《ᠱᠤᠧᠠᠩ ᠹᠥ᠋ᠶ᠋ᠢᠨ ᠠᠮᠢᠳᠤ ᠦᠬᠡᠷ᠎ᠤᠨ ᠬᠡᠳᠥ ᠳᠡᠯᠭᠡᠭᠦᠷ᠎ᠲᠤ 68 ᠥᠭᠡᠷ ᠪᠤᠢ᠂ ᠥᠭᠡᠷ᠎ᠤᠨ ᠦᠨᠡᠨ᠎ᠢ 1.6 ᠲᠦᠮᠡ᠎ᠠᠴᠠ 2.6 ᠲᠦᠮᠡᠨ ᠲᠥᠭᠦᠷᠢᠭ》᠂ 《ᠱᠦᠶ ᠴᠢᠤᠸᠠᠨ᠎ᠤ ᠠᠮᠢᠳᠤ ᠦᠬᠡᠷ᠎ᠤᠨ ᠬᠡᠲᠦ ᠳᠡᠯᠭᠡᠭᠦᠷ᠎ᠲᠤ 117 ᠥᠭᠡᠷ ᠪᠤᠢ》 ᠁ ᠰᠤᠷᠪᠤᠯᠵᠢᠯᠠᠭ᠍ᠴᠢ ᠲᠦᠩᠯᠢᠶᠣᠤ ᠬᠤᠳᠠ᠎ᠶ᠋ᠢᠨ ᠬᠤᠷᠴᠢᠨ ᠵᠡᠭᠦᠨ ᠭᠠᠷᠤᠨ ᠬᠤᠢᠲᠤ ᠬᠤᠱᠢᠭᠤᠨ᠎ᠤ ᠪᠠᠭᠠᠳᠠᠯ᠎ᠠ ᠰᠤᠮᠤ᠎ᠶ᠋ᠢᠨ ᠪᠠᠢᠱᠢᠩ᠎ᠳᠤ ᠭᠠᠴᠠᠭᠠᠨ᠎ᠳᠤ ᠬᠦᠷᠬᠦ᠌᠎ᠳᠤ᠂ ᠡᠢᠮᠥᠷᠬᠦ᠌ ᠴᠠᠭᠠᠨ ᠦᠰᠦᠭ᠎ᠲᠠᠢ ᠬᠦᠬᠡ ᠳᠡᠮᠥᠷ ᠫᠠᠢᠰᠠ ᠪᠠᠷᠤᠬ ᠡᠷᠥᠭᠡ ᠪᠥᠷᠢ᠎ᠶ᠋ᠢᠨ ᠡᠭᠦᠳᠡᠨ᠎ᠳᠤ ᠬᠠᠷᠠᠬ᠍ᠳᠠᠵᠤ᠂ ᠡᠨᠡ ᠬᠦ᠌ ᠭᠤᠢᠳᠠ ᠰᠠᠢᠬᠠᠨ ᠬᠥᠳᠡᠭᠡ ᠨᠤᠲᠤᠬ᠎ᠲᠤ ᠪᠠᠰᠠ ᠨᠢᠭᠡᠨ ᠤᠨᠴᠠ ᠥᠵᠡᠮᠵᠢ ᠨᠡᠮᠡᠷᠢᠯᠡᠨ ᠬᠥᠮᠥᠰ᠎ᠤᠨ ᠠᠩᠬᠠᠷᠤᠯ᠎ᠢ ᠳᠠᠳᠠᠨ᠎ᠠ᠃
ᠲᠤᠰᠭᠤᠠᠠᠴᠠ ᠵᠠᠢᠳᠠᠭᠤᠬᠠᠨ ᠪᠠᠢᠷᠢᠯᠠᠭ᠎ᠠ ᠱᠢᠨ᠎ᠡ᠎ᠪᠠᠷ ᠪᠠᠷᠢᠵᠤ ᠪᠤᠰᠭᠠᠬ᠍ᠰᠠᠨ ᠭᠠᠴᠠᠭᠠᠨ᠎ᠤ ᠮᠠᠯᠵᠢᠯ᠎ᠤᠨ ᠪᠠᠭ᠎ᠠ ᠲᠤᠭᠤᠷᠢᠬᠲᠤ᠌᠂ ᠰᠤᠷᠪᠤᠯᠵᠢᠯᠠᠬ᠍ᠴᠢ ᠱᠠᠨᠰᠢ᠎ᠶ᠋ᠢᠨ 2 ᠬᠤᠳᠠᠯᠳᠤᠭᠠᠴᠢᠨ᠎ᠤ ᠦᠬᠡᠷ ᠬᠤᠳᠠᠯᠳᠤᠨ ᠠᠪᠬᠤ᠎ᠪᠠᠷ ᠢᠷᠡᠭ᠌ᠰᠡᠨ᠎ᠲᠠᠢ ᠲᠠᠭᠠᠷᠠᠯᠳᠤᠯ᠎ᠠ᠃ ᠬᠠᠱᠢᠶ᠎ᠡ ᠳᠥᠭᠦᠷᠡᠩ ᠪᠡᠶ᠎ᠡ ᠪᠤᠵᠠᠭᠠᠢ᠂ ᠳᠠᠷᠭᠤ ᠰᠠᠢᠲᠠᠢ ᠤᠯᠠᠭᠠᠨ ᠠᠯᠠᠬ ᠥᠭᠡᠷᠤᠳᠢ ᠬᠠᠷᠠᠭᠠᠳ ᠥᠨᠥᠬᠢ 2 ᠬᠤᠳᠠᠯᠳᠤᠭᠠᠴᠢᠨ᠎ᠤ ᠨᠢᠳᠥ᠎ᠨᠢ ᠭᠡᠷᠡᠯᠳᠥᠵᠤ 《ᠠᠳᠡᠬᠢ ᠦᠬᠡᠷ ᠥᠨᠡᠬᠡᠷ ᠰᠠᠢᠨ!》 ᠭᠡᠵᠦ᠍ ᠠᠮᠠ ᠠᠮᠠᠠ᠎ᠳᠠᠭᠠᠨ ᠱᠠᠬ᠍ᠰᠢᠵᠤ ᠪᠠᠢᠪᠠ᠃
ᠬᠤᠱᠢᠭᠤᠨ᠎ᠤ ᠤᠯᠠᠭᠠᠨ ᠥᠭᠡᠷ ᠮᠠᠯᠵᠢᠬᠤ ᠥᠢᠯᠡᠰ᠎ᠢ ᠳᠡᠳᠭᠦᠬᠦ᠌ ᠲᠥᠷᠥᠯ ᠵᠥᠢᠯ᠎ᠢᠶᠠᠷ ᠪᠠᠢᠭᠤᠯᠤᠭ᠍ᠰᠠᠠ ᠡᠨᠡ ᠬᠦ᠌ ᠮᠠᠯᠵᠢᠯ᠎ᠤᠨ ᠪᠠᠭ᠎ᠠ ᠳᠤᠭᠤᠷᠢᠬ᠎ᠲᠤ ᠭᠠᠴᠠᠭᠠᠨ᠎ᠠᠴᠠ ᠬᠤᠩ ᠱ᠌ᠢ᠂ ᠲᠤᠯᠭᠠᠭᠤᠷᠢ ᠵᠡᠷᠭᠡ ᠦᠬᠡᠷ ᠮᠠᠯᠵᠢᠬᠤ 3 ᠲᠣᠮᠣ ᠡᠷᠦᠬᠡ᠎ᠶ᠋ᠢ ᠤᠷᠢᠳᠠᠪᠡᠷ ᠲᠤᠬᠢᠷᠠᠭᠤᠯᠤᠨ ᠲᠥᠪᠬᠢᠨᠡᠭᠦᠯᠵᠠᠢ᠃ ᠡᠢᠨ ᠬᠦ᠌ ᠱᠠᠨᠰᠢ᠎ᠶ᠋ᠢᠨ 2 ᠬᠤᠳᠠᠯᠳᠤᠭᠠᠴᠢᠨ ᠳᠠᠬᠢᠨ ᠳᠠᠪᠳᠠᠨ ᠱᠢᠯᠢᠵᠥ᠍ ᠰᠤᠩᠭᠤᠭᠠᠳ ᠬᠤᠩ ᠱ᠌ᠢᠶ᠋ᠢᠨᠬᠢᠠᠴᠠ 200 ᠥᠭᠡᠷ ᠬᠤᠳᠠᠯᠳᠤᠨ ᠠᠪᠤᠬ᠍ᠰᠠᠨ ᠪᠠᠢᠨ᠎ᠠ᠃
《ᠤᠯᠠᠭᠠᠨ ᠦᠬᠡᠷ᠎ᠤᠨ ᠨᠤᠲᠤᠭ》 ᠬᠡᠮᠡᠨ ᠠᠯᠳᠠᠷᠱᠢᠬ᠍ᠰᠠᠨ ᠲᠤᠰ ᠬᠤᠱᠢᠭᠤ ᠪᠥᠬᠦ᠌ ᠤᠯᠤᠰ᠎ᠤᠨ ᠡᠯ᠎ᠡ ᠭᠠᠵᠠᠷ᠎ᠤᠨ ᠠᠷᠠᠯᠵᠢᠶᠠᠴᠢᠨ᠎ᠤ ᠠᠩᠬᠠᠷᠤᠯ᠎ᠢ ᠲᠠᠲᠠᠵᠤ᠂ ᠪᠦᠬᠦ᠌ ᠤᠯᠤᠰ᠎ᠠᠴᠠ ᠬᠤᠳᠠᠯᠳᠤᠨ ᠠᠪᠴᠤ᠌ ᠪᠦᠬᠦ᠌ ᠤᠯᠤᠰ᠎ᠲᠤ ᠬᠤᠳᠠᠯᠳᠤᠨ ᠪᠤᠷᠤᠯᠠᠭᠤᠯᠳᠠᠭ ᠤᠯᠠᠭᠠᠨ ᠥᠭᠡᠷ᠎ᠤᠨ ᠲᠥᠪᠯᠡᠷᠡᠭᠦᠯᠵᠤ ᠳᠠᠷᠬᠠᠭᠠᠬᠤ ᠴᠢᠬᠤᠯᠠ ᠠᠷᠠᠯᠵᠢᠶᠠᠨ᠎ᠤ ᠭᠠᠵᠠᠷ ᠪᠤᠯᠪᠠ᠃ ᠲᠤᠰ ᠭᠠᠴᠠᠭ᠎ᠠ ᠣᠲᠣ 5000 ᠭᠠᠷᠤᠶ ᠬᠤᠷᠴᠢᠨ᠎ᠤ ᠤᠯᠠᠭᠠᠨ ᠦᠬᠡᠷ ᠮᠠᠯᠵᠢᠵᠥ᠍ ᠪᠠᠢᠬᠤ ᠪᠦᠭᠡᠳ ᠬᠤᠳᠠᠯᠳᠤᠭᠠᠴᠢᠳ ᠠᠯᠢ ᠴᠥ᠍ ᠴᠠᠬ᠎ᠲᠤ ᠢᠷᠡᠵᠤ ᠥᠪᠡᠷ᠎ᠤᠨ ᠲᠡᠭᠠᠱᠢᠶᠠᠭ᠍ᠰᠠᠠᠢᠶᠠᠨ ᠰᠤᠩᠭᠤᠵᠤ ᠪᠤᠯᠤᠨ᠎ᠠ᠃
《ᠡᠮᠦᠨ᠎ᠡ ᠬᠡᠳᠦᠨ ᠡᠳᠦᠷ᠂ ᠱᠢᠨᠵᠢᠶᠠᠩ᠎ᠤᠨ ᠨᠢᠭᠡᠨ ᠲᠠᠨᠢᠯ ᠬᠤᠳᠠᠯᠳᠤᠭᠠᠴᠢᠨ ᠮᠠᠨ᠎ᠤ ᠭᠠᠴᠠᠭ᠎ᠠ᠎ᠠᠴᠠ 300 ᠥᠨᠢᠶ᠎ᠡ ᠬᠤᠳᠠᠯᠳᠤᠵᠥ᠍ ᠠᠪᠠᠴᠢᠬ᠍ᠰᠠᠨ᠂ ᠪᠢᠳᠡ ᠵᠠᠭᠤᠨ ᠺᠢᠯᠣᠮᠧᠲᠷ᠎ᠤᠨ ᠵᠠᠢ᠎ᠳᠤ ᠬᠡᠷ᠎ᠲᠤ᠎ᠨᠢ ᠬᠦᠷᠭᠡᠵᠥ᠍ ᠦᠭ᠌ᠬᠦᠨ᠎ᠠ᠂ ᠠᠷᠪᠢᠨ ᠠᠪᠤᠪᠠᠯ ᠬᠡᠳᠤᠢ ᠬᠤᠯᠠ ᠪᠠᠢᠭ᠍ᠰᠠᠠ ᠴᠤ᠌ ᠭᠡᠷ᠎ᠲᠤ᠎ᠨᠢ ᠬᠦᠷᠭᠡᠵᠥ᠍ ᠦᠭ᠌ᠬᠦᠨ᠎ᠡ》 ᠭᠡᠵᠤ ᠬᠤᠩ ᠱ᠌ᠢ ᠲᠡᠨᠢᠯᠴᠠᠭᠤᠯᠤᠨ᠎ᠠ᠃
2018 ᠣᠨ᠎ᠠᠴᠠ᠂ ᠪᠠᠢᠱᠢᠩᠳᠥ ᠭᠠᠴᠠᠭᠠᠨ᠎ᠤ ᠨᠠᠮ᠎ᠤᠨ ᠡᠭᠦᠷ ᠤᠯᠠᠭᠠᠨ ᠥᠭᠡᠷ ᠮᠠᠯᠵᠢᠬᠤ ᠠᠵᠤ ᠦᠢᠯᠡᠰ᠎ᠤᠨ ᠬᠥᠭ᠌ᠵᠢᠯᠲᠡ᠎ᠶ᠋ᠢᠨ ᠳᠠᠪᠠᠭᠤᠯᠢᠭ᠎ᠢᠶᠠᠨ ᠭᠦᠢᠴᠡᠳ ᠪᠠᠳᠠᠷᠠᠭᠤᠯᠤᠠ ᠡᠵᠡᠩᠨᠡᠨ ᠪᠣᠷᠣᠯᠠᠭᠤᠯᠬᠤ ᠵᠠᠭ᠍ᠪᠤᠷ᠎ᠤᠨ ᠱᠢᠨ᠎ᠡ᠎ᠶ᠋ᠢ ᠡᠭᠦᠳᠴᠦ᠍᠂ 《ᠡᠬᠡ ᠮᠠᠯ + ᠣᠬᠤᠷ ᠬᠤᠭᠤᠴᠠᠭᠠᠨ᠎ᠤ ᠪᠣᠷᠳᠣᠨ ᠲᠠᠷᠭᠤᠯᠠᠭᠤᠯᠬᠤ + ᠰᠦᠯᠵᠢᠶᠡᠨ ᠳᠡᠭᠡᠷᠡᠬᠢ ᠪᠠ ᠰᠦᠯᠵᠢᠶᠡᠨ ᠭᠠᠳᠠᠨᠠᠬᠢ ᠪᠣᠷᠣᠯᠠᠭᠤᠯᠭ᠎ᠠ》 ᠶ᠋ᠢᠨ 《ᠠᠮᠢᠳᠤ ᠦᠬᠡᠷ᠎ᠤᠨ ᠬᠡᠳᠦ ᠳᠡᠯᠭᠡᠭᠦᠷ》 ᠤᠨ ᠬᠥᠭ᠌ᠵᠢᠯᠲᠡ᠎ᠶ᠋ᠢᠨ ᠵᠠᠭ᠍ᠪᠤᠷ᠎ᠢ ᠬᠠᠢᠨ ᠰᠦᠪᠡᠭ᠌ᠴᠢᠯᠡᠵᠦ᠍᠂ ᠦᠬᠡᠷ᠎ᠤᠨ ᠠᠷᠠᠯᠵᠢᠶᠠᠨ᠎ᠤ ᠵᠠᠬ᠎ᠠ ᠳᠡᠯᠭᠡᠭᠦᠷ᠎ᠢ ᠠᠮᠢᠳᠤᠯᠢᠭ᠍ᠵᠢᠭᠤᠯᠤᠨ᠂ ᠪᠥᠬᠦ᠌ ᠤᠯᠤᠰ᠎ᠤᠨ 《ᠠᠮᠢᠳᠤ ᠦᠬᠡᠷ᠎ᠤᠨ ᠬᠡᠳᠦ ᠳᠡᠯᠭᠡᠭᠦᠷ》 ᠤᠨ ᠠᠩᠬᠠᠳᠠᠬ᠍ᠴᠢ ᠭᠠᠴᠠᠭ᠎ᠠ᠎ᠶ᠋ᠢ ᠪᠠᠢᠭᠤᠯᠵᠠᠢ᠃
《ᠣᠳᠣ ᠮᠠᠨ᠎ᠤ ᠭᠠᠴᠠᠭ᠎ᠠ᠎ᠶ᠋ᠢᠨ 60 ᠭᠠᠷᠤᠶ ᠡᠷᠥᠭᠡ 〈ᠠᠮᠢᠳᠤ ᠦᠬᠡᠷ᠎ᠤᠨ ᠬᠡᠳᠦ ᠳᠡᠯᠭᠡᠭᠦᠷ〉 ᠡᠵᠡᠩᠨᠡᠵᠥ᠍᠂ ᠡᠷᠦᠬᠡ ᠲᠤᠮᠳᠠᠴᠢ᠎ᠶ᠋ᠢᠨ ᠵᠢᠯ᠎ᠤᠨ ᠨᠡᠮᠡᠭ᠌ᠳᠡᠯ ᠣᠷᠣᠯᠭ᠎ᠠ 30 ᠲᠦᠮᠡᠨ ᠲᠥᠭᠦᠷᠢᠭ᠎ᠢ ᠳᠠᠪᠠᠵᠤ᠂ ᠨᠢᠳᠥᠨ᠎ᠤᠨ ᠭᠠᠴᠠᠭᠠᠨ᠎ᠤ ᠦᠬᠡᠷ᠎ᠤᠨ ᠠᠷᠠᠯᠵᠢᠶᠠᠨ᠎ᠤ ᠶᠡᠷᠥᠩᠬᠡᠢ ᠬᠡᠮᠵᠢᠶ᠎ᠡ 5 ᠳ᠋ᠥᠩᠱᠢᠭᠤᠷ ᠲᠥᠭᠦᠷᠢᠭ᠎ᠲᠤ ᠬᠥᠷᠥᠭ᠌ᠰᠡᠡ》 ᠭᠡᠵᠥ᠍ ᠭᠠᠴᠠᠭᠠᠨ᠎ᠤ ᠨᠠᠮ᠎ᠤᠨ ᠡᠭᠦᠷ᠎ᠤᠨ ᠱᠦᠵᠢ ᠰᠧᠮᠪᠡᠯ ᠲᠠᠨᠢᠯᠴᠠᠭᠤᠯᠤᠨ᠎ᠠ᠃
ᠪᠠᠢᠱᠢᠩ᠎ᠳᠤ ᠭᠠᠴᠠᠭ᠎ᠠ ᠨᠤᠲᠤᠭ᠎ᠤᠨ ᠣᠨᠴᠠᠯᠢᠭ᠎ᠲᠠᠭᠠᠨ ᠰᠠᠭᠤᠷᠢᠯᠠᠨ ᠦᠬᠡᠷ ᠮᠠᠯᠵᠢᠬᠤ ᠠᠵᠤ ᠦᠢᠯᠡᠰ᠎ᠢᠶᠠᠷ ᠭᠤᠤᠯᠯᠠᠬᠤ ᠠᠵᠤ ᠦᠢᠯᠡᠰ ᠪᠣᠯᠭᠠᠵᠤ᠂ ᠶᠠᠳᠠᠭᠤ ᠬᠦᠴᠢᠷᠳᠡᠯᠲᠡᠶ ᠡᠷᠦᠬᠡ᠎ᠶ᠋ᠢ ᠲᠡᠳᠬᠦᠨ ᠤᠯᠠᠭᠠᠨ ᠦᠬᠡᠷ ᠮᠠᠯᠵᠢᠭᠤᠯᠵᠥ᠍ ᠶᠠᠳᠠᠭᠤ᠎ᠠᠴᠠ ᠠᠩᠭᠢᠵᠢᠷᠠᠭᠤᠯᠤᠨ ᠪᠠᠶᠠᠵᠢᠭᠤᠯᠪᠠ᠃ ᠠᠵᠤ ᠦᠢᠯᠡᠰ᠎ᠤᠨ ᠬᠥᠭ᠌ᠵᠢᠯᠲᠡ᠎ᠶ᠋ᠢᠨ ᠬᠡᠯᠬᠢᠶ᠎ᠡ᠎ᠶ᠋ᠢ ᠤᠷᠲᠤᠳᠭᠠᠬᠤ᠎ᠶ᠋ᠢᠨ ᠲᠥᠯᠥᠭᠡ ᠭᠠᠴᠠᠭᠠᠨ᠎ᠠᠴᠠ ᠬᠤᠩ ᠱ᠌ᠢ᠂ ᠲᠤᠯᠭᠠᠭᠤᠷᠢ ᠵᠡᠷᠭᠡ ᠦᠬᠡᠷ᠎ᠤᠨ ᠦᠨ᠎ᠡ ᠵᠠᠰᠠᠭ᠍ᠴᠢ᠎ᠶ᠋ᠢ ᠰᠣᠩᠭᠤᠵᠤ᠂ ᠦᠬᠡᠷ ᠮᠠᠯᠵᠢᠬᠤ ᠡᠷᠦᠬᠡ᠎ᠶ᠋ᠢ ᠳᠠᠭᠠᠭᠤᠯᠤᠨ ᠲᠣᠭᠤᠷᠢᠨ ᠦᠵᠡᠵᠦ᠍ ᠰᠤᠷᠤᠯᠴᠠᠬᠤ᠂ 《ᠦᠬᠡᠷ ᠱᠢᠨᠵᠢᠬᠦ᠌》 ᠶ᠋ᠢ ᠰᠤᠷᠬᠤ ᠵᠡᠷᠭᠡ ᠠᠷᠭ᠎ᠠ ᠬᠡᠯᠪᠡᠷᠢ᠎ᠪᠠᠷ ᠦᠬᠡᠷ᠎ᠤᠨ ᠦᠨ᠎ᠡ ᠵᠠᠰᠠᠭ᠍ᠴᠢ᠂ ᠥᠭᠡᠷ ᠮᠠᠯᠵᠢᠬᠤ ᠥᠢᠯᠡᠰ᠎ᠤᠨ ᠡᠵᠡᠩᠨᠡᠭ᠌ᠴᠢ ᠪᠤᠯᠬᠤ ᠬᠤᠪᠢᠷᠠᠯᠲᠠ᠎ᠶ᠋ᠢ ᠪᠡᠶᠡᠯᠡᠭᠦᠯᠵᠠᠢ᠃
《ᠡᠨᠡ ᠥᠨᠢᠶ᠎ᠡ ᠭᠡᠭᠡᠯ᠎ᠲᠠᠢ᠂ ᠤᠳᠤ ᠬᠤᠳᠠᠯᠳᠤᠵᠥ᠍ ᠠᠪᠤᠪᠠᠯ 2.8 ᠲᠥᠮᠡᠡ ᠲᠦᠭᠦᠷᠢᠭ》 ᠭᠡᠵᠤ ᠮᠠᠯ᠎ᠤᠨ ᠬᠠᠱᠢᠶᠠᠨ᠎ᠳᠠᠭᠠᠨ ᠨᠢᠭᠡ ᠵᠠᠯᠠᠭᠤ ᠭᠠᠷ ᠤᠳᠠᠰᠤ᠎ᠪᠠᠨ ᠪᠠᠷᠢᠵᠤ᠂ ᠥᠨᠳᠥᠷ ᠳᠠᠭᠤᠨ᠎ᠢᠶᠠᠷ ᠱᠢᠭᠤᠳ ᠨᠡᠪᠳᠡᠷᠡᠭᠦᠯᠭᠡ ᠬᠢᠵᠤ ᠶᠠᠪᠤᠨ᠎ᠠ᠃ ᠲᠤᠰ ᠵᠠᠯᠠᠭᠤ᠎ᠶ᠋ᠢ ᠬᠠᠢ ᠱᠠᠨ ᠭᠡᠳᠡᠭ᠂ ᠲᠤᠰ ᠭᠠᠴᠠᠭ᠎ᠠ᠎ᠶ᠋ᠢᠨ ᠥᠭᠡᠷ᠎ᠤᠨ ᠥᠨ᠎ᠡ ᠵᠠᠰᠠᠬ᠍ᠴᠢ᠃ ᠲᠡᠷᠡ 《ᠪᠤᠱᠢᠭᠤ ᠭᠠᠷ》 ᠳᠡᠭᠡᠷ᠎ᠡ ᠱᠢᠭᠤᠳ ᠨᠡᠪᠳᠡᠷᠡᠭᠦᠯᠭᠡ ᠬᠢᠵᠤ᠂ ᠡᠳᠥᠷ ᠪᠥᠷᠢ ᠳᠡᠭ᠌ᠰᠢᠳᠭᠡᠭᠡᠳ 20 ᠭᠠᠷᠤᠢ ᠥᠭᠡᠷ ᠬᠤᠳᠠᠯᠳᠤᠵᠤ᠂ ᠵᠢᠯ᠎ᠳᠤ 7000 ᠭᠠᠷᠤᠢ ᠥᠭᠡᠷ ᠪᠤᠷᠤᠯᠠᠭᠤᠯᠵᠤ᠂ ᠵᠢᠯ᠎ᠤᠨ ᠤᠷᠤᠯᠭ᠎ᠠ 100 ᠲᠥᠮᠡᠨ ᠲᠥᠭᠦᠷᠢᠭ᠎ᠢ ᠳᠠᠪᠠᠵᠤ ᠪᠠᠢᠨ᠎ᠠ᠃ ᠭᠡᠷ᠎ᠲᠡᠭᠡᠨ 《ᠠᠮᠢᠳᠤ ᠦᠬᠡᠷ᠎ᠤᠨ ᠬᠡᠳᠥ ᠳᠡᠯᠭᠡᠭᠦᠷ》 ᠡᠵᠡᠩᠨᠡᠬᠦ᠌᠎ᠠᠴᠠ ᠭᠠᠳᠠᠨ᠎ᠠ᠂ ᠲᠤᠰ ᠭᠠᠴᠠᠭ᠎ᠠ᠎ᠶ᠋ᠢᠨ ᠬᠡᠰᠡᠭ ᠬᠦᠮᠦᠰ ᠪᠠᠰᠠ ᠬᠠᠢ ᠱᠠᠨ ᠱᠢᠬ ᠨᠠᠢᠵᠠ᠎ᠶ᠋ᠢᠨ ᠲᠣᠭᠤᠷᠢᠭ᠂ ᠵᠢᠷᠭᠢᠶ᠎ᠠ᠎ᠶ᠋ᠢᠨ ᠬᠤᠯᠪᠣᠭ᠎ᠠ᠎ᠳᠠᠭᠠᠨ ᠦᠬᠡᠷ᠎ᠢᠶᠠᠨ ᠪᠣᠷᠣᠯᠠᠭᠤᠯᠬᠤ ᠪᠤᠶᠤ 《ᠪᠤᠱᠢᠭᠤ ᠭᠠᠷ》 ᠢᠶᠠᠷ ᠦᠬᠡᠷ᠎ᠢᠶᠠᠨ ᠬᠤᠳᠠᠯᠳᠤᠬᠤ᠎ᠶ᠋ᠢ ᠰᠤᠷᠴᠠᠢ᠃ ᠡᠨᠡ ᠵᠢᠯ᠎ᠤᠨ ᠳᠡᠭᠡᠷ᠎ᠡ ᠬᠠᠭᠠᠰ ᠵᠢᠯ᠎ᠳᠤ᠂ ᠲᠤᠰ ᠭᠠᠴᠠᠭ᠎ᠠ ᠰᠥᠯᠵᠢᠶᠡᠨ ᠳᠡᠭᠡᠷ᠎ᠡ ᠪᠠ ᠰᠥᠯᠵᠢᠶᠠᠨ ᠭᠠᠳᠠᠨ᠎ᠠ ᠨᠡᠢᠳᠡ 1.5 ᠲᠦᠮᠡᠨ ᠦᠬᠡᠷ ᠬᠤᠳᠠᠯᠳᠤᠵᠥ᠍᠂ ᠴᠡᠪᠡᠷ ᠣᠷᠣᠯᠭ᠎ᠠ 3000 ᠲᠦᠮᠡᠨ ᠲᠥᠭᠦᠷᠢᠭ ᠬᠦᠷᠥᠭ᠌ᠰᠡᠨ ᠪᠠᠢᠨ᠎ᠠ᠃
ᠪᠠᠭᠠᠳᠠᠯ᠎ᠠ ᠰᠤᠮᠤ ᠪᠣᠯ ᠳᠤᠮᠳᠠᠳᠤ ᠤᠯᠤᠰ᠎ᠤᠨ ᠱᠢᠮᠧᠨ᠋ᠳᠡᠷ ᠦᠬᠡᠷ᠎ᠤᠨ ᠪᠡᠯᠴᠢᠭᠡᠷ᠎ᠤᠨ ᠲᠥᠷᠥᠯ ᠬᠡᠯᠪᠡᠷᠢ᠎ᠶ᠋ᠢᠨ ᠰᠦᠷᠦᠭ᠎ᠢ ᠪᠤᠢᠵᠢᠭᠤᠯᠤᠬ᠍ᠰᠠᠨ ᠠᠩᠬᠠᠨ᠎ᠤ ᠭᠠᠵᠠᠷ᠃ ᠪᠠᠢᠱᠢᠩ᠎ᠳᠤ ᠭᠠᠴᠠᠭ᠎ᠠ᠎ᠠᠴᠠ ᠭᠠᠳᠠᠨ᠎ᠠ᠂ ᠲᠤᠰ ᠰᠤᠮᠤ᠎ᠶ᠋ᠢᠨ ᠶᠡᠬᠡᠲᠠᠯ᠎ᠠ᠂ ᠶᠡᠬᠡᠪᠤᠯᠠᠭ᠂ ᠴᠠᠭᠠᠨ ᠲᠠᠯᠠᠪᠤᠷ ᠵᠡᠷᠭᠡ ᠭᠠᠴᠠᠭᠠᠨ᠎ᠤ ᠨᠠᠮ᠎ᠤᠨ ᠡᠭᠦᠷ ᠴᠦ᠍ ᠤᠷᠢᠳ ᠬᠤᠵᠢᠳ 《ᠠᠮᠢᠳᠤ ᠦᠬᠡᠷ᠎ᠤᠨ ᠭᠡᠲᠦ ᠳᠡᠯᠭᠡᠭᠦᠷ》 ᠢ ᠡᠷᠬᠢᠯᠡᠪᠡ᠃ ᠡᠢᠨ ᠬᠦ᠌ ᠰᠤᠮᠤ᠎ᠶ᠋ᠢᠨ ᠨᠠᠮ᠎ᠤᠨ ᠬᠤᠷᠢᠶ᠎ᠠ ᠲᠡᠳᠬᠦᠨ ᠳᠡᠮᠵᠢᠬᠦ᠌ ᠡᠷᠴᠢᠮ᠎ᠢᠶᠠᠨ ᠴᠢᠩᠭᠠᠳᠭᠠᠵᠤ᠂ ᠢᠲᠡᠭᠡᠮᠵᠢ᠎ᠶ᠋ᠢᠨ ᠬᠤᠷᠱᠢᠶ᠎ᠠ᠂ ᠪᠠᠩᠬᠢ ᠵᠡᠷᠭᠡ ᠪᠠᠢᠭᠤᠯᠤᠮᠵᠢ᠎ᠲᠠᠢ ᠵᠣᠬᠢᠴᠠᠭᠤᠯᠭ᠎ᠠ ᠬᠢᠵᠤ ᠦᠬᠡᠷ᠎ᠤᠨ ᠦᠨ᠎ᠡ ᠵᠠᠰᠠᠭ᠍ᠴᠢ᠎ᠳᠤ ᠣᠯᠠᠨ ᠵᠦᠢᠯ᠎ᠤᠨ ᠮᠥᠩᠭᠦᠨ ᠭᠦᠢᠯᠭᠡᠭᠡᠨ᠎ᠤ ᠦᠢᠯᠡᠳᠭᠦᠨ ᠬᠠᠩᠭᠠᠵᠤ᠂ ᠣᠢᠷ᠎ᠠ᠎ᠶ᠋ᠢᠨ ᠵᠢᠯ ᠨᠡᠢᠲᠡ 362 ᠡᠷᠦᠬᠡ᠎ᠳᠤ 5000 ᠲᠦᠮᠡᠨ ᠲᠥᠭᠦᠷᠢᠭ᠎ᠤᠨ ᠵᠢᠭᠡᠯᠡᠯᠭᠡ᠎ᠶ᠋ᠢᠨ ᠳᠡᠮᠵᠢᠯᠭᠡ ᠥᠵᠡᠭᠦᠯᠵᠠᠢ᠃ 2014 ᠣᠨ᠎ᠳᠤ ᠲᠠᠩᠰᠠᠯᠠᠵᠤ ᠺᠠᠷᠳ᠋ᠯᠠᠬ᠍ᠰᠠᠨ ᠶᠠᠳᠠᠭᠤ ᠬᠦᠴᠢᠷᠳᠡᠯᠲᠡᠶ ᠡᠷᠦᠬᠡ ᠱᠥᠢ ᠴᠢᠤᠧᠠᠨᠤᠬᠢᠨ ᠰᠤᠮᠤ᠎ᠶ᠋ᠢᠨ ᠬᠠᠪᠰᠤᠷᠤᠯᠭ᠎ᠠ᠎ᠪᠠᠷ ᠵᠢᠭᠡᠯᠡᠯᠭᠡ ᠤᠯᠵᠥ᠍ ᠤᠯᠠᠭᠠᠨ ᠥᠭᠡᠷ ᠮᠠᠯᠵᠢᠵᠥ᠍᠂ ᠠᠮᠢᠳᠤ ᠦᠬᠡᠷ᠎ᠤᠨ ᠬᠡᠲᠦ ᠳᠡᠯᠭᠡᠭᠦᠷ ᠡᠵᠡᠩᠨᠡᠨ᠂ 《ᠪᠤᠱᠢᠭᠤ ᠭᠠᠷ》 ᠢᠶᠠᠷ ᠪᠤᠷᠤᠯᠠᠭᠤᠯᠭ᠎ᠠ ᠬᠢᠵᠤ᠂ ᠣᠲᠣ ᠨᠢᠭᠡᠨᠲᠡ 170 ᠭᠠᠷᠤᠢ ᠦᠬᠡᠷ᠎ᠲᠠᠢ᠂ ᠵᠢᠯ᠎ᠤᠨ ᠣᠷᠣᠯᠭ᠎ᠠ 100 ᠱᠢᠬᠠᠮ ᠲᠦᠮᠡᠨ ᠲᠥᠭᠦᠷᠢᠭ᠎ᠲᠤ ᠬᠦᠷᠦᠭ᠌ᠰᠡᠨ ᠴᠢᠨᠡᠭᠡᠯᠢᠭ ᠡᠷᠦᠬᠡ ᠪᠣᠯᠤᠬ᠍ᠰᠠᠨ ᠪᠠᠢᠨ᠎ᠠ᠃