ᠤᠷᠤᠯᠭ᠎ᠠ᠎ᠶ᠋ᠢᠨ ᠵᠠᠮ᠎ᠢ ᠨᠡᠬᠡᠬᠡᠭ᠌ᠰᠡᠨ ᠤᠨᠴᠠᠯᠢᠭ᠍ᠳᠤ ᠲᠠᠷᠢᠮᠠᠯ
2021-09-14 10:03:01
ᠵᠣᠬᠢᠶᠠᠭ᠍ᠴᠢ᠄
​ ᠰᠠᠷᠭᠠᠢ ᠬᠦᠭ᠌ᠵᠢᠯᠳᠤ ᠨᠠᠮᠤᠭ
ᠣᠩᠱᠢᠭ᠍ᠰᠠᠨ ᠣᠳᠠᠭ᠎ᠠ᠄
★★★☆☆

ᠨᠠᠮᠤᠷ᠎ᠤᠨ ᠡᠬᠢ᠎ᠪᠠᠷ᠂ ᠲᠦᠮᠡᠳ᠎ᠤᠨ ᠲᠠᠯ᠎ᠠ᠎ᠳᠤ ᠡᠯᠪᠡᠭ ᠬᠤᠷᠢᠶᠠᠯᠳᠡ᠎ᠶ᠋ᠢᠨ ᠲᠠᠭᠤᠨ ᠬᠠᠩᠬᠢᠨᠠᠵᠤ᠂ ᠬᠦᠳᠡᠯᠮᠤᠷᠢᠴᠢᠨ ᠲᠦᠮᠡᠨ ᠮᠠᠩᠨᠠᠢ ᠲᠠᠨᠢᠨ ᠪᠠᠶᠠᠰᠤᠯᠴᠠᠨ᠎ᠠ᠃ ᠲᠦᠮᠡᠳ ᠵᠡᠬᠦᠨ ᠬᠤᠱᠢᠭᠤᠨ᠎ᠤ ᠴᠡᠯᠡᠬᠡᠷ ᠲᠠᠯ᠎ᠠ ᠪᠠᠯᠭᠠᠰᠤ᠎ᠶ᠋ᠢᠨ ᠲᠤᠰᠭᠤ ᠬᠡᠷ ᠲᠤᠰᠭᠤᠨ᠎ᠤ ᠡᠷᠳᠡᠨᠢ ᠱᠢᠰᠢ᠎ᠶ᠋ᠢᠨ ᠲᠠᠷᠢᠶ᠎ᠠ ᠨᠤᠭᠤᠭᠠᠨ ᠲᠠᠪᠠᠯᠭᠠᠨ ᠦᠶᠡᠯᠵᠡᠬᠦᠯᠦᠨ ᠤᠯᠠᠭᠠᠨ ᠵᠢᠯᠠᠭ᠎ᠠ ᠰᠠᠴᠤᠷᠠᠭᠤᠯᠵᠤ᠂ ᠦᠷ᠎ᠠ ᠵᠢᠮᠢᠰ᠎ᠢᠶᠠᠨ ᠭᠠᠢᠬᠠᠭᠤᠯᠤᠨ᠎ᠠ᠃

《ᠡᠨᠡ ᠪᠤᠯ ᠵᠢᠮᠢᠰᠤᠨ ᠡᠷᠳᠡᠨᠢ ᠱᠢᠰᠢ᠂ ᠨᠦᠢᠳᠠᠨ᠎ᠢᠶᠠᠷ ᠮᠤᠯᠳᠤᠯᠵᠤ ᠠᠪᠤᠭᠠᠳ ᠬᠠᠯᠢᠰᠤ᠎ᠲᠠᠢ᠎ᠨᠢ ᠪᠤᠷᠤᠯᠠᠭᠤᠯᠳᠠᠭ᠃ ᠦᠨᠤᠷ ᠠᠮᠳᠠ᠎ᠨᠢ ᠵᠢᠮᠢᠰ ᠱᠢᠭ ᠪᠠᠢᠵᠤ᠂ ᠲᠦᠬᠦᠬᠡᠢ᠎ᠪᠠᠷ ᠢᠳᠡᠵᠤ ᠪᠤᠯᠳᠠᠭ ᠶᠤᠮ》 ᠬᠡᠵᠤ ᠡᠷᠳᠡᠨᠢ ᠱᠢᠰᠢ᠎ᠪᠠᠨ ᠬᠤᠷᠢᠶᠠᠵᠤ ᠪᠠᠢᠭ᠍ᠰᠠᠨ ᠲᠤᠰᠭᠤ ᠬᠡᠷ ᠲᠤᠰᠭᠤᠨ᠎ᠤ ᠲᠠᠷᠢᠶᠠᠴᠢᠨ ᠯᠢᠤᠢ ᠮᠧᠢ ᠵᠢᠶᠦ᠋ᠨ ᠬᠡᠯᠡᠭ᠌ᠰᠡᠨ᠎ᠢᠶᠠᠨ ᠪᠦᠳᠦᠬᠦᠨ ᠱᠢᠭ᠎ᠠᠴᠠ ᠨᠢᠬᠡ᠎ᠶ᠋ᠢ ᠮᠤᠯᠳᠤᠯᠤᠨ ᠬᠠᠯᠢᠰᠤ᠎ᠶ᠋ᠢ᠎ᠨᠢ ᠱᠠᠭᠠᠯᠬᠤ᠎ᠳᠤ ᠮᠦᠬᠦᠯᠢᠭ ᠲᠦᠬᠦᠷᠡᠩ ᠡᠷᠳᠡᠨᠢ ᠱᠢᠰᠢ ᠴᠤᠬᠤᠢ᠍ᠢᠨ ᠭᠠᠷᠴᠤ᠌᠂ ᠠᠩᠬᠢᠯᠦᠮ᠎ᠠ ᠦᠨᠦᠷ ᠰᠡᠩᠬᠢᠨᠡᠬᠦ᠌ ᠱᠢᠭ ᠪᠤᠯᠤᠯ᠎ᠠ᠃ ᠪᠢᠳᠡᠨ᠎ᠤ ᠢᠳᠡᠬᠡᠵᠤ ᠶᠠᠳᠠᠬᠤ᠎ᠶ᠋ᠢ ᠦᠵᠡᠬᠡᠳ ᠲᠡᠷᠡ ᠱᠢᠭᠤᠳ ᠲᠦᠬᠦᠬᠡᠢ᠎ᠪᠠᠷ᠎ᠨᠢ ᠠᠮᠳᠠᠳᠠᠢᠬᠠᠨ ᠢᠳᠡᠵᠤ ᠭᠠᠷᠤᠯ᠎ᠠ᠃ ᠲᠡᠬᠦᠨ᠎ᠤ ᠢᠳᠡᠬᠦ᠌᠎ᠶ᠋ᠢ ᠬᠠᠷᠠᠭᠠᠳ ᠪᠢᠳᠡ ᠰᠤᠨᠢᠷᠬᠠᠨ ᠠᠮᠳᠠᠯᠠᠬᠤ᠎ᠳᠤ ᠨᠡᠬᠡᠷᠡᠨ ᠱᠢᠬᠦᠰᠦᠯᠢᠭ᠂ ᠬᠡᠤᠷᠡᠭ ᠮᠦᠷᠳᠡᠭᠡᠨ ᠰᠤᠷᠭᠤᠭ ᠵᠢᠮᠢᠰ᠎ᠤᠨ ᠠᠮᠳᠠ᠎ᠲᠠᠢ ᠪᠠᠢᠵᠤ᠂ ᠲᠦᠬᠦᠬᠡᠢ ᠪᠤᠳᠠᠭᠠᠨ᠎ᠤ ᠠᠮᠳᠠ ᠲᠠᠮᠡᠢ ᠮᠡᠳᠡᠭ᠌ᠳᠡᠭ᠌ᠰᠡᠨ ᠦᠬᠡᠢ᠃


 

QQ截图20210914093041.png


《ᠲᠦᠭᠦᠬᠡᠢ᠎ᠪᠠᠷ ᠢᠳᠡᠬᠦ᠌᠎ᠳᠤ ᠮᠠᠨ᠎ᠤ ᠤᠮᠠᠷᠠᠲᠤ ᠣᠷᠣᠨ᠎ᠤ ᠬᠦᠮᠦᠰ ᠳᠡᠮᠡᠢ ᠳᠠᠳᠭᠤ ᠦᠭᠡᠢ᠂ ᠭᠡᠪᠡᠴᠦ᠍ ᠡᠮᠦᠨᠡᠲᠦ ᠣᠷᠣᠨ᠎ᠤ ᠬᠦᠮᠦᠰ ᠤᠨᠴᠠᠭᠠᠢ ᠲᠤᠷᠠᠳᠡᠢ ᠪᠠᠢᠳᠠᠭ᠃ ᠡᠨᠡ ᠬᠦ᠌ ᠵᠢᠮᠢᠰᠤᠨ ᠡᠷᠳᠡᠨᠢ ᠱᠢᠰᠢ ᠪᠤᠯ ᠮᠠᠨ᠎ᠤ ᠲᠤᠰᠭᠤᠨ᠎ᠤ ᠤᠨᠴᠠᠯᠢᠭ᠍ᠳᠤ ᠲᠠᠷᠢᠮᠠᠯ᠎ᠤᠨ ᠨᠢᠬᠡ᠂ ᠯᠢ ᠵᠢᠩ ᠪᠢᠳᠠᠨ᠎ᠢ ᠲᠠᠭᠠᠭᠤᠯᠵᠤ ᠲᠠᠷᠢᠭ᠍ᠰᠠᠨ ᠶᠤᠮ》 ᠬᠡᠵᠤ ᠯᠢᠤᠢ ᠮᠧᠢ ᠵᠢᠶᠦ᠋ᠨ ᠬᠡᠯᠡᠨ᠎ᠠ᠃ ᠲᠡᠬᠦᠨ᠎ᠤ ᠬᠡᠯᠡᠵᠤ ᠪᠠᠢᠭ᠎ᠠ ᠯᠢ ᠵᠢᠩ ᠪᠣᠯ ᠲᠤᠰᠭᠤ ᠬᠡᠷ ᠲᠣᠰᠭᠤᠨ᠎ᠤ ᠠᠷᠠᠤᠨ᠎ᠤᠨ ᠵᠦᠪᠯᠡᠯ᠎ᠤᠨ ᠳᠡᠳ᠋ ᠡᠷᠬᠢᠯᠡᠭ᠌ᠴᠢ᠂ ᠲᠦᠮᠡᠳ ᠵᠡᠭᠦᠨ ᠬᠤᠱᠢᠭᠤᠨ᠎ᠤ ᠵᠦᠩ ᠴᠧᠩ ᠲᠠᠷᠢᠵᠤ ᠲᠡᠵᠢᠬᠡᠬᠦ᠌ ᠲᠤᠰᠭᠠᠢ ᠬᠤᠷᠱᠢᠶ᠎ᠠ᠎ᠶ᠋ᠢᠨ ᠬᠠᠷᠢᠭᠤᠴᠠᠯᠭᠠᠲᠠᠨ ᠪᠤᠯᠤᠨ᠎ᠠ᠃

《ᠮᠠᠨ᠎ᠤ ᠲᠣᠰᠭᠤᠨ᠎ᠳᠤ ᠡᠷᠦᠬᠡ ᠠᠮᠠ᠎ᠶ᠋ᠢᠨ ᠲᠠᠩᠰᠠ᠎ᠲᠠᠢ ᠬᠥᠮᠦᠨ ᠠᠮᠠ 2650 ᠭᠠᠷᠤᠶ ᠪᠠᠢᠵᠤ᠂ ᠪᠠᠢᠩᠭᠤ ᠰᠠᠭᠤᠭ᠎ᠠ ᠬᠥᠮᠦᠨ ᠠᠮᠠ 537 ᠡᠷᠤᠬᠡ 1700 ᠭᠠᠷᠤᠶ ᠬᠦᠮᠦᠨ ᠪᠤᠢ᠃ ᠪᠦᠬᠦ᠌ ᠲᠤᠰᠭᠤᠨ᠎ᠢᠶᠠᠷ᠎ᠢᠶᠠᠨ 1.6 ᠲᠦᠮᠡ ᠭᠠᠷᠤᠢ ᠮᠥ᠍ ᠲᠠᠷᠢᠶᠠᠨ ᠭᠠᠵᠠᠷ᠎ᠲᠠᠭᠠᠨ ᠪᠠᠷᠤᠭ ᠪᠦᠷ ᠡᠩ᠎ᠤᠨ ᠡᠷᠳᠡᠨᠢ ᠱᠢᠰᠢ ᠳᠠᠷᠢᠵᠤ ᠪᠠᠢᠨ᠎ᠠ》 ᠬᠡᠵᠤ ᠯᠢ ᠵᠢᠩ ᠲᠣᠰᠭᠤᠨ᠎ᠤ ᠦᠨᠳᠦᠰᠦᠨ ᠪᠠᠢᠳᠠᠯ᠎ᠢ ᠠᠯᠠᠭᠠᠨ ᠵᠢᠷᠤᠭᠠᠰᠤ᠎ᠪᠠᠨ ᠱᠢᠬ ᠮᠡᠳᠡᠵᠤ ᠪᠠᠢᠯ᠎ᠠ᠃ ᠲᠦᠷᠦᠬᠦᠦ ᠬᠡᠳᠤᠨ ᠵᠢᠯ᠎ᠳᠤ ᠡᠷᠳᠡᠨᠢ ᠱᠢᠰᠢ᠎ᠶ᠋ᠢᠨ ᠦᠨ᠎ᠡ ᠬᠠᠩᠰᠢ ᠶᠡᠭᠡ ᠲᠤᠤᠷ᠎ᠠ᠂ ᠵᠢᠩ ᠪᠦᠷᠢ᠎ᠶ᠋ᠢ 0.7 ᠲᠦᠬᠦᠷᠢᠭ᠎ᠢᠶᠠᠷ ᠬᠤᠳᠠᠯᠳᠤᠶ᠎ᠠ ᠬᠡᠰᠡᠨ ᠴᠦ᠍ ᠠᠪᠬᠤ ᠬᠦᠮᠦᠨ ᠦᠬᠡᠢ ᠪᠠᠢᠵᠤ᠂ ᠲᠣᠰᠭᠤᠨ᠎ᠤ ᠠᠷᠠᠳ ᠭᠠᠷ ᠨᠤᠬᠤᠯᠤᠨ ᠭᠠᠴᠢᠭ᠍ᠳᠠᠵᠠᠭᠠᠨ᠎ᠠ᠃ ᠡᠩ᠎ᠤᠨ ᠡᠷᠳᠡᠨᠢ ᠱᠢᠰᠢ᠎ᠶ᠋ᠢᠨ ᠪᠣᠷᠣᠯᠠᠭᠤᠯᠭ᠎ᠠ ᠮᠠᠭᠤ ᠮᠦᠷᠳᠡᠭᠡᠨ ᠠᠱᠢᠭ ᠤᠷᠤᠯᠭ᠎ᠠ᠎ᠨᠢ ᠴᠦ᠍ ᠠᠨᠠᠢ ᠪᠤᠯᠬᠤᠷ ᠯᠢ ᠵᠢᠩ ᠲᠣᠰᠭᠤᠨ᠎ᠤ ᠠᠷᠠᠳ᠎ᠢ ᠳᠠᠭᠠᠭᠤᠯᠤᠨ ᠤᠨᠴᠠᠯᠢᠬ᠍ᠳᠤ ᠲᠠᠷᠢᠮᠠᠯ᠎ᠤᠨ ᠦᠢᠯᠡᠰ᠎ᠢ ᠬᠦᠭ᠌ᠵᠢᠬᠦᠯᠵᠤ ᠠᠱᠢᠭ ᠤᠷᠤᠯᠭ᠎ᠠ᠎ᠪᠠᠨ ᠨᠡᠮᠡᠭ᠌ᠳᠡᠬᠦᠯᠬᠦ᠌᠎ᠪᠠᠷ ᠱᠢᠢᠳᠴᠠᠢ᠃ ᠲᠡᠭᠡᠭᠡᠳ ᠲᠡᠷᠡ ᠲᠣᠰᠭᠤᠨ᠎ᠤ ᠵᠠᠯᠠᠭᠤᠴᠤᠳ᠎ᠢᠶᠠᠨ ᠳᠠᠭᠠᠭᠤᠯᠤᠨ ᠾᠧᠪᠧᠶ ᠮᠤᠵᠢ᠎ᠶ᠋ᠢᠨ ᠠᠨ ᠭᠦᠸᠧ ᠬᠤᠲᠠ᠂ ᠠᠨᠾᠦ᠋ᠢ ᠮᠤᠵᠢ᠎ᠶ᠋ᠢᠨ ᠪᠥᠸᠧ ᠵᠧᠤ ᠬᠤᠲᠠ᠎ᠳᠤ ᠬᠡᠳᠦ ᠤᠳᠠᠭ᠎ᠠ ᠬᠦᠷᠴᠤ᠌ ᠱᠢᠨᠵᠢᠯᠡᠨ ᠪᠠᠢᠴᠠᠭᠠᠭ᠍ᠰᠠᠨ᠎ᠤ ᠲᠠᠷᠠᠭ᠎ᠠ 2019 ᠣᠨ᠎ᠳᠤ ᠲᠦᠮᠡᠳ ᠵᠡᠭᠦᠨ ᠬᠤᠱᠢᠭᠤᠨ᠎ᠤ ᠵᠥᠩ ᠴᠧᠩ ᠳᠠᠷᠢᠵᠤ ᠲᠡᠵᠢᠭᠡᠬᠦ᠌ ᠲᠤᠰᠭᠠᠶ ᠬᠤᠷᠱᠢᠶ᠎ᠠ᠎ᠶ᠋ᠢ ᠪᠠᠢᠭᠤᠯᠵᠤ᠂ ᠲᠤᠰᠭᠤᠨ᠎ᠤ ᠲᠠᠷᠢᠶᠠᠴᠢᠳ᠎ᠤᠨ 200 ᠮᠥ᠍ ᠲᠠᠷᠢᠶᠠᠨ ᠭᠠᠵᠠᠷ᠎ᠤᠨ ᠡᠵᠡᠩᠨᠡᠯᠳᠡ᠎ᠶ᠋ᠢᠨ ᠡᠷᠭᠡ᠎ᠶ᠋ᠢ ᠬᠦᠢᠯᠬᠡᠬᠡᠯᠡᠵᠤ ᠠᠪᠤᠭᠠᠳ ᠡᠪᠡᠰᠤᠨ ᠡᠮ᠎ᠤᠨ ᠮᠠᠲ᠋ᠧᠷᠢᠶᠠᠯ ᠲᠠᠷᠢᠬᠤ ᠲᠤᠷᠱᠢᠯᠲᠠ᠎ᠶ᠋ᠢᠨ ᠲᠠᠷᠢᠶ᠎ᠠ ᠪᠤᠯᠭᠠᠨ᠂ ᠨᠢᠳᠤᠨᠤᠨ 160 ᠮᠦ᠍ ᠬᠤᠨᠴᠢᠷ ᠪᠠ 40 ᠮᠦ᠍ ᠱᠢᠬᠢᠷ ᠡᠪᠡᠰᠦ ᠲᠠᠷᠢᠵᠤ᠂ ᠬᠤᠨᠴᠢᠷ᠎ᠤᠨ ᠮᠦ᠍ ᠪᠦᠷᠢ᠎ᠶ᠋ᠢᠨ ᠤᠨᠠᠯᠲᠠ᠎ᠨᠢ 1200 ᠵᠢᠩ᠎ᠢ ᠲᠠᠪᠠᠭ᠍ᠰᠠᠨ ᠪᠠᠢᠨ᠎ᠠ᠃

ᠡᠪᠡᠰᠤᠨ ᠡᠮ᠎ᠤᠨ ᠮᠠᠲ᠋ᠧᠷᠢᠶᠠᠯ᠎ᠢ ᠨᠢᠬᠡ ᠯᠡ ᠭᠠᠵᠠᠷ᠎ᠲᠤ ᠵᠢᠯ ᠲᠠᠷᠠᠭᠠᠯᠠᠨ ᠲᠠᠷᠢᠵᠤ ᠪᠤᠯᠬᠤ ᠦᠬᠡᠢ᠂ ᠰᠡᠯᠬᠦᠨ ᠲᠠᠷᠢᠬᠤ ᠴᠢᠬᠤᠯᠠᠳᠠᠢ ᠪᠤᠯᠬᠤᠷ ᠡᠨᠡ ᠵᠢᠯ ᠵᠥᠩ ᠴᠧᠩ ᠳᠠᠷᠢᠵᠤ ᠲᠡᠵᠢᠭᠡᠬᠦ᠌ ᠲᠤᠰᠭᠠᠶ ᠬᠤᠷᠱᠢᠶ᠎ᠠ᠎ᠶ᠋ᠢᠨ᠎ᠬᠢᠨ ᠥᠪᠥᠷ ᠮᠣᠩᠭᠤᠯ᠎ᠤᠨ ᠬᠤᠤ ᠹᠧᠩ ᠲᠠᠷᠢᠶᠠᠯᠠᠩ᠎ᠤᠨ ᠬᠢᠵᠠᠭᠠᠷᠳᠤ ᠺᠣᠮᠫᠠᠨᠢ᠎ᠲᠠᠢ 200 ᠮᠥ᠎ᠶ᠋ᠢᠨ ᠵᠢᠮᠢᠰᠤᠨ ᠡᠷᠳᠡᠨᠢ ᠱᠢᠰᠢ᠎ᠶ᠋ᠢᠨ ᠵᠠᠬᠢᠶᠠᠯᠠᠭ᠎ᠠ᠎ᠶ᠋ᠢᠨ ᠭᠡᠷ᠎ᠡ ᠲᠣᠭ᠍ᠲᠠᠵᠤ᠂ ᠯᠢ ᠵᠢᠩ ᠲᠣᠰᠭᠤᠨ᠎ᠤ ᠠᠷᠠᠳ᠎ᠢ ᠳᠠᠭᠠᠭᠤᠯᠤᠨ ᠨᠢᠳᠤᠨᠤᠨ᠎ᠤ ᠡᠪᠡᠰᠤᠨ ᠡᠮ᠎ᠤᠨ ᠮᠠᠲ᠋ᠧᠷᠢᠶᠠᠯ ᠲᠠᠷᠢᠭ᠍ᠰᠠᠨ ᠭᠠᠵᠠᠷ᠎ᠲᠠᠭᠠᠨ ᠵᠢᠮᠢᠰᠤᠨ ᠡᠷᠳᠡᠨᠢ ᠱᠢᠰᠢ ᠲᠠᠷᠢᠵᠤ᠂ ᠡᠨᠡ ᠵᠢᠯ᠎ᠤᠨ ᠱᠢᠨ᠎ᠠ᠎ᠪᠠᠷ ᠬᠦᠢᠯᠬᠡᠬᠡᠯᠠᠵᠤ ᠠᠪᠤᠭ᠍ᠰᠠᠨ 200 ᠮᠦ᠍ ᠲᠠᠷᠢᠶᠠᠨ ᠭᠠᠵᠠᠷ᠎ᠲᠤ ᠦᠷᠬᠦᠯᠵᠢᠯᠡᠨ ᠡᠪᠡᠰᠤᠨ ᠡᠮ᠎ᠤᠨ ᠮᠠᠲ᠋ᠧᠷᠢᠶᠠᠯ ᠲᠠᠷᠢᠭ᠍ᠰᠠᠨ ᠪᠠᠢᠨ᠎ᠠ᠃ 《ᠡᠨᠡ ᠵᠢᠯ᠎ᠤᠨ ᠲᠤᠷᠱᠢᠨ ᠳᠠᠷᠢᠭ᠍ᠰᠠᠨ ᠵᠢᠮᠢᠰᠤᠨ ᠡᠷᠳᠡᠨᠢ ᠱᠢᠰᠢ᠎ᠶ᠋ᠢᠨ ᠶᠠᠰᠤ ᠴᠢᠨᠠᠷ ᠪᠠ ᠤᠨᠠᠯᠳᠠ ᠶᠡᠭᠡ ᠰᠠᠢᠨ᠃ ᠪᠢᠳᠡ ᠲᠠᠷᠠᠭ᠎ᠠ ᠵᠢᠯ᠎ᠠᠴᠠ ᠲᠤᠰᠭᠤ ᠬᠡᠷ ᠲᠤᠰᠭᠤᠨ᠎ᠳᠤ ᠬᠤᠤ ᠹᠧᠩ ᠬᠢᠵᠠᠭᠠᠷᠳᠤ ᠺᠣᠮᠫᠠᠨᠢ᠎ᠶ᠋ᠢᠨ ᠵᠢᠮᠢᠰᠤᠨ ᠡᠷᠳᠡᠨᠢ ᠱᠢᠰᠢ ᠲᠠᠷᠢᠬᠤ ᠰᠠᠭᠤᠷᠢᠨ᠎ᠢ ᠪᠦᠳᠦᠬᠡᠨ ᠪᠠᠢᠭᠤᠯᠬᠤ᠎ᠪᠠᠷ ᠨᠢᠬᠡᠨᠳᠡ ᠺᠣᠮᠫᠠᠨᠢ᠎ᠶ᠋ᠢᠨ ᠲᠠᠯ᠎ᠠ᠎ᠶ᠋ᠢᠨ᠎ᠬᠢᠨ᠎ᠲᠠᠢ ᠶᠠᠷᠢᠯᠴᠠᠭᠠᠳ ᠲᠤᠭ᠍ᠳᠠᠴᠢᠬᠠᠭ᠍ᠰᠠᠨ》 ᠭᠡᠵᠦ᠍ ᠯᠢ ᠵᠢᠩ ᠢᠷᠡᠬᠡᠳᠤᠢ᠎ᠶ᠋ᠢᠨ ᠬᠦᠭ᠌ᠵᠢᠯᠳᠡ᠎ᠳᠡᠭᠡᠨ ᠬᠦᠰᠡᠯ ᠪᠢᠯᠬᠠᠨ᠎ᠠ᠃

ᠣᠨᠴᠠᠯᠢᠭ᠍ᠲᠤ ᠲᠠᠷᠢᠮᠠᠯ᠎ᠤᠨ ᠦᠢᠯᠡᠰ᠎ᠢ ᠬᠥᠭ᠌ᠵᠢᠭᠦᠯᠦᠭ᠌ᠰᠡᠨ᠎ᠠᠴᠠ ᠲᠤᠰᠭᠤᠨ᠎ᠤ ᠠᠷᠠᠳ ᠶᠡᠬᠡᠬᠡᠨ ᠠᠱᠢᠭ ᠬᠦᠷᠳᠡᠵᠤ᠂ ᠬᠠᠮᠳᠤ᠎ᠪᠠᠷ ᠪᠠᠶᠠᠵᠢᠬᠤ ᠱᠢᠨ᠎ᠠ ᠵᠠᠮ᠎ᠢ ᠨᠡᠬᠡᠬᠡᠯ᠎ᠠ᠃ ᠵᠥᠩ ᠴᠧᠩ ᠲᠠᠷᠢᠵᠤ ᠲᠠᠵᠢᠬᠡᠬᠦ᠌ ᠲᠤᠰᠭᠠᠶ ᠬᠤᠷᠱᠢᠶ᠎ᠠ ᠮᠥ᠍ ᠪᠦᠷᠢ᠎ᠶ᠋ᠢ 800 ᠲᠥᠭᠦᠷᠢᠭ᠎ᠢᠶᠠᠷ 5 ᠶᠠᠳᠠᠭᠤ ᠬᠦᠴᠢᠷᠳᠡᠯᠳᠡᠢ ᠡᠷᠦᠬᠡ᠎ᠶ᠋ᠢ ᠪᠠᠭ᠍ᠳᠠᠭᠠᠭ᠍ᠰᠠᠨ ᠲᠤᠰᠭᠤᠨ᠎ᠤ ᠠᠷᠠᠳ᠎ᠤᠨ 400 ᠮᠦ᠍ ᠲᠠᠷᠢᠶᠠᠨ ᠭᠠᠵᠠᠷ᠎ᠤᠨ ᠡᠵᠡᠩᠨᠡᠯᠳᠡ᠎ᠶ᠋ᠢᠨ ᠡᠷᠭᠡ᠎ᠶ᠋ᠢ ᠬᠦᠢᠯᠬᠡᠬᠡᠯᠠᠵᠤ ᠠᠪᠬᠤ᠎ᠶ᠋ᠢᠨ ᠬᠠᠮᠳᠤ᠂ ᠲᠤᠰᠭᠤᠨ᠎ᠤ᠎ᠪᠠᠨ 65 ᠨᠠᠰᠤᠨ᠎ᠠᠴᠠ ᠳᠡᠭᠡᠭ᠌ᠰᠢᠬᠢ ᠨᠠᠰᠤᠲᠠᠢᠴᠤᠳ᠎ᠢ ᠲᠤᠰᠭᠠᠢ ᠬᠤᠷᠱᠢᠶ᠎ᠠ᠎ᠳᠠᠭᠠᠨ ᠠᠷᠰᠠᠷ ᠠᠵᠢᠯ ᠬᠢᠯᠭᠡᠵᠦ᠍ ᠲᠤᠭ᠍ᠳᠠᠭᠤᠨ ᠤᠷᠤᠯᠭ᠎ᠠ᠎ᠲᠠᠢ ᠪᠤᠯᠭᠠᠪᠠ᠃ ᠨᠢᠳᠤᠨᠤᠨ ᠲᠤᠰᠭᠤᠨ᠎ᠤ ᠨᠠᠰᠤᠳᠠᠢᠴᠤᠳ ᠲᠤᠰᠭᠠᠢ ᠬᠤᠷᠱᠢᠶ᠎ᠠ᠎ᠳᠤ ᠠᠷᠰᠠᠷ ᠠᠵᠢᠯ ᠬᠢᠬᠦ᠌᠎ᠪᠠᠷ ᠲᠠᠮᠵᠢᠨ ᠬᠠᠮᠤᠭ᠎ᠤᠨ ᠠᠷᠪᠢᠨ᠎ᠨᠢ 7000 ᠭᠠᠷᠤᠢ ᠲᠦᠬᠦᠷᠢᠭ ᠤᠯᠵᠤ᠂ ᠬᠠᠮᠤᠭ᠎ᠤᠨ ᠴᠦᠬᠡᠨ᠎ᠨᠢ ᠴᠦ᠍ 3000 ᠭᠠᠷᠤᠢ ᠲᠦᠬᠦᠷᠢᠭ ᠡᠪᠤᠷᠳᠦᠯᠡᠵᠠᠢ᠃

《ᠥᠩᠭᠡᠷᠡᠭ᠌ᠰᠡᠨ᠎ᠳᠤ ᠡᠲᠡᠭᠡᠷ ᠭᠠᠵᠠᠷ᠎ᠲᠤ ᠪᠦᠷ ᠡᠩ᠎ᠤᠨ ᠡᠷᠳᠡᠨᠢ ᠱᠢᠰᠢ ᠳᠠᠷᠢᠵᠤ᠂ ᠥᠪᠡᠷ᠎ᠤᠨ ᠥᠷᠲᠡᠭ᠎ᠢ ᠭᠠᠷᠭᠠᠪᠠᠯ ᠨᠢᠭᠡ ᠮᠥ᠍ ᠲᠠᠷᠢᠶ᠎ᠠ᠎ᠠᠴᠠ ᠲᠦᠩᠬᠡᠵᠢ 600 ᠲᠥᠭᠦᠷᠢᠭ ᠤᠯᠵᠤ᠂ ᠢᠳᠡᠵᠦ᠍ ᠡᠮᠦᠰᠭᠦ ᠠᠰᠠᠭᠤᠳᠠᠯ᠎ᠢᠶᠠᠨ ᠯᠡ ᠱᠢᠢᠳᠪᠦᠷᠢᠯᠡᠵᠦ᠍ ᠪᠠᠢᠵᠠᠶ᠃ ᠤᠳᠤ ᠡᠪᠡᠰᠤᠨ ᠡᠮ᠎ᠤᠨ ᠮᠠᠲ᠋ᠧᠷᠢᠶᠠᠯ ᠲᠠᠷᠢᠭ᠍ᠰᠠᠨ ᠭᠠᠵᠠᠷ᠎ᠤᠨ ᠮᠦ᠍ ᠲᠤᠮᠳᠠᠴᠢ᠎ᠶ᠋ᠢᠨ ᠣᠷᠣᠯᠭ᠎ᠠ 5000 ᠲᠥᠭᠦᠷᠢᠭ᠎ᠢ ᠲᠠᠪᠠᠵᠤ ᠪᠠᠢᠨ᠎ᠠ᠂ ᠡᠨᠡ ᠵᠢᠯ᠎ᠤᠨ ᠲᠤᠷᠱᠢᠨ ᠲᠠᠷᠢᠭ᠍ᠰᠠᠨ ᠵᠢᠮᠢᠰᠤᠨ ᠡᠷᠳᠡᠨᠢ ᠱᠢᠰᠢ᠎ᠶ᠋ᠢᠨ ᠮᠦ᠍ ᠲᠤᠮᠳᠠᠴᠢ᠎ᠶ᠋ᠢᠨ ᠣᠷᠣᠯᠭ᠎ᠠ ᠴᠦ᠍ 2100 ᠲᠥᠭᠦᠷᠢᠭ᠎ᠢ ᠲᠠᠪᠠᠯ᠎ᠠ》 ᠬᠡᠵᠤ ᠲᠤᠰᠭᠤ ᠬᠡᠷ ᠲᠣᠰᠭᠤᠨ᠎ᠤ ᠨᠠᠮ᠎ᠤᠨ ᠡᠬᠦᠷ᠎ᠤᠨ ᠱᠦᠵᠢ ᠵᠤᠤ ᠭᠦᠢ ᠼᠠᠢ ᠤᠷᠮᠠᠳᠠᠢ ᠶᠠᠷᠢᠨ᠎ᠠ᠃ ᠲᠡᠬᠦᠨ᠎ᠤ ᠲᠠᠨᠢᠯᠴᠠᠭᠤᠯᠤᠭ᠍ᠰᠠᠨ᠎ᠢᠶᠠᠷ᠂ ᠳᠠᠷᠠᠭᠠᠴᠢ᠎ᠪᠠᠷ ᠲᠤᠰᠭᠤ ᠬᠡᠷ ᠲᠣᠰᠭᠤᠨ ᠡᠪᠡᠰᠤᠨ ᠡᠮ᠎ᠤᠨ ᠮᠠᠲ᠋ᠧᠷᠢᠶᠠᠯ᠂ ᠵᠢᠮᠢᠰᠤᠨ ᠡᠷᠳᠡᠨᠢ ᠱᠢᠰᠢ ᠵᠡᠷᠭᠡ ᠤᠨᠴᠠᠯᠢᠬ᠍ᠳᠤ ᠲᠠᠷᠢᠮᠠᠯ᠎ᠤᠨ ᠰᠠᠭᠤᠷᠢᠨ᠎ᠢᠶᠠᠨ ᠥᠷᠭᠡᠳᠭᠡᠵᠦ᠍᠂ ᠪᠦᠬᠦ᠌ ᠲᠣᠰᠭᠤᠨ᠎ᠤ ᠠᠷᠠᠳ᠎ᠢ ᠲᠠᠢᠴᠢᠯᠠᠨ ᠤᠨᠴᠠᠯᠢᠭ᠍ᠳᠤ ᠲᠠᠷᠢᠮᠠᠯ ᠲᠠᠷᠢᠵᠤ ᠤᠷᠤᠯᠭ᠎ᠠ᠎ᠪᠠᠨ ᠨᠡᠮᠡᠭ᠌ᠳᠡᠬᠦᠯᠤᠨ᠎ᠠ᠃ ᠪᠠᠰᠠ ᠡᠪᠡᠰᠤᠨ ᠡᠮ᠎ᠤᠨ ᠮᠠᠲ᠋ᠧᠷᠢᠶᠠᠯ ᠪᠤᠯᠤᠨ ᠵᠢᠮᠢᠰᠤᠨ ᠡᠷᠳᠡᠨᠢ ᠱᠢᠰᠢ᠎ᠶ᠋ᠢ ᠠᠩᠬ᠎ᠠ ᠡᠳ᠋ᠱᠢᠭᠦᠯᠬᠦ᠌ ᠦᠢᠯᠡᠳᠪᠦᠷᠢ ᠪᠠᠢᠭᠤᠯᠵᠤ᠂ ᠤᠨᠴᠠᠯᠢᠬ᠍ᠳᠤ ᠲᠠᠷᠢᠮᠠᠯ᠎ᠤᠨ ᠦᠢᠯᠡᠰ᠎ᠢ ᠣᠷᠣᠯᠭ᠎ᠠ᠎ᠪᠠᠨ ᠨᠡᠮᠡᠭ᠌ᠳᠡᠭᠦᠯᠬᠦ᠌ ᠤᠨᠴᠠᠯᠢᠬ᠍ᠳᠤ ᠠᠵᠤ ᠦᠢᠯᠡᠰ᠂ ᠲᠤᠰᠭᠤ ᠬᠡᠷ ᠲᠤᠰᠭᠤᠨ᠎ᠤ ᠲᠦᠷᠦᠯ ᠲᠡᠮᠳᠡᠭ᠌ᠳᠤ ᠠᠵᠤ ᠤᠢ᠍ᠢᠯᠡᠰ ᠪᠤᠯᠭᠠᠨ ᠴᠤᠭ᠍ᠴᠠᠯᠠᠬᠤ᠎ᠪᠠᠷ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号