ ᠲᠡᠳᠡᠨ᠎ᠤ ᠪᠠᠰᠠ ᠨᠢᠭᠡ ᠠᠵᠢᠯᠯᠠᠬᠤ ᠦᠷᠦᠭᠡ᠎ᠨᠢ ᠲᠡᠭᠦᠷᠭᠡ᠎ᠳᠤ ᠪᠠᠢᠵᠤ᠂ ᠲᠤᠰᠭᠠᠢᠯᠠᠨ ᠲᠡᠮᠦᠷ ᠡᠳ᠋ᠯᠡᠯ ᠳᠠᠪᠲᠠᠵᠤ ᠦᠢᠯᠡᠳᠳᠡᠭ᠃
ᠳᠡᠯᠭᠡᠭᠦᠷ᠎ᠨᠢ ᠬᠤᠶᠠᠷ ᠳᠠᠪᠬᠤᠷ ᠪᠠ ᠵᠢᠳᠠᠭ᠂ ᠳᠡᠭᠡᠷ᠎ᠡ ᠳᠤᠤᠷ᠎ᠠ ᠠᠰᠠᠷ᠎ᠤᠨ ᠬᠡᠷᠡᠮ ᠬᠠᠨ᠎ᠠ ᠪᠠ ᠱᠠᠯᠠ ᠳᠡᠭᠡᠷ᠎ᠡ ᠶᠡᠭᠡ ᠪᠠᠭ᠎ᠠ ᠮᠠᠱᠢᠨ ᠲᠣᠨᠤᠭ᠂ ᠰᠡᠯᠪᠢᠭ ᠵᠢᠴᠢ ᠬᠢᠲᠤᠭ᠎ᠠ᠂ ᠲᠣᠭᠤᠭ᠎ᠠ ᠵᠡᠷᠭᠡ ᠬᠡᠷᠡᠭ᠌ᠰᠡᠯ᠎ᠢᠶᠠᠷ ᠳᠦᠭᠦᠷᠴᠡᠢ᠃
ᠼᠦᠢ ᠶᠠᠨ ᠴᠦᠨ ᠨᠢᠭᠡᠳᠦᠭᠡᠷ ᠳᠠᠪᠬᠤᠷ᠎ᠲᠤ ᠮᠠᠱᠢᠨ᠎ᠢᠶᠠᠷ ᠮᠣᠩᠭᠤᠯ ᠬᠢᠲᠤᠭ᠎ᠠ᠎ᠶ᠋ᠢ ᠨᠢᠮᠪᠠᠶ ᠪᠢᠯᠡᠭᠦᠳᠡᠨᠠ᠂ ᠼᠦᠢ ᠷᠦᠢ ᠬᠤᠶᠠᠳᠤᠭᠠᠷ ᠳᠠᠪᠬᠤᠷ᠎ᠲᠤ ᠮᠥᠩᠭᠦᠨ ᠳᠡᠪᠦᠷ᠎ᠡ ᠳᠡᠭᠡᠷ᠎ᠡ ᠵᠢᠷᠤᠭ ᠲᠥ᠋ᠯᠥᠪᠯᠡᠵᠦ᠍ ᠵᠢᠷᠤᠭᠠᠳ ᠶᠠᠭᠠᠷᠠᠵᠤ ᠪᠠ ᠵᠢᠯ᠎ᠠ᠃
《ᠮᠣᠩᠭᠤᠯ ᠭᠢᠳᠤᠭ᠎ᠠ ᠪᠤᠯᠤᠨ ᠮᠥᠩᠭᠦᠨ ᠳᠡᠪᠦᠷ᠎ᠡ᠎ᠶ᠋ᠢ ᠬᠦᠮᠦᠰ ᠬᠠᠳᠠᠭᠠᠯᠠᠬᠤ᠎ᠶ᠋ᠢᠨ ᠲᠦᠯᠦᠭᠡ ᠵᠠᠬᠢᠶᠠᠯᠠᠵᠠᠢ》 ᠭᠡᠵᠦ᠍ ᠼᠦᠢ ᠷᠦᠢ ᠬᠡᠯᠡᠨ᠎ᠡ᠂ ᠲᠡᠭᠦᠨ᠎ᠤ ᠶᠠᠷᠢᠬᠤ᠎ᠪᠠᠷ᠂ ᠣᠢᠷ᠎ᠠ᠎ᠶ᠋ᠢᠨ ᠵᠢᠯ᠎ᠳᠤ ᠬᠤᠪᠢ ᠬᠥᠮᠦᠨ᠎ᠤ ᠵᠠᠬᠢᠶᠠᠯᠠᠭ᠎ᠠ ᠶᠠᠪᠤᠬᠤ ᠲᠤᠳᠤᠮ ᠠᠷᠪᠢᠳᠴᠤ᠌᠂ ᠵᠠᠬᠢᠶᠠᠯᠠᠭ᠎ᠠ ᠢᠷᠡᠬᠦ᠌ ᠪᠦᠷᠢ ᠲᠡᠷᠡ ᠬᠦᠦ᠎ᠲᠠᠢ᠎ᠪᠠᠨ ᠴᠥᠮ ᠨᠠᠷᠢᠨ ᠨᠢᠮᠪᠠᠶ ᠮᠠᠲ᠋ᠧᠷᠢᠶᠠᠯ ᠰᠣᠩᠭᠤᠵᠤ᠂ ᠤᠷᠠᠨ ᠭᠤᠶᠤ ᠵᠢᠷᠤᠵᠤ ᠲᠥᠯᠥᠪᠯᠡᠳᠡᠭ ᠭᠡᠨ᠎ᠡ᠃
200 ᠵᠢᠯ᠎ᠤᠨ ᠲᠤᠷᠰᠢ᠂ ᠼᠦᠢ ᠤᠪᠤᠭ᠍ᠲᠦᠶ᠋ᠢᠨ ᠲᠡᠮᠦᠷ ᠵᠤᠤᠬ᠎ᠠ᠎ᠶ᠋ᠢᠨ ᠦᠢᠯᠡᠳᠦᠭ᠌ᠰᠡᠨ ᠦᠢᠯᠡᠳᠬᠦᠨ᠎ᠨᠢ ᠴᠢᠨᠠᠷ ᠰᠠ᠊ ᠶ᠋ᠢᠨ ᠦᠨᠡᠨ᠎ᠢ ᠳᠤᠬᠢᠷᠠᠮᠵᠢᠲᠠᠢ ᠪᠤᠯᠬᠤᠷ ᠠᠯᠢ ᠡᠷᠲᠡ᠎ᠠᠴᠠ ᠬᠦᠬᠡᠬᠤᠲᠠ᠎ᠳᠤ ᠠᠯᠳᠠᠷᠱᠢᠭ᠍ᠰᠠᠨ ᠪᠠ ᠵᠢᠨ᠎ᠠ᠃
ᠼᠦᠢ ᠤᠪᠤᠭ᠍ᠲᠦᠶ᠋ᠢᠨ ᠲᠡᠮᠦᠷ ᠵᠤᠤᠬ᠎ᠠ ᠠᠩᠬ᠎ᠠ ᠡᠬᠢᠨ᠎ᠳᠡᠭᠡᠨ ᠠᠳᠤᠭᠤᠨ ᠳᠠᠮᠠᠭ᠎ᠠ ᠳᠠᠪᠲᠠᠬᠤ᠎ᠪᠠᠷ ᠭᠤᠣᠯᠯᠠᠵᠤ ᠪᠠ ᠵᠢᠬ᠍ᠰᠠᠨᠢᠶᠠᠨ ᠨᠡᠢᠭᠡᠮ᠎ᠤᠨ ᠬᠥᠭ᠌ᠵᠢᠯᠲᠡ᠎ᠶ᠋ᠢ ᠲᠠᠭᠠᠯᠳᠤᠨ᠂ ᠠᠯᠬᠤᠮ ᠠᠯᠬᠤᠮ᠎ᠢᠶᠠᠷ ᠲᠣᠭᠤᠭᠠᠨ ᠭᠡᠷ᠎ᠤᠨ ᠬᠡᠷᠡᠭ᠌ᠰᠡᠯ᠂ ᠢᠷᠲᠦ ᠪᠠᠭᠠᠵᠢ ᠬᠡᠷᠡᠭ᠌ᠰᠡᠯ᠂ ᠲᠠᠷᠢᠶᠠᠯᠠᠩ᠎ᠤᠨ ᠬᠡᠷᠡᠭ᠌ᠰᠡᠯ ᠵᠢᠴᠢ ᠡᠯ᠎ᠡ ᠵᠦᠢᠯ᠎ᠤᠨ ᠭᠠᠷ ᠤᠷᠠᠯᠠᠯ᠎ᠤᠨ ᠡᠳ᠋ᠯᠡᠯ ᠬᠢᠬᠦ᠌ ᠪᠣᠯᠵᠠᠢ᠃ ᠦᠢᠯᠡᠳᠬᠦᠨ ᠨᠢᠭᠡ ᠪᠦᠷᠢ᠎ᠶ᠋ᠢ ᠦᠢᠯᠡᠳᠬᠦ᠌᠎ᠳᠤ ᠨᠢᠭᠡ ᠢᠵᠢ ᠴᠢᠩᠭ᠎ᠠ ᠭᠤᠭ᠍ᠴᠤᠭ᠎ᠠ᠎ᠲᠠᠢ ᠪᠠᠢᠳᠠᠭ᠂ ᠲᠣᠭᠤᠭᠠᠨ ᠭᠡᠷ᠎ᠤᠨ ᠡᠩ᠎ᠤᠨ ᠬᠢᠲᠤᠭ᠎ᠠ ᠬᠢᠬᠦ᠌᠎ᠳᠤ ᠴᠦ᠍ ᠠᠷᠪᠠᠨ ᠬᠡᠳᠦᠨ ᠵᠦᠢᠯ᠎ᠤᠨ ᠭᠤᠭ᠍ᠴᠤᠭ᠎ᠠ᠎ᠲᠠᠢ ᠪᠠ ᠵᠢᠵᠤ᠂ ᠪᠤᠳᠤᠯᠢᠶᠠᠨᠲᠠᠶ ᠪᠠᠭᠠᠵᠢ ᠬᠡᠷᠡᠭ᠌ᠰᠡᠯ᠎ᠢ ᠬᠢᠬᠦ᠌᠎ᠳᠤ ᠬᠡᠳᠦᠨ ᠠᠷᠪᠠᠨ ᠵᠦᠢᠯ ᠴᠢᠨᠠᠭ᠍ᠰᠢᠯᠠᠪᠠᠯ ᠵᠠᠭᠤ ᠭᠠᠷᠤᠶ ᠵᠦᠢᠯ᠎ᠤᠨ ᠭᠤᠭ᠍ᠴᠤᠭ᠎ᠠ᠎ᠶ᠋ᠢ ᠳᠠᠮᠵᠢᠨ᠎ᠠ᠃
《ᠶᠠᠮᠠᠷ ᠦᠢᠯᠡᠳᠬᠦᠨ ᠬᠢᠭ᠌ᠰᠡᠨ ᠴᠦ᠍ ᠼᠦᠢ ᠤᠪᠤᠭ᠍ᠲᠦᠶ᠋ᠢᠨ ᠲᠡᠮᠦᠷ ᠵᠤᠤᠬ᠎ᠠ ᠢᠮᠠᠭ᠍ᠲᠠ ᠳᠡᠭᠡᠳᠦᠰ᠎ᠤᠨ ᠰᠤᠷᠭᠠᠯ᠎ᠢ ᠪᠠᠲᠤ ᠴᠡᠭᠡᠵᠢᠯᠡᠵᠦ᠍᠂ ᠦᠢᠯᠡᠳᠬᠦᠨ᠎ᠤ ᠶᠠᠰᠤ ᠴᠢᠨᠠᠷ᠎ᠢ ᠴᠠᠭ ᠢᠮᠠᠭ᠍ᠲᠠ ᠲᠡᠷᠢᠭᠦᠨ ᠪᠠᠢᠷᠢᠨ᠎ᠳᠤ ᠲᠠᠯᠪᠢᠳᠠᠭ》 ᠭᠡᠵᠦ᠍ ᠼᠦᠢ ᠷᠦᠢ ᠶᠠᠷᠢᠨ᠎ᠠ᠂ ᠼᠦᠢ ᠤᠪᠤᠭ᠍ᠲᠦᠶ᠋ᠢᠨ ᠲᠡᠮᠦᠷ ᠵᠤᠤᠬ᠎ᠠ᠎ᠶ᠋ᠢ ᠡᠭᠦᠰᠭᠡᠨ ᠪᠠᠢᠭᠤᠯᠤᠭ᠍ᠰᠠᠨ ᠡᠳᠦᠷ᠎ᠠᠴᠠ ᠡᠬᠢᠯᠡᠨ᠂ ᠼᠦᠢ ᠤᠪᠤᠭ᠍ᠲᠦᠶ᠋ᠢᠨ ᠡᠪᠦᠭᠡ ᠳᠡᠭᠡᠳᠦᠰ 《ᠵᠡᠷᠡᠮᠳᠡᠭ ᠦᠢᠯᠡᠳᠭᠦᠨ᠎ᠢ ᠶᠠᠭᠠᠬᠢᠭ᠍ᠰᠠᠨ ᠴᠤ᠌ ᠬᠤᠳᠠᠯᠳᠤᠵᠤ ᠪᠣᠯᠬᠤ ᠦᠭᠡᠢ》᠂ 《ᠬᠥᠮᠦᠨ ᠬᠦᠴᠢᠷ ᠵᠤᠪᠠᠭᠤᠷᠢ ᠠᠮᠰᠠᠵᠤ ᠪᠤᠯᠬᠤ᠎ᠠᠴᠠ ᠪᠢᠰᠢ᠂ ᠨᠢᠭᠤᠷ᠎ᠢᠶᠠᠨ ᠶᠠᠭᠠᠬᠢᠭ᠍ᠰᠠᠨ ᠴᠦ᠍ ᠭᠡᠭᠡᠵᠦ᠍ ᠪᠣᠯᠬᠤ ᠦᠭᠡᠢ》 ᠭᠡᠬᠦ᠌ ᠴᠢᠩᠭ᠎ᠠ ᠶᠤᠰᠤ ᠲᠤᠭ᠍ᠲᠠᠭᠠᠯ ᠲᠤᠭ᠍ᠲᠠᠭᠠᠪᠠ᠃
ᠡᠨᠡ ᠦᠭᠡ ᠬᠤᠭᠤᠰᠣᠨ ᠪᠢᠰᠢ᠃
200 ᠵᠢᠯ᠎ᠤᠨ ᠲᠤᠷᠰᠢ᠂ ᠼᠦᠢ ᠤᠪᠤᠭ᠍ᠲᠦᠶ᠋ᠢᠨ ᠲᠡᠮᠦᠷ ᠵᠤᠤᠬ᠎ᠠ᠎ᠶ᠋ᠢᠨ ᠦᠶ᠎ᠡ ᠦᠶ᠎ᠡ᠎ᠶ᠋ᠢᠨ ᠵᠠᠯᠭᠠᠮᠵᠢᠯᠠᠭ᠍ᠴᠢ ᠳᠡᠭᠡᠳᠦᠰ᠎ᠤᠨ ᠰᠤᠷᠭᠠᠯ᠎ᠢᠶᠠᠨ ᠮᠠᠷᠲᠠᠯ ᠦᠭᠡᠢ᠂ ᠦᠢᠯᠡᠳᠬᠦᠨ᠎ᠤ ᠶᠠᠰᠤ ᠴᠢᠨᠠᠷ᠎ᠢ ᠴᠢᠬᠤᠯᠠᠴᠢᠯᠠᠭᠠᠳ ᠦᠶ᠎ᠡ᠎ᠶ᠋ᠢᠨ ᠦᠶ᠎ᠡ᠎ᠳᠡᠭᠡᠨ ᠮᠠᠭ᠍ᠲᠠᠭᠠᠯ ᠰᠠᠢᠱᠢᠶᠠᠯ᠎ᠢ ᠬᠦᠷᠲᠡᠨ ᠥᠨᠥᠳᠦᠷ᠎ᠲᠤ ᠬᠦᠷᠦᠭ᠌ᠰᠡᠨ ᠠᠵᠢ᠃
ᠢᠯᠠᠩᠭᠤᠶ᠎ᠠ ᠲᠤᠭᠤᠭᠠᠨ ᠭᠡᠷ᠎ᠤᠨ ᠬᠢᠲᠤᠭ᠎ᠠ ᠦᠢᠯᠡᠳᠭᠦ᠎ᠳᠡᠭᠡᠨ ᠰᠠ᠊ ᠶ᠋ᠢᠨ ᠪᠤᠯᠤᠳ ᠮᠠᠲ᠋ᠧᠷᠢᠶᠠᠯ᠎ᠢ ᠰᠣᠩᠭᠤᠨ᠂ ᠬᠡᠷᠡᠭ᠌ᠯᠡᠬᠦ᠌᠎ᠳᠤ ᠢᠷᠨᠢ ᠬᠤᠷᠴᠠ ᠪᠤᠯᠬᠤᠷ ᠳᠥᠴᠢ ᠲᠠᠪᠢᠨ ᠵᠢᠯ ᠬᠡᠷᠡᠭ᠌ᠯᠡᠵᠦ᠍ ᠪᠣᠯᠤᠨ᠎ᠠ᠃ ᠼᠦᠢ ᠤᠪᠤᠭ᠍ᠲᠦᠶ᠋ᠢᠨ ᠲᠡᠮᠦᠷ ᠵᠤᠤᠬ᠎ᠠ᠎ᠶ᠋ᠢᠨ ᠦᠢᠯᠡᠳᠭᠦᠨ ᠤᠷᠤᠨ ᠨᠤᠲᠤᠭ᠎ᠤᠨ ᠵᠠᠬ᠎ᠠ ᠳᠡᠯᠭᠡᠭᠦᠷ ᠳᠡᠭᠡᠷ᠎ᠡ ᠡᠵᠡᠯᠡᠪᠡᠰᠦ ᠵᠤᠬᠢᠬᠤ ᠤᠷᠤᠨ ᠵᠠᠢ᠎ᠪᠠᠨ ᠡᠵᠡᠯᠡᠵᠦ᠍ ᠪᠠ ᠵᠢᠨ᠎ᠠ᠃
ᠬᠥᠬᠡᠬᠤᠲᠠ᠎ᠶ᠋ᠢᠨ ᠬᠥᠮᠦᠰ᠎ᠤᠨ ᠰᠡᠳᠭᠢᠯ᠎ᠳᠤ ᠼᠦᠢ ᠤᠪᠤᠭ᠍ᠲᠦᠶ᠋ᠢᠨ ᠲᠡᠮᠦᠷ ᠵᠤᠤᠬ᠎ᠠ ᠪᠣᠯ ᠰᠡᠵᠢᠭ᠌ᠯᠡᠰᠢ ᠦᠭᠡᠢ 《ᠶᠠᠰᠤ ᠴᠢᠨᠠᠷ》 ᠤᠨ ᠲᠦᠯᠦᠭᠡᠨ᠎ᠤ ᠨᠡᠷ᠎ᠡ ᠦᠭᠡ ᠪᠣᠯᠤᠨ᠎ᠠ᠃
ᠡᠭᠦᠳᠡ ᠡᠷᠦᠬᠡ ᠪᠤᠰᠭᠠᠵᠤ ᠰᠠᠭᠤᠷᠢ᠎ᠪᠠᠨ ᠪᠠᠲᠤᠳᠭᠠᠨ ᠱᠢᠨ᠎ᠡ᠎ᠶ᠋ᠢ ᠡᠭᠦᠳᠪᠡ
ᠬᠥᠬᠡᠬᠤᠲᠠ᠎ᠶ᠋ᠢᠨ ᠬᠠᠭᠤᠴᠢᠨ ᠬᠤᠲᠠ᠎ᠶ᠋ᠢ ᠴᠢᠩ ᠤᠯᠤᠰ᠎ᠤᠨ ᠦᠶ᠎ᠡ᠎ᠳᠤ ᠬᠦᠶ᠋ᠬᠤᠸᠠ ᠬᠤᠲᠠ ᠭᠡᠵᠦ᠍ ᠪᠠᠢᠪᠠ᠃ ᠴᠢᠩ ᠤᠯᠤᠰ᠎ᠤᠨ ᠡᠬᠢᠨ᠎ᠤ ᠦᠶ᠎ᠡ᠎ᠠᠴᠠ ᠲᠥᠷᠥ᠍ ᠭᠡᠷᠡᠯᠲᠦ᠎ᠶ᠋ᠢᠨ ᠦᠶ᠎ᠡ ᠪᠣᠯᠲᠠᠯ᠎ᠠ ᠬᠦᠶ᠋ᠬᠤᠸᠠᠶ᠋ᠢᠨ ᠬᠡᠪᠴᠢᠶ᠎ᠡ᠎ᠨᠢ ᠦᠷᠭᠡᠳᠦᠨ᠂ ᠬᠥᠭ᠌ᠵᠢᠶᠡᠨ ᠨᠠᠷᠭᠢᠶᠠᠨ᠎ᠲᠠᠢ ᠪᠤᠯᠵᠤ᠂ ᠲᠤᠬᠠᠶ᠎ᠶ᠋ᠢᠨ ᠦᠶ᠎ᠡ᠎ᠶ᠋ᠢᠨ ᠪᠣᠭᠤᠮᠲᠠ᠎ᠶ᠋ᠢᠨ ᠭᠠᠳᠠᠨᠠᠬᠢ ᠨᠡᠷᠡᠲᠦ ᠬᠤᠲᠠ ᠪᠣᠯᠵᠠᠶ᠃ ᠲᠡᠦᠬᠡᠨ ᠮᠠᠲ᠋ᠧᠷᠢᠶᠠᠯ᠎ᠳᠤ ᠲᠡᠮᠳᠡᠭ᠌ᠯᠡᠭ᠌ᠰᠡᠨ᠎ᠢᠶᠠᠷ᠂ ᠪᠠᠢᠭᠠᠯᠢ᠎ᠶ᠋ᠢᠨ ᠭᠠᠮᠱᠢᠭ ᠪᠠ ᠪᠤᠰᠤᠳ ᠱᠢᠯᠲᠠᠭᠠᠨ᠎ᠠᠴᠠ ᠪᠣᠯᠵᠤ᠂ ᠱᠠᠨ ᠰᠢ᠂ ᠱᠠᠨᠰᠢ᠂ ᠱᠠᠨᠳᠦ᠋ᠩ ᠵᠢᠴᠢ ᠾᠧᠨᠠᠨ᠎ᠤ ᠶᠠᠳᠠᠭᠤ ᠵᠦᠳᠡᠭᠦᠦ ᠲᠠᠷᠢᠶᠠᠴᠢᠳ ᠬᠦᠶ᠋ᠬᠤᠸᠠ ᠬᠤᠲᠠ ᠵᠢᠴᠢ ᠲᠡᠭᠦᠨ᠎ᠠᠴᠠ ᠪᠠᠷᠠᠭᠤᠨᠱᠢᠬᠢ ᠭᠠᠵᠠᠷ᠎ᠲᠤ ᠢᠷᠡᠭᠡᠳ ᠠᠮᠢ ᠵᠢᠭᠤᠵᠠᠶ᠃ ᠬᠦᠬᠡᠬᠤᠲᠠ᠎ᠶ᠋ᠢᠨ ᠼᠦᠢ ᠤᠪᠤᠭ᠍ᠲᠤᠶ᠋ᠢᠨ ᠲᠡᠮᠦᠷ ᠵᠤᠤᠬ᠎ᠠ᠎ᠶ᠋ᠢ ᠡᠭᠦᠰᠭᠡᠨ ᠪᠠ ᠵᠢᠭᠤᠯᠤᠭ᠍ᠴᠢ ᠪᠤᠯ ᠡᠳᠡᠭᠡᠷ ᠬᠦᠮᠦᠰ᠎ᠤᠨ ᠨᠢᠭᠡ᠎ᠨᠢ ᠪᠤᠯᠤᠨ᠎ᠠ᠃
ᠲᠥᠷᠥ᠍ ᠭᠡᠷᠡᠯᠲᠦ᠎ᠶ᠋ᠢᠨ ᠦᠶ᠎ᠡ᠎ᠳᠤ᠂ ᠱᠠᠨ ᠰᠢ᠎ᠶ᠋ᠢᠨ ᠳ᠋ᠠᠲ᠋ᠦ᠋ᠩ ᠤᠷᠤᠨ ᠭᠠᠮᠱᠢᠭ᠍ᠳᠠᠵᠤ᠂ ᠲᠠᠷᠢᠶ᠎ᠠ ᠲᠥᠮᠥᠰᠥ᠍ ᠬᠤᠷᠢᠶᠠᠯᠲᠠ ᠤᠯᠤᠭ᠍ᠰᠠᠨ ᠦᠭᠡᠶ᠃ ᠲᠤᠬᠠᠶ᠎ᠶ᠋ᠢᠨ ᠭᠠᠵᠠᠷ᠎ᠤᠨ ᠨᠢᠭᠡᠨ ᠼᠦᠢ ᠣᠪᠣᠭ᠍ᠲᠤ ᠡᠷ᠎ᠡ ᠬᠦᠦ᠎ᠪᠠᠨ ᠳᠠᠭᠠᠭᠤᠯᠤᠨ ᠬᠦᠶ᠋ᠬᠤᠸᠠ ᠬᠤᠲᠠ᠎ᠳᠤ ᠢᠷᠡᠪᠡ᠃ ᠬᠠᠷᠠᠬᠠᠨ ᠪᠠᠭ᠎ᠠ᠎ᠠᠴᠠ᠎ᠪᠠᠨ ᠡᠪᠦᠭᠡ ᠳᠡᠭᠡᠳᠦᠰ᠎ᠠᠴᠠ᠎ᠪᠠᠨ ᠦᠯᠢᠭᠡᠷ ᠰᠤᠨᠤᠰᠳᠠᠭ ᠼᠦᠢ ᠷᠦᠢ᠄ 《ᠬᠦᠶ᠋ᠬᠤᠸᠠ ᠬᠤᠲᠠ᠎ᠳᠤ ᠢᠷᠡᠭ᠌ᠰᠡᠨ᠎ᠤ ᠳᠠᠷᠠᠭ᠎ᠠ᠂ ᠡᠴᠢᠭᠡ ᠬᠦᠦ ᠬᠤᠶᠠᠭᠤᠯᠠ ᠡᠳᠦᠷ᠎ᠲᠡᠭᠡᠨ ᠭᠤᠢᠷᠠᠨᠴᠢᠯᠠᠵᠤ᠂ ᠰᠥᠨᠢ᠎ᠳᠡᠭᠡᠨ ᠲᠠᠪᠢᠨ ᠵᠡᠭᠡᠯᠢ᠎ᠶ᠋ᠢᠨ ᠯᠦᠩ ᠸᠠᠩ ᠮᠢᠶᠣᠣ ᠭᠤᠳᠤᠮᠵᠢ᠎ᠶ᠋ᠢᠨ ᠴᠢᠤᠢ ᠤᠪᠤᠭ᠍ᠲᠦᠶ᠋ᠢᠨ ᠲᠡᠮᠦᠷ ᠵᠤᠤᠬ᠎ᠠ᠎ᠶ᠋ᠢᠨ ᠰᠠᠷᠠᠪᠴᠢᠨ ᠳᠤᠤᠷ᠎ᠠ ᠤᠨᠲᠠᠳᠠᠭ》 ᠭᠡᠵᠦ᠍ ᠬᠠᠭᠤᠴᠢᠯᠠᠨ᠎ᠠ᠃ ᠲᠡᠭᠦᠨ᠎ᠤ ᠶᠠᠷᠢᠬᠤ᠎ᠪᠠᠷ᠂ ᠼᠦᠢ ᠣᠪᠣᠭ᠍ᠲᠤ᠎ᠶ᠋ᠢᠨ ᠬᠦᠦ᠎ᠨᠢ ᠰᠠᠶᠢ 9 ᠨᠠᠰᠤᠲᠠᠶ᠂ ᠡᠨᠡ ᠬᠦ᠌ ᠬᠦᠦ ᠪᠣᠯ ᠳᠠᠷᠤᠶ ᠼᠦᠢ ᠤᠪᠤᠭ᠍ᠲᠦᠶ᠋ᠢᠨ ᠲᠡᠮᠦᠷ ᠵᠤᠤᠬ᠎ᠠ᠎ᠶ᠋ᠢ ᠡᠭᠦᠰᠭᠡᠨ ᠪᠠ ᠵᠢᠭᠤᠯᠤᠭ᠍ᠴᠢ ᠼᠦᠢ ᠯᠢᠨ ᠪᠣᠯᠤᠨ᠎ᠠ᠂ ᠲᠤᠬᠠᠶ᠎ᠶ᠋ᠢᠨ ᠵᠢᠯ᠎ᠳᠤ ᠲᠡᠷᠡ ᠴᠢᠦᠶ ᠤᠪᠤᠭ᠍ᠲᠦᠶ᠋ᠢᠨ ᠲᠡᠮᠦᠷ ᠵᠤᠤᠬ᠎ᠠ᠎ᠶ᠋ᠢᠨ ᠶᠡᠭᠡ ᠪᠠᠭ᠍ᠰᠢ᠎ᠠᠴᠠ ᠤᠷᠠᠨ ᠳᠠᠷᠬᠠᠨ᠎ᠤ ᠮᠡᠷᠭᠡᠵᠢᠯ ᠰᠤᠷᠴᠠᠢ᠃ ᠡᠷᠳᠡᠮ ᠰᠤᠷᠴᠤ᠌ ᠠᠷᠪᠠᠨ ᠵᠢᠯ ᠪᠣᠯᠤᠭ᠍ᠰᠠᠨ᠎ᠤ ᠳᠠᠷᠠᠭ᠎ᠠ᠂ ᠶᠡᠭᠡ ᠪᠠᠭ᠍ᠰᠢ᠎ᠨᠢ ᠡᠪᠡᠳᠴᠢᠨ᠎ᠢᠶᠠᠷ ᠨᠠᠰᠤ ᠪᠠᠷᠠᠵᠤ᠂ ᠼᠦᠢ ᠯᠢᠨ ᠦᠪᠡᠷ᠎ᠢᠶᠠᠨ ᠡᠭᠦᠳᠡ ᠡᠷᠦᠬᠡ ᠪᠣᠰᠭᠠᠪᠠ᠃ ᠡᠭᠦᠨ᠎ᠠᠴᠠ ᠬᠤᠢᠰᠢ ᠬᠦᠶ᠋ᠬᠤᠸᠠᠶ᠋ᠢᠨ ᠲᠡᠮᠦᠷ᠎ᠤᠨ ᠳᠠᠷᠬᠠᠨ᠎ᠤ ᠠᠵᠢᠯ ᠲᠦᠷᠦᠯ᠎ᠳᠤ ᠨᠢᠭᠡ ᠰᠠᠢᠨ ᠲᠡᠮᠦᠷ᠎ᠤᠨ ᠳᠠᠷᠬᠠᠨ ᠼᠦᠢ ᠤᠪᠤᠭ᠍ᠲᠦᠶ᠋ᠢᠨ ᠲᠡᠮᠦᠷ ᠵᠤᠤᠬ᠎ᠠ ᠨᠡᠮᠡᠭ᠌ᠳᠡᠭ᠌ᠰᠡᠨ ᠪᠠᠢᠨ᠎ᠠ᠃ ᠼᠦᠢ ᠷᠦᠢ᠎ᠶ᠋ᠢᠨ ᠬᠡᠯᠡᠬᠦ᠌᠎ᠪᠠᠷ᠂ ᠼᠦᠢ ᠯᠢᠨ 30 ᠨᠠᠰᠤᠲᠠᠶ᠎ᠳᠠᠭᠠᠨ ᠰᠠᠶᠢ ᠭᠡᠷ ᠪᠦᠯᠢ ᠪᠣᠯᠵᠤ᠂ ᠳ᠋ᠠᠲ᠋ᠦ᠋ᠩ᠎ᠤᠨ᠎ᠪᠠᠨ ᠣᠪᠣᠭ᠍ᠲᠤ ᠥᠬᠢᠨ᠎ᠢ ᠪᠠᠭᠤᠯᠭᠠᠵᠤ ᠠᠪᠴᠠᠶ᠃ 《ᠲᠡᠭᠦᠨ᠎ᠤ ᠬᠦᠷᠢ ᠳᠡᠭᠦᠦ᠎ᠪᠠᠨ ᠠᠪᠤᠭᠠᠢ᠎ᠶ᠋ᠢ ᠬᠡᠯᠡᠬᠦ᠌ ᠴᠢᠬᠤᠯᠠᠲᠠᠢ᠂ ᠶᠠᠭ ᠡᠨᠡ ᠬᠦ᠌ ᠬᠦᠷᠢ ᠳᠡᠭᠦᠦ᠎ᠲᠠᠢ ᠪᠣᠯᠤᠭ᠍ᠰᠠᠨ᠎ᠠᠴᠠ ᠼᠦᠢ ᠤᠪᠤᠭ᠍ᠲᠦᠶ᠋ᠢᠨ ᠬᠦᠶ᠋ᠬᠤᠸᠠᠳᠠᠬᠢ ᠠᠷᠠᠯᠵᠢᠶ᠎ᠠ᠎ᠨᠢ ᠤᠯᠠᠮ ᠬᠥᠭ᠌ᠵᠢᠵᠦ᠍᠂ ᠨᠡᠷ᠎ᠡ ᠠᠯᠳᠠᠷ᠎ᠨᠢ ᠲᠤᠯᠤᠨ ᠨᠤᠤᠷ᠎ᠲᠤ ᠬᠦᠷᠲᠡᠯ᠎ᠡ ᠦᠷᠭᠡᠳᠴᠡᠢ》 ᠭᠡᠵᠦ᠍ ᠼᠦᠢ ᠷᠦᠢ ᠶᠠᠷᠢᠨ᠎ᠠ᠃
ᠪᠠᠨ ᠠᠪᠤᠭᠠᠢ ᠠᠷᠪᠠᠨ ᠭᠤᠷᠪᠠ ᠲᠦᠷᠪᠡᠨ ᠨᠠᠰᠤᠲᠠᠢ᠎ᠳᠠᠭᠠᠨ ᠳ᠋ᠠ ᠱᠧᠩ ᠺᠦᠢ᠎ᠶ᠋ᠢᠨ ᠲᠡᠮᠡᠭᠡᠨ ᠵᠢᠩ᠎ᠢ ᠵᠢᠯ ᠲᠤᠵᠢ ᠲᠠᠭᠠᠵᠤ ᠶᠠᠪᠤᠳᠠᠭ ᠪᠠᠢᠪᠠ᠃ ᠲᠡᠷᠡ ᠲᠡᠮᠦᠷ᠎ᠤᠨ ᠳᠠᠷᠬᠠᠨ᠎ᠤ ᠠᠵᠢᠯ ᠲᠥᠷᠥᠯ ᠪᠠ ᠮᠣᠩᠭᠤᠯ ᠦᠨᠳᠦᠰᠦᠲᠡᠨ᠎ᠤ ᠰᠣᠶᠣᠯ᠎ᠳᠤ ᠳᠤᠷ᠎ᠠ ᠪᠠᠬᠠᠲᠠᠢ ᠪᠣᠯᠬᠤᠷ ᠳᠣᠯᠣᠨ ᠨᠤᠤᠷ᠎ᠲᠤ ᠢᠷᠡᠭ᠌ᠰᠡᠨ᠎ᠤ ᠳᠠᠷᠠᠭ᠎ᠠ᠂ ᠳᠣᠯᠣᠨ ᠨᠤᠤᠷ᠎ᠲᠤ ᠦᠯᠡᠳᠡᠵᠦ᠍᠂ ᠨᠢᠭᠡᠨ ᠲᠡᠮᠦᠷ᠎ᠤᠨ ᠳᠠᠷᠬᠠᠨ᠎ᠤ ᠫᠦᠰᠡᠨ᠎ᠳᠤ ᠱᠠᠪᠢ ᠠᠵᠢᠯᠴᠢᠨ ᠪᠣᠯᠪᠠ᠃ ᠡᠷᠳᠡᠮ ᠰᠤᠷᠴᠤ᠌ ᠳᠠᠭᠤᠰᠤᠭ᠍ᠰᠠᠨ᠎ᠤ ᠳᠠᠷᠠᠭ᠎ᠠ ᠲᠤᠯᠤᠨ ᠨᠤᠤᠷ᠎ᠠᠴᠠ ᠰᠠᠯᠵᠤ᠂ ᠬᠦᠢᠬᠤᠸᠠ ᠬᠤᠲᠠ᠎ᠳᠤ ᠬᠦᠷᠴᠦ᠍ ᠬᠦᠷᠭᠡᠨ ᠠᠬ᠎ᠠ ᠪᠣᠯᠤᠨ ᠡᠭᠡᠴᠢ᠎ᠪᠠᠨ ᠲᠠᠭᠠᠭᠠᠳ᠂ ᠼᠦᠢ ᠤᠪᠤᠭ᠍ᠲᠦᠶ᠋ᠢᠨ ᠲᠡᠮᠦᠷ ᠵᠤᠤᠬ᠎ᠠ᠎ᠶ᠋ᠢᠨ ᠪᠠᠭ᠍ᠰᠢ ᠪᠣᠯᠪᠠ᠃ ᠡᠭᠦᠨ᠎ᠠᠴᠠ ᠬᠤᠢᠰᠢ᠂ ᠼᠦᠢ ᠤᠪᠤᠭ᠍ᠲᠦᠶ᠋ᠢᠨ ᠲᠡᠮᠦᠷ ᠵᠤᠤᠬᠠᠨ᠎ᠤ ᠦᠢᠯᠡᠳᠭᠦᠨ ᠳᠤᠲᠤᠷ᠎ᠠ ᠳᠥᠷᠥᠭᠡ᠂ ᠡᠮᠡᠭᠡᠯ᠂ ᠲᠤᠯᠭ᠎ᠠ᠂ ᠮᠣᠩᠭᠤᠯ ᠬᠢᠲᠤᠭ᠎ᠠ ᠵᠡᠷᠭᠡ ᠮᠣᠩᠭᠤᠯ ᠡᠳ᠋ᠯᠡᠯ ᠬᠡᠷᠡᠭ᠌ᠰᠡᠯ ᠨᠡᠮᠡᠭ᠌ᠳᠡᠪᠠ᠂ ᠡᠳᠡᠭᠡᠷ ᠦᠢᠯᠡᠳᠭᠦᠨ᠎ᠢ ᠪᠤᠰᠤᠳ ᠲᠡᠮᠦᠷ᠎ᠤᠨ ᠳᠠᠷᠠᠬᠠ ᠦᠢᠯᠡᠳᠳᠡᠭ ᠦᠭᠡᠢ ᠪᠠ ᠵᠢᠪᠠ᠃
ᠼᠦᠢ ᠯᠢᠨ ᠲᠤᠰᠭᠠᠢᠯᠠᠨ ᠬᠤᠶᠠᠳᠤᠭᠠᠷ ᠬᠦᠦ ᠼᠦᠢ ᠬᠦᠶ ᠫᠠᠨ᠎ᠢᠶᠠᠨ ᠲᠤᠮᠢᠯᠠᠨ᠂ ᠳᠠᠪᠲᠠᠨ ᠦᠢᠯᠡᠳᠦᠭ᠌ᠰᠡᠨ ᠮᠣᠩᠭᠤᠯ ᠦᠨᠳᠦᠰᠦᠲᠡᠨ᠎ᠤ ᠲᠡᠮᠦᠷ ᠪᠠᠭᠠᠵᠢ ᠬᠡᠷᠡᠭ᠌ᠰᠡᠯ᠎ᠢᠶᠠᠨ ᠲᠤᠯᠤᠨ ᠨᠤᠤᠷ᠎ᠲᠤ ᠪᠣᠷᠣᠯᠠᠭᠤᠯᠤᠭᠠᠳ ᠠᠮᠵᠢᠯᠲᠠ ᠣᠯᠵᠠᠶ᠃ 《ᠼᠦᠢ ᠬᠦᠢ ᠫᠠᠨ ᠪᠠᠰᠠ ᠳᠣᠯᠣᠨ ᠨᠤᠤᠷ᠎ᠲᠤ ᠳᠡᠯᠭᠡᠭᠦᠷ ᠨᠡᠭᠡᠭᠡᠵᠦ᠍᠂ ᠥᠪᠡᠷ᠎ᠤᠨ ᠫᠦᠰᠡ᠎ᠲᠠᠢ ᠪᠣᠯᠵᠠᠢ》 ᠭᠡᠵᠦ᠍ ᠼᠦᠢ ᠷᠦᠢ ᠬᠡᠯᠡᠨ᠎ᠡ᠃
ᠬᠠᠷᠠᠭ᠎ᠠ ᠲᠡᠯᠡᠵᠦ᠍ ᠴᠠᠭ ᠦᠶ᠎ᠡ᠎ᠲᠠᠢ ᠵᠡᠷᠭᠡ᠎ᠪᠠᠷ ᠤᠷᠤᠭ᠍ᠰᠢᠯᠠᠪᠠ
ᠲᠡᠮᠦᠷ᠎ᠤᠨ ᠳᠠᠷᠬᠠᠨ᠎ᠤ ᠠᠵᠢᠯ ᠪᠡᠷᠬᠡ ᠬᠠᠲᠠᠭᠤᠵᠢᠯᠲᠠᠢ ᠪᠠ ᠵᠢᠳᠠᠭ᠃ 《ᠵᠣᠨ᠎ᠤ 30 ᠭᠠᠷᠤᠶ ᠭᠷᠠᠳᠦ᠋ᠰ᠎ᠤᠨ ᠬᠠᠯᠠᠭᠤᠨ᠎ᠳᠤ ᠵᠤᠤᠬ᠎ᠠ᠎ᠪᠠᠨ ᠰᠠᠬᠢᠨ᠎ᠠ᠂ ᠪᠣᠯᠣᠳ ᠪᠣᠯᠤᠨ ᠲᠡᠮᠦᠷ ᠤᠶᠠᠯᠳᠤᠬᠤ ᠦᠶ᠎ᠡ᠎ᠳᠤ ᠳᠤᠯᠠᠭᠠᠨ᠎ᠤ ᠬᠡᠮᠵᠢᠶ᠎ᠡ᠎ᠨᠢ 1400 ᠭᠠᠷᠤᠶ ᠭᠷᠠᠳᠦ᠋ᠰ᠎ᠲᠤ ᠬᠦᠷᠴᠦ᠍᠂ ᠭᠠᠷᠤᠨ ᠠᠷᠠᠰᠤ᠎ᠶ᠋ᠢ ᠱᠢᠷᠠᠵᠤ᠂ ᠳᠤᠰᠤᠯ ᠬᠥᠯᠥᠰᠥ᠍ ᠭᠠᠵᠠᠷ ᠲᠤᠰᠭᠤ᠎ᠳᠤ ᠨᠦᠬᠡ ᠭᠠᠷᠳᠠᠭ》 ᠭᠡᠵᠦ᠍ ᠼᠦᠢ ᠷᠦᠢ ᠶᠠᠷᠢᠨ᠎ᠠ᠃
ᠼᠦᠢ ᠷᠦᠢ᠎ᠶ᠋ᠢᠨ ᠬᠡᠯᠡᠬᠦ᠌᠎ᠪᠠᠷ᠂ ᠰᠠᠢᠨ ᠲᠡᠮᠦᠷ᠎ᠤᠨ ᠳᠠᠷᠬᠠᠨ ᠪᠣᠯ ᠭᠠᠯ᠎ᠤᠨ ᠬᠥᠭ᠎ᠢ ᠦᠵᠡᠵᠦ᠍᠂ ᠲᠡᠮᠦᠷ᠎ᠤᠨ ᠬᠠᠯᠠᠭ᠍ᠰᠠᠨ ᠬᠡᠮᠵᠢᠶ᠎ᠡ᠎ᠶ᠋ᠢ ᠦᠨᠳᠦᠰᠦᠯᠡᠨ᠂ ᠱᠠᠪᠢ ᠨᠠᠷ᠎ᠢᠶᠠᠨ ᠬᠡᠵᠢᠶ᠎ᠡ ᠭᠠᠯ ᠨᠡᠮᠡᠬᠦ᠂ ᠬᠡᠵᠢᠶ᠎ᠡ ᠵᠤᠤᠬᠠᠨ᠎ᠠᠴᠠ ᠭᠠᠷᠭᠠᠬᠤ᠎ᠶ᠋ᠢ ᠵᠢᠯᠣᠭᠤᠳᠳᠠᠭ ᠭᠡᠨ᠎ᠡ᠃ ᠵᠠᠷᠢᠮ ᠬᠥᠮᠦᠨ ᠨᠢᠭᠡ ᠨᠠᠰᠤᠨ᠎ᠳᠠᠭᠠᠨ ᠰᠤᠷᠴᠤ᠌ ᠴᠢᠳᠠᠬᠤ ᠦᠭᠡᠢ ᠵᠥᠪᠬᠡᠨ ᠳᠠᠪᠲᠠᠬᠤ ᠠᠵᠢᠯ᠎ᠢ ᠬᠢᠨ᠎ᠡ᠃ ᠼᠦᠢ ᠤᠪᠤᠭ᠍ᠲᠦᠶ᠋ᠢᠨ ᠲᠡᠮᠦᠷ ᠵᠤᠤᠬ᠎ᠠ᠎ᠶ᠋ᠢᠨ ᠬᠤᠢᠴᠢᠰ ᠦᠶ᠎ᠠ᠎ᠶ᠋ᠢᠨ ᠦᠶ᠎ᠡ᠎ᠳᠡᠭᠡᠨ ᠡᠪᠦᠭᠡ ᠳᠡᠭᠡᠳᠦᠰ᠎ᠤᠨ᠎ᠢᠶᠠᠨ ᠳᠠᠪᠠᠭᠤᠯᠢᠭ ᠲᠠᠯ᠎ᠠ᠎ᠶ᠋ᠢ ᠵᠠᠯᠭᠠᠮᠵᠢᠯᠠᠵᠤ᠂ ᠬᠦᠴᠢᠷ᠎ᠠᠴᠠ ᠠᠶᠤᠬᠤ ᠦᠭᠡᠢ ᠰᠤᠷᠬᠤ᠎ᠳᠤ ᠴᠢᠳᠠᠮᠠᠭᠠᠢ ᠰᠡᠴᠡᠨ ᠰᠡᠷᠭᠦᠯᠡᠩ ᠠᠪᠬᠠᠯᠵᠢ᠎ᠶ᠋ᠢ ᠰᠤᠷᠴᠠᠶ᠃ ᠡᠳᠡᠭᠡᠷ ᠳᠠᠪᠠᠭᠤᠯᠢᠭ ᠲᠠᠯ᠎ᠠ᠎ᠨᠢ ᠼᠦᠢ ᠷᠦᠢ ᠪᠣᠯᠤᠨ ᠼᠦᠢ ᠶᠠᠨ ᠴᠦᠨ ᠡᠴᠢᠭᠡ ᠬᠦᠦ᠎ᠶ᠋ᠢᠨ ᠪᠡᠶ᠎ᠡ ᠳᠡᠭᠡᠷ᠎ᠡ ᠭᠦᠢᠴᠡᠳ ᠢᠯᠡᠷᠡᠵᠦ᠍ ᠪᠠ ᠵᠢᠨ᠎ᠠ᠃
ᠼᠦᠢ ᠷᠦᠢ ᠪᠠᠭ᠎ᠠ᠎ᠠᠴᠠ᠎ᠪᠠᠨ ᠵᠢᠷᠤᠭ ᠵᠢᠷᠤᠬᠤ᠎ᠳᠤ ᠠᠪᠢᠶᠠᠰᠯᠢᠭ᠃ 13 ᠨᠠᠰᠤᠲᠠᠶ᠎ᠳᠠᠭᠠᠨ ᠠᠪᠤ᠂ ᠠᠪᠠᠭ᠎ᠠ᠎ᠪᠠᠨ ᠳᠠᠭᠠᠵᠤ ᠲᠡᠮᠦᠷ ᠳᠠᠪᠲᠠᠬᠤ᠎ᠶ᠋ᠢ ᠰᠠ᠊ ᠶ᠋ᠢᠨ ᠰᠤᠷᠴᠠᠶ᠃ 29 ᠠᠴᠠ 38 ᠨᠠᠰᠤ ᠬᠦᠷᠲᠡᠯᠡᠬᠢ 9 ᠵᠢᠯ᠎ᠤᠨ ᠬᠤᠭᠤᠴᠠᠭᠠᠨ᠎ᠳᠤ᠂ ᠼᠦᠢ ᠷᠦᠢ ᠤᠷᠢᠳ ᠬᠤᠵᠢᠳ ᠬᠥᠬᠡᠬᠤᠲᠠ᠎ᠶ᠋ᠢᠨ ᠦᠨᠳᠦᠰᠦᠲᠡᠨ᠎ᠤ ᠡᠳ᠋ᠯᠡᠯ ᠬᠡᠷᠡᠭ᠌ᠰᠡᠯ᠎ᠤᠨ ᠦᠢᠯᠡᠳᠪᠦᠷᠢ᠂ ᠥᠪᠥᠷ ᠮᠣᠩᠭᠤᠯ᠎ᠤᠨ ᠭᠠᠳᠠᠭᠠᠳᠤ ᠠᠷᠠᠯᠵᠢᠶᠠᠨ᠎ᠤ ᠭᠠᠷ ᠤᠷᠠᠯᠠᠯ᠎ᠤᠨ ᠦᠢᠯᠡᠳᠪᠦᠷᠢ ᠪᠣᠯᠤᠨ ᠥᠪᠥᠷ ᠮᠣᠩᠭᠤᠯ᠎ᠤᠨ ᠮᠦᠽᠧᠢ᠎ᠶ᠋ᠢᠨ ᠬᠦᠷᠢᠶᠡᠯᠡᠩ᠎ᠳᠤ ᠠᠵᠢᠯᠯᠠᠵᠤ᠂ ᠴᠥᠮ ᠮᠡᠷᠭᠡᠵᠢᠯ ᠰᠤᠳᠤᠯᠤᠨ ᠦᠢᠯᠡᠳᠬᠦ᠌ ᠪᠠ ᠬᠢᠨᠠᠬᠤ ᠠᠵᠢᠯ᠎ᠢ ᠬᠠᠷᠢᠭᠤᠴᠠᠪᠠ᠃ ᠲᠤᠬᠠᠢ᠎ᠶ᠋ᠢᠨ ᠵᠢᠯ᠎ᠳᠤ᠂ ᠡᠨᠡ ᠬᠦ᠌ ᠭᠤᠷᠪᠠᠨ ᠪᠠᠢᠭᠤᠯᠭ᠎ᠠ᠎ᠳᠤ ᠤᠯᠠᠨ ᠤᠷᠠᠨ ᠳᠠᠷᠬᠠᠨ᠎ᠤ ᠴᠢᠳᠠᠪᠤᠷᠢᠲᠠᠨ ᠴᠤᠭ᠍ᠯᠠᠷᠠᠵᠠᠢ᠂ ᠡᠭᠦᠨ᠎ᠳᠤ ᠼᠦᠢ ᠷᠦᠢ ᠲᠡᠮᠦᠷ᠎ᠤᠨ ᠳᠠᠷᠬᠠᠨ᠎ᠠᠴᠠ ᠪᠤᠰᠤᠳ ᠤᠷ᠎ᠠ ᠮᠡᠷᠭᠡᠵᠢᠯ᠎ᠢ ᠮᠠᠰᠢ ᠤᠯᠠᠨ ᠤᠯᠵᠤ ᠰᠤᠷᠴᠠᠢ᠃
ᠲᠡᠷᠡ ᠥᠪᠥᠷ ᠮᠣᠩᠭᠤᠯ᠎ᠤᠨ ᠮᠦᠽᠧᠢ᠎ᠶ᠋ᠢᠨ ᠬᠦᠷᠢᠶᠡᠯᠡᠩ᠎ᠳᠤ ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ ᠰᠡᠷᠭᠦᠭᠡᠨ ᠵᠠᠰᠠᠬᠤ ᠠᠵᠢᠯ ᠬᠢᠵᠦ᠍ ᠪᠠᠢᠬᠤ᠎ᠳᠠᠭᠠᠨ ᠤᠯᠤᠰ᠎ᠤᠨ ᠣᠨᠴᠠ ᠲᠡᠰ᠎ᠤᠨ ᠲᠡᠦᠬᠡ᠎ᠶ᠋ᠢᠨ ᠳᠤᠷᠠᠰᠭᠠᠯᠲᠤ ᠵᠦᠢᠯ ᠪᠤᠯᠬᠤ ᠡᠩᠬᠡ ᠠᠮᠤᠭᠤᠯᠠᠩ᠎ᠤᠨ ᠡᠷᠳᠡᠨᠢ᠎ᠶ᠋ᠢᠨ ᠬᠢᠲᠤᠭ᠎ᠠ᠎ᠶ᠋ᠢ ᠠᠮᠵᠢᠯᠲᠠ᠎ᠲᠠᠢ ᠳᠠᠭᠤᠷᠢᠶᠠᠨ ᠵᠤᠬᠢᠶᠠᠵᠠᠢ᠃ 1981 ᠣᠨ᠎ᠳᠤ᠂ ᠲᠡᠷᠡ ᠪᠠᠢᠭᠤᠯᠤᠮᠵᠢ᠎ᠠᠴᠠ᠎ᠪᠠᠨ ᠰᠠᠯᠵᠤ ᠬᠤᠪᠢ᠎ᠶ᠋ᠢᠨ ᠡᠵᠡᠩᠨᠡᠯᠲᠡ ᠬᠢᠵᠦ᠍᠂ ᠼᠦᠢ ᠤᠪᠤᠭ᠍ᠲᠦᠶ᠋ᠢᠨ ᠲᠡᠮᠦᠷ ᠵᠤᠤᠬ᠎ᠠ ᠭᠡᠬᠦ᠌ ᠨᠡᠷᠡᠲᠦ ᠲᠡᠮᠲᠡᠭ᠎ᠢᠶᠠᠨ ᠳᠠᠬᠢᠨᠲᠠ ᠡᠷᠭᠦᠪᠡ᠃ ᠼᠦᠢ ᠷᠦᠢ ᠡᠪᠦᠭᠡ ᠳᠡᠭᠡᠳᠦᠰ᠎ᠤᠨ᠎ᠢᠶᠠᠨ ᠤᠯᠠᠮᠵᠢᠯᠠᠯᠲᠤ ᠴᠢᠳᠭᠤᠨ ᠦᠢᠯᠡᠳᠬᠦ᠌ ᠮᠡᠷᠭᠡᠵᠢᠯ᠎ᠢ ᠵᠠᠯᠭᠠᠮᠵᠢᠯᠠᠭ᠍ᠰᠠᠨ ᠰᠠᠭᠤᠷᠢᠨ ᠳᠡᠭᠡᠷ᠎ᠡ᠂ ᠤᠳᠤ ᠦᠶ᠎ᠡ᠎ᠶ᠋ᠢᠨ ᠴᠢᠳᠭᠤᠨ ᠦᠢᠯᠡᠳᠬᠦ᠌ ᠮᠡᠷᠭᠡᠵᠢᠯ᠎ᠢ ᠠᠱᠢᠬ᠍ᠯᠠᠨ ᠱᠢᠨ᠎ᠡ᠎ᠶ᠋ᠢ ᠡᠭᠦᠳᠦᠨ᠂ ᠠᠯᠲᠠ ᠮᠥᠩᠭᠦ᠌ ᠲᠡᠮᠦᠷ᠎ᠤᠨ ᠭᠠᠷ ᠤᠷᠠᠯᠠᠯ᠎ᠤᠨ ᠦᠢᠯᠡᠳᠭᠦᠨ᠎ᠢ ᠡᠳ᠋ᠱᠢᠭᠦᠯᠦᠨ ᠪᠣᠯᠪᠠᠰᠤᠷᠠᠭᠤᠯᠵᠤ᠂ ᠪᠠᠰᠠ ᠵᠡᠰ ᠬᠠᠨ᠎ᠠ᠎ᠶ᠋ᠢᠨ ᠵᠢᠷᠤᠭ᠂ ᠭᠦᠳᠦᠭᠦᠷ ᠰᠡᠢᠯᠦᠮᠡᠯ᠂ ᠦᠯᠦ᠍ ᠵᠢᠪᠡᠷᠡᠬᠦ᠌ ᠪᠤᠯᠤᠳ᠂ ᠲᠤᠮᠤ ᠬᠡᠯᠪᠡᠷᠢ᠎ᠶ᠋ᠢᠨ ᠱᠤᠭᠤᠮᠠᠯ ᠦᠢᠯᠡᠳᠴᠦ᠍ ᠡᠬᠢᠯᠡᠵᠡᠢ᠃ ᠢᠯᠠᠩᠭᠤᠶ᠎ᠠ ᠱᠤᠭᠤᠮᠠᠯ᠎ᠤᠨ ᠬᠦᠷᠢᠶᠡᠨ᠎ᠳᠤ᠂ ᠼᠦᠢ ᠷᠦᠢ ᠪᠣᠯᠤᠨ ᠼᠦᠢ ᠶᠠᠨ ᠴᠦᠨ ᠡᠴᠢᠭᠡ ᠬᠥᠪᠡᠭᠦᠨ ᠬᠤᠶᠠᠭᠤᠯᠠ ᠨᠡᠷ᠎ᠡ ᠠᠯᠳᠠᠷ᠎ᠢᠶᠠᠨ ᠳᠠᠭᠤᠷᠢᠰᠤᠭᠤᠯᠵᠤ᠂ ᠤᠳᠤ ᠨᠢᠭᠡᠨᠲᠡ ᠪᠤᠭᠤᠲᠤ ᠬᠤᠳᠠ᠂ ᠵᠡᠭᠦᠨᠭᠠᠷ ᠬᠤᠱᠢᠭᠤ᠂ ᠠᠯᠠᠱᠠ ᠠᠢᠮᠠᠭ ᠵᠡᠷᠭᠡ ᠭᠠᠵᠠᠷ ᠵᠢᠴᠢ ᠥᠪᠥᠷ ᠮᠣᠩᠭᠤᠯ᠎ᠤᠨ ᠶᠡᠭᠡ ᠰᠤᠷᠭᠠᠭᠤᠯᠢ᠂ ᠥᠪᠥᠷ ᠮᠣᠩᠭᠤᠯ᠎ᠤᠨ ᠲᠠᠷᠢᠶᠠᠯᠠᠩ᠎ᠤᠨ ᠶᠡᠭᠡ ᠰᠤᠷᠭᠠᠭᠤᠯᠢ᠂ ᠥᠪᠥᠷ ᠮᠣᠩᠭᠤᠯ᠎ᠤᠨ ᠮᠦᠽᠧᠢ᠎ᠶ᠋ᠢᠨ ᠬᠦᠷᠢᠶᠡᠯᠡᠩ ᠵᠡᠷᠭᠡ ᠤᠯᠠᠨ ᠨᠢᠭᠡᠴᠢ ᠶᠡᠭᠡ ᠳᠡᠭᠡᠳᠦ ᠰᠤᠷᠭᠠᠭᠤᠯᠢ᠎ᠳᠤ ᠥᠪᠡᠷᠮᠢᠴᠡ ᠣᠨᠴᠠᠯᠢᠭ᠎ᠲᠠᠢ᠂ ᠭᠦᠨ ᠭᠦᠨᠵᠡᠭᠡᠢ ᠤᠳᠭ᠎ᠠ ᠠᠭᠤᠯᠭ᠎ᠠ᠎ᠲᠠᠢ ᠱᠤᠭᠤᠮᠠᠯ ᠱᠤᠭᠤᠵᠤ ᠥᠭ᠌ᠭᠦᠭ᠌ᠰᠡᠨ ᠪᠠᠢᠨ᠎ᠠ᠃
2021 ᠣᠨ᠎ᠳᠤ᠂ 4 ᠵᠢᠯ᠎ᠤᠨ ᠴᠥᠬᠦᠷᠡᠰᠢ ᠥᠬᠡᠶ ᠴᠢᠷᠮᠠᠢᠯᠭ᠎ᠠ᠎ᠪᠠᠷ᠂ ᠼᠦᠢ ᠤᠪᠤᠭ᠍ᠲᠦᠶ᠋ᠢᠨ ᠲᠡᠮᠦᠷ ᠵᠤᠤᠬ᠎ᠠ᠎ᠶ᠋ᠢᠨ ᠲᠡᠮᠦᠷ ᠳᠠᠪᠲᠠᠬᠤ ᠤᠷ᠎ᠠ ᠮᠡᠷᠭᠡᠵᠢᠯ ᠬᠦ᠍ᠬᠡᠬᠤᠲᠠᠶ᠋ᠢᠨ ᠪᠣᠳᠠᠰ᠎ᠤᠨ ᠪᠤᠰᠤ ᠰᠣᠶᠣᠯ᠎ᠤᠨ ᠥᠪ ᠪᠣᠯᠪᠠ᠃ ᠼᠦᠢ ᠶᠠᠨ ᠴᠦᠨ ᠼᠦᠢ ᠤᠪᠤᠭ᠍ᠲᠦᠶ᠋ᠢᠨ ᠲᠡᠮᠦᠷ ᠵᠤᠤᠬ᠎ᠠ᠎ᠶ᠋ᠢᠨ ᠵᠢᠷᠭᠤᠳᠤᠭᠠᠷ ᠦᠶ᠎ᠡ᠎ᠶ᠋ᠢᠨ ᠤᠯᠠᠮᠵᠢᠯᠠᠭ᠍ᠴᠢ᠂ ᠪᠣᠳᠠᠰ᠎ᠤᠨ ᠪᠤᠰᠤ ᠰᠣᠶᠣᠯ᠎ᠤᠨ ᠥᠪ᠎ᠤᠨ ᠤᠯᠠᠮᠵᠢᠯᠠᠭ᠍ᠴᠢ ᠪᠤᠯᠵᠠᠢ᠃