
ᠪᠠᠶᠠᠨ ᠨᠠᠮᠤᠷ᠎ᠤᠨ ᠠᠯᠠᠱᠠ ᠨᠤᠳᠤᠭ ᠬᠤᠪᠢ᠎ᠶ᠋ᠢᠨ ᠭᠠᠳᠠᠨ᠎ᠠ ᠭᠤᠶᠤᠬᠠᠨ᠃
9 ᠰᠠᠷ᠎ᠠ᠎ᠶ᠋ᠢᠨ ᠡᠬᠢ᠎ᠪᠠᠷ ᠪᠢᠳᠡ ᠠᠯᠠᠱᠠ ᠪᠠᠷᠠᠭᠤᠨ ᠬᠤᠱᠢᠭᠤᠨ᠎ᠤ ᠮᠠᠨᠳᠤᠯ ᠰᠤᠮᠤ᠎ᠶ᠋ᠢᠨ ᠱᠠᠯᠢᠨᠬᠤᠳᠳᠤᠭ ᠭᠠᠴᠠᠭ᠎ᠠ᠎ᠳᠤ ᠬᠦᠷᠴᠤ᠌ ᠰᠤᠷᠪᠤᠯᠵᠢᠯᠠᠬᠤ᠎ᠳᠠᠭᠠᠨ᠂ ᠭᠤᠸ᠎ᠠ ᠵᠢᠮᠢᠰ ᠡᠯᠪᠡᠭ ᠬᠤᠷᠢᠶᠠᠵᠤ ᠤᠷᠤᠯᠭ᠎ᠠ ᠨᠡᠮᠡᠭ᠌ᠳᠡᠨ ᠠᠮᠢᠳᠤᠷᠠᠯ ᠴᠢᠨᠡᠭᠡᠯᠢᠭ᠌ᠵᠢᠭ᠌ᠰᠡᠨ ᠭᠠᠴᠠᠭᠠᠨ᠎ᠤ ᠠᠷᠠᠳ᠎ᠤᠨ ᠪᠠᠶᠠᠷ ᠪᠠᠶᠠᠰᠤᠯ᠎ᠢ᠎ᠲᠠᠭᠠᠨ ᠪᠠᠶᠠᠰᠭᠤᠶ᠋ᠢᠨ ᠬᠠᠮᠳᠤ ᠭᠠᠴᠠᠭᠠᠨ᠎ᠤ ᠠᠵᠤ ᠦᠢᠯᠡᠰ᠎ᠢᠶᠠᠨ ᠬᠡᠷᠬᠢᠨ ᠬᠦᠭ᠌ᠵᠢᠭᠦᠯᠵᠦ᠍ ᠵᠠᠯᠠᠭᠤᠴᠤᠳ᠎ᠢᠶᠠᠨ ᠶᠠᠭᠠᠬᠢᠵᠤ ᠨᠤᠳᠤᠭ᠎ᠲᠠᠭᠠᠨ ᠦᠯᠡᠳᠡᠭᠡᠵᠦ᠍ ᠨᠤᠳᠤᠭ᠎ᠲᠠᠭᠠᠨ ᠳᠠᠳᠠᠵᠤ ᠠᠪᠴᠢᠷᠠᠶ᠎ᠠ ᠭᠡᠬᠦ᠌ ᠭᠠᠴᠠᠭᠠᠨ᠎ᠤ ᠨᠠᠮ᠎ᠤᠨ ᠡᠬᠦᠷ᠎ᠤᠨ ᠱᠦᠵᠢ᠎ᠶ᠋ᠢᠨ ᠰᠠᠨᠠᠭᠠᠱᠢᠷᠠᠯ᠎ᠢ ᠴᠤ᠌ ᠤᠢ᠍ᠢᠯᠠᠭᠠᠵᠤ ᠶᠠᠪᠤᠯ᠎ᠠ᠃
ᠱᠠᠯᠢᠨᠬᠤᠳᠳᠤᠭ ᠭᠠᠴᠠᠭ᠎ᠠ ᠪᠤᠯ ᠲᠠᠷᠢᠶᠠᠯᠠᠬᠤ᠎ᠪᠠᠷ ᠭᠤᠤᠯ ᠪᠤᠯᠭᠠᠭ᠍ᠰᠠᠨ ᠭᠠᠴᠠᠭ᠎ᠠ᠂ 59 ᠡᠷᠦᠬᠡ᠎ᠶ᠋ᠢᠨ 160 ᠬᠦᠮᠦᠨ ᠠᠮᠠ᠎ᠲᠠᠢ ᠪᠠᠢᠵᠤ᠂ ᠪᠦᠬᠦᠳᠡᠭᠡᠷ᠎ᠢᠶᠠᠨ ᠶᠠᠳᠠᠭᠤ᠎ᠠᠴᠠ ᠠᠩᠬᠢᠵᠢᠷᠠᠵᠤ ᠴᠢᠨᠡᠭᠡᠯᠢᠭ᠌ᠵᠢᠭ᠌ᠰᠡᠨ ᠪᠠᠢᠨ᠎ᠠ᠃ ᠪᠢᠳᠡ ᠭᠠᠴᠠᠭᠠᠨ᠎ᠤ ᠨᠠᠮ᠎ᠤᠨ ᠡᠬᠦᠷ᠎ᠤᠨ ᠱᠦᠵᠢ ᠱᠢᠤᠢ ᠮᠢᠩ ᠸᠧᠨᠤ ᠳᠠᠭᠠᠭᠤᠯᠭ᠎ᠠ᠎ᠪᠠᠷ ᠱᠠᠯᠢᠨᠬᠤᠳᠳᠤᠭ ᠭᠠᠴᠠᠭᠠᠨ᠎ᠤ ᠡᠷᠳᠡᠨᠢ ᠱᠢᠰᠢ᠎ᠶ᠋ᠢᠨ ᠲᠠᠷᠢᠶ᠎ᠠ᠂ ᠠᠮᠳᠠᠳᠤ ᠬᠡᠮᠬᠡ᠎ᠶ᠋ᠢᠨ ᠲᠠᠷᠢᠶ᠎ᠠ᠎ᠶ᠋ᠢᠨ ᠵᠢᠷᠤᠭ ᠰᠡᠭᠦᠳᠡᠷ᠎ᠢ ᠠᠪᠴᠤ᠌ ᠪᠠᠢᠬᠤ᠎ᠳᠤ ᠭᠤᠷᠪᠡᠨ ᠬᠦᠷᠳᠤᠳᠤ ᠮᠤᠲ᠋ᠤᠷ᠎ᠢᠶᠠᠷ ᠲᠠᠷᠢᠶ᠎ᠠ᠎ᠪᠠᠨ ᠦᠵᠡᠬᠦ᠌᠎ᠪᠠᠷ ᠶᠠᠪᠤᠬᠤ ᠬᠤᠶᠠᠷ ᠬᠦᠮᠦᠨ᠎ᠲᠠᠢ ᠲᠠᠭᠠᠷᠠᠯᠳᠤᠵᠠᠢ᠃ ᠲᠡᠳᠡ ᠪᠤᠯ ᠱᠠᠯᠢᠨᠬᠤᠳᠳᠤᠭ ᠭᠠᠴᠠᠭ᠎ᠠ᠎ᠶ᠋ᠢᠨ ᠬᠦᠮᠦᠨ ᠪᠢᠰᠢ᠂ ᠭᠠᠨᠰᠤ ᠮᠤᠵᠢ᠎ᠶ᠋ᠢᠨ ᠮᠢᠨ ᠴᠢᠨ ᠱᠢᠶᠠᠨ᠎ᠠᠴᠠ ᠲᠤᠰ ᠭᠠᠴᠠᠭᠠᠨ᠎ᠤ ᠲᠠᠷᠢᠶ᠎ᠠ᠎ᠶ᠋ᠢ ᠳᠦᠷᠢᠶᠡᠰᠦᠯᠡᠨ ᠲᠠᠷᠢᠵᠤ ᠪᠠᠢᠭ᠎ᠠ ᠬᠦᠮᠦᠨ ᠪᠤᠯᠬᠤ ᠶᠤᠮ᠃
《ᠮᠠᠨ᠎ᠤ ᠠᠳᠡᠬᠢ ᠲᠠᠷᠢᠶᠠᠨ ᠭᠠᠵᠠᠷ᠎ᠤᠨ 70% ᠶ᠋ᠢ ᠪᠦᠷ ᠭᠠᠳᠠᠨᠠᠬᠢ ᠬᠦᠮᠦᠰ ᠳᠦᠷᠢᠶᠡᠰᠦᠯᠡᠨ ᠲᠠᠷᠢᠵᠤ ᠪᠤᠢ᠃ ᠨᠤᠳᠤᠭ᠎ᠤᠨ ᠬᠦᠮᠦᠰ ᠵᠢᠭᠠᠬᠠᠨ ᠭᠤᠶᠤᠤ ᠲᠠᠷᠢᠵᠤ᠂ ᠬᠤᠨᠢ ᠲᠡᠵᠢᠭᠡᠭᠡᠳ ᠠᠮᠢᠳᠤᠷᠠᠳᠠᠭ᠃ ᠭᠤᠤᠯ᠎ᠨᠢ ᠵᠠᠯᠠᠭᠤᠴᠤᠳ ᠪᠦ᠍ᠷ ᠭᠠᠳᠠᠭ᠍ᠰᠢ ᠭᠠᠷᠴᠤ᠌᠂ ᠬᠦᠳᠡᠭᠡ ᠨᠤᠳᠤᠭ᠎ᠲᠤ ᠦᠯᠡᠳᠡᠵᠦ᠍ ᠪᠠᠢᠭ᠎ᠠ ᠠᠬᠠᠮᠠᠳ ᠨᠠᠰᠤᠳᠠᠢᠴᠤᠳ ᠲᠠᠷᠢᠶ᠎ᠠ ᠲᠦᠮᠦᠰᠤ᠎ᠪᠠᠨ ᠡᠳ᠋ᠯᠡᠬᠦ᠌ ᠲᠡᠩᠬᠡᠬᠡ ᠦᠭᠡᠢ ᠪᠤᠯᠤᠭ᠍ᠰᠠᠨ᠎ᠠᠴᠠ ᠪᠤᠯᠵᠠᠢ᠂ ᠭᠡᠶ᠎ᠠ ᠵᠠᠷᠢᠮ᠎ᠨᠢ ᠪᠠᠰᠠ ᠦᠪᠡᠷ᠎ᠢᠶᠠᠨ ᠲᠠᠷᠢᠵᠤ ᠪᠤᠢ》 ᠭᠡᠵᠦ᠍ ᠱᠢᠤᠢ ᠮᠢᠩ ᠸᠧᠨ ᠶᠠᠷᠢᠬᠤ᠎ᠳᠤ ᠬᠠᠷᠠᠮᠰᠠᠯ᠎ᠤᠨ ᠦᠩᠭᠡ ᠴᠢᠷᠠᠢ᠎ᠳᠤᠨᠢ ᠳᠤᠳᠤᠷᠠᠨ᠎ᠠ᠃ 1980 ᠤᠨ᠎ᠳᠤ ᠲᠦᠷᠦᠭ᠌ᠰᠡᠨ ᠲᠡᠷᠡ᠎ᠪᠠᠷ ᠭᠠᠴᠠᠭᠠᠨ᠎ᠳᠠᠭᠠᠨ ᠵᠠᠯᠠᠭᠤ ᠬᠦᠮᠦᠨ᠎ᠤ ᠲᠤᠭᠠᠨ᠎ᠳᠤ ᠤᠷᠤᠳᠠᠭ᠃
ᠱᠢᠤᠢ ᠮᠢᠩ ᠸᠧᠨ 2006 ᠤᠨ᠎ᠳᠤ ᠱᠠᠯᠢᠨᠬᠤᠳᠳᠤᠭ ᠭᠠᠴᠠᠭ᠎ᠠ᠎ᠶ᠋ᠢᠨ ᠭᠠᠴᠠᠭᠠᠨ ᠳᠠᠷᠤᠭ᠎ᠠ᠎ᠪᠠᠷ ᠰᠤᠩᠭᠤᠭ᠍ᠳᠠᠨ᠂ 2015 ᠤᠨ᠎ᠠᠴᠠ ᠭᠠᠴᠠᠭᠠᠨ᠎ᠤ ᠨᠠᠮ᠎ᠤᠨ ᠡᠬᠦᠷ᠎ᠤᠨ ᠱᠦᠵᠢ᠎ᠶ᠋ᠢᠨ ᠲᠤᠱᠢᠶᠠᠯ᠎ᠢ ᠡᠭᠦᠷᠭᠡᠯᠡᠪᠡ᠃ ᠲᠡᠷᠡ᠎ᠪᠠᠷ ᠤᠷᠢᠳ ᠬᠤᠵᠢᠳ ᠭᠤᠶᠤᠤ ᠲᠠᠷᠢᠬᠤ ᠲᠦᠷᠦᠯ ᠵᠦᠢᠯ᠂ ᠵᠠᠭᠤᠨ ᠤᠢ᠎ᠶ᠋ᠢᠨ ᠦᠷ᠎ᠠ ᠠᠱᠢᠭ᠎ᠢ ᠤᠨᠤᠴᠠᠳᠠᠢ ᠳᠡᠭᠡᠭ᠌ᠰᠢᠯᠡᠭᠦᠯᠬᠦ᠌ ᠲᠦᠷᠦᠯ ᠵᠦᠢᠯ ᠵᠢᠴᠢ ᠶᠡᠷᠦᠩᠬᠡᠢᠯᠡᠭ᠌ᠰᠡᠨ ᠲᠡᠵᠢᠭᠡᠨ ᠦᠷᠡᠵᠢᠭᠦᠯᠬᠦ᠌ ᠲᠠᠯᠠᠪᠠᠢ ᠵᠡᠷᠭᠡ ᠲᠦᠷᠦᠯ ᠵᠦᠢᠯ᠎ᠢ ᠭᠠᠴᠠᠭᠠᠨ᠎ᠳᠠᠭᠠᠨ ᠠᠪᠴᠢᠷᠠᠵᠠᠢ᠃ 《ᠤᠤᠯ᠎ᠳᠠᠭᠠᠨ ᠮᠠᠨ᠎ᠤ ᠠᠳᠡ ᠪᠦᠷ ᠡᠯᠡᠰᠦ ᠮᠠᠩᠬ᠎ᠠ ᠪᠠᠢᠭ᠍ᠰᠠᠨ᠂ ᠡᠳᠦᠷᠵᠢᠨ ᠰᠠᠯᠬᠢᠯᠠᠭᠠᠳ᠂ ᠭᠠᠴᠠᠭᠠᠨ᠎ᠤ ᠠᠷᠠᠳ᠎ᠤᠨ ᠬᠦᠮᠦᠨ ᠳᠤᠮᠳᠠᠴᠢ᠎ᠶ᠋ᠢᠨ ᠵᠢᠯ᠎ᠤᠨ ᠤᠷᠤᠯᠭ᠎ᠠ 2000 ᠲᠦᠭᠦᠷᠢᠭ ᠴᠤ᠌ ᠬᠦᠷᠬᠦ᠌ ᠦᠭᠡᠢ ᠪᠠᠢᠪᠠ᠃ ᠵᠠᠷᠢᠮ᠎ᠳᠠᠭᠠᠨ ᠲᠠᠷᠢᠶ᠎ᠠ ᠲᠠᠷᠢᠭᠠᠳ ᠪᠡᠯᠡ᠎ᠪᠠᠨ ᠴᠤ᠌ ᠤᠯᠵᠤ ᠳᠡᠢᠯᠬᠦ᠌ ᠦᠭᠡᠢ ᠭᠠᠴᠢᠭ᠍ᠳᠠᠵᠤ ᠪᠠᠢᠭ᠍ᠰᠠᠨ᠂ ᠰᠡᠭᠦᠯᠳᠡᠵᠦ᠍ ᠢᠷᠡᠭᠡᠳ ᠭᠠᠴᠠᠭᠠᠨ᠎ᠠᠴᠠ ᠵᠠᠭ ᠲᠠᠷᠢᠬᠤ ᠲᠦᠷᠦᠯ ᠵᠦᠢᠯ᠎ᠢ ᠤᠯᠵᠤ᠂ ᠪᠠᠰᠠ ᠬᠦᠮᠦᠨ᠎ᠤ ᠬᠦᠴᠦ᠎ᠪᠠᠷ ᠭᠤᠶᠤᠤ ᠳᠠᠷᠢᠭᠠᠳ ᠠᠮᠵᠢᠯᠳᠠ ᠤᠯᠤᠭ᠍ᠰᠠᠨ᠎ᠢᠶᠠᠷ ᠠᠳᠡᠬᠢ ᠤᠷᠭᠤᠮᠠᠯ᠎ᠤᠨ ᠪᠦᠷᠬᠦᠴᠡ ᠰᠠᠢᠵᠢᠷᠠᠭ᠍ᠰᠠᠨ ᠪᠦᠭᠡᠳ ᠭᠠᠴᠠᠭᠠᠨ᠎ᠤ ᠠᠷᠠᠳ᠎ᠤᠨ ᠡᠷᠦᠬᠡ ᠳᠤᠮᠳᠠᠴᠢ᠎ᠶ᠋ᠢᠨ ᠵᠢᠯ᠎ᠤᠨ ᠤᠷᠤᠯᠭ᠎ᠠ ᠲᠦᠮᠡᠨ ᠲᠦᠭᠦᠷᠢᠭ ᠤᠷᠴᠢᠮ ᠨᠡᠮᠡᠭ᠌ᠳᠡᠯᠠ》 ᠭᠡᠵᠦ᠍ ᠱᠢᠤᠢ ᠮᠢᠩ ᠸᠧᠨ ᠬᠡᠯᠡᠨ᠎ᠠ᠃
ᠭᠤᠶᠤᠤ᠎ᠠᠴᠠ ᠭᠠᠳᠠᠨ᠎ᠠ᠂ ᠱᠠᠯᠢᠨᠬᠤᠳᠳᠤᠭ ᠭᠠᠴᠠᠭ᠎ᠠ᠎ᠶ᠋ᠢᠨ ᠠᠷᠠᠳ ᠪᠠᠰᠠ ᠠᠮᠳᠠᠳᠤ ᠬᠡᠮᠬᠡ᠂ ᠡᠷᠳᠡᠨᠢ ᠱᠢᠰᠢ᠂ ᠨᠠᠷᠠᠨ ᠬᠤᠸᠠᠷ᠂ ᠴᠠᠷᠭᠠᠰᠤ ᠵᠡᠷᠭᠡ᠎ᠶ᠋ᠢ ᠲᠠᠷᠢᠵᠤ ᠪᠤᠢ᠃ ᠠᠳᠡᠬᠢ᠎ᠶ᠋ᠢᠨ ᠠᠮᠳᠠᠳᠤ ᠬᠡᠮᠭᠡ ᠠᠮᠳᠠᠯᠢᠭ ᠰᠠᠢᠬᠠᠨ ᠪᠠᠢᠵᠤ᠂ ᠪᠤᠯᠪᠠᠰᠤᠷᠠᠴᠢᠬᠠᠪᠠᠯ ᠠᠷᠠᠯᠵᠢᠶᠠᠴᠢᠨ ᠳᠠᠷᠦ᠋ᠢᠬᠠᠨ ᠢᠷᠡᠭᠡᠳ ᠲᠡᠭᠡᠭᠡᠳ ᠶᠠᠪᠤᠴᠢᠬᠠᠨ᠎ᠠ᠂ ᠪᠤᠷᠤᠯᠠᠭᠤᠯᠭ᠎ᠠ᠎ᠶ᠋ᠢᠨ ᠲᠠᠯ᠎ᠠ᠎ᠪᠠᠷ ᠵᠤᠪᠠᠭ᠍ᠤ ᠶᠠᠭᠤᠮ᠎ᠠ ᠦᠭᠡᠢ᠃ ᠡᠷᠳᠡᠨᠢ ᠱᠢᠰᠢ᠂ ᠴᠠᠷᠭᠠᠰᠤ ᠵᠡᠷᠭᠡ᠎ᠶ᠋ᠢ ᠪᠤᠯ ᠲᠠᠵᠢᠬᠡᠪᠤᠷᠢ᠎ᠶ᠋ᠢᠨ ᠦᠢᠯᠡᠰ᠎ᠲᠡᠭᠡᠨ ᠱᠢᠩᠭᠡᠭᠡᠴᠢᠬᠡᠨᠠ᠃ ᠡᠯ᠎ᠠ ᠵᠦᠢᠯ᠎ᠤᠨ ᠤᠷᠤᠯᠭ᠎ᠠ ᠨᠡᠢᠯᠡᠭᠡᠳ ᠢᠷᠡᠬᠦ᠌᠎ᠪᠠᠷ ᠱᠠᠯᠢᠨᠬᠤᠳᠳᠤᠭ ᠭᠠᠴᠠᠭᠠᠨ᠎ᠤ ᠠᠷᠠᠳ᠎ᠤᠨ ᠬᠦᠮᠦᠨ ᠳᠤᠮᠳᠠᠴᠢ᠎ᠶ᠋ᠢᠨ ᠵᠢᠯ᠎ᠤᠨ ᠤᠷᠤᠯᠭ᠎ᠠ ᠤᠳᠤ 2.2 ᠲᠦᠮᠡᠨ ᠲᠦᠭᠦᠷᠢᠭ᠎ᠢ ᠲᠠᠪᠠᠵᠤ᠂ ᠵᠠᠷᠢᠮ ᠡᠷᠦᠬᠡ᠎ᠶ᠋ᠢᠨ ᠤᠷᠤᠯᠭ᠎ᠠ ᠬᠡᠳᠦᠨ ᠠᠷᠪᠠᠨ ᠲᠦᠮᠡᠨ ᠲᠦᠬᠦᠷᠢᠭ᠎ᠲᠤ ᠬᠦᠷᠴᠤ᠌ ᠪᠤᠢ᠃
ᠪᠢᠳᠡᠨ᠎ᠢ ᠬᠦᠷᠬᠦ᠌᠎ᠳᠤ ᠱᠢᠤᠢ ᠮᠢᠩ ᠸᠧᠨᠤ ᠠᠬ᠎ᠠ ᠱᠢᠤᠢ ᠮᠢᠩ ᠡᠤ ᠵᠠᠭ ᠬᠡᠳᠦᠨ ᠠᠵᠢᠯᠴᠢᠨ ᠬᠦᠯᠦᠰᠦᠯᠡᠨ ᠠᠮᠳᠠᠳᠤ ᠬᠡᠮᠬᠡ᠎ᠪᠠᠨ ᠲᠡᠭᠦᠵᠦ᠍ ᠪᠠᠢᠪᠠ᠃ 《ᠮᠦᠳᠳᠤ ᠲᠤᠮᠤ ᠮᠠᠱᠢᠨ ᠲᠡᠷᠭᠡ᠎ᠪᠠᠷ ᠢᠷᠡᠵᠤ 18 ᠳᠤᠨ ᠭᠤᠸ᠎ᠠ ᠲᠡᠭᠡᠭᠡᠨᠠ》 ᠭᠡᠵᠦ᠍ ᠱᠢᠤᠢ ᠮᠢᠩ ᠡᠤ ᠶᠠᠭᠠᠷᠠᠯᠳᠠᠢ ᠠᠵᠢᠯᠯᠠᠬᠤ᠎ᠶ᠋ᠢᠨ ᠳᠠᠭᠠᠤ ᠶᠡᠭᠡ ᠪᠠᠶᠠᠷᠲᠠᠢ ᠶᠠᠷᠢᠵᠤ ᠪᠠᠢᠯ᠎ᠠ᠃ ᠱᠢᠤᠢ ᠮᠢᠩ ᠡᠤ ᠨᠢᠳᠤᠨᠤᠨ 70 ᠮᠦ᠍ ᠠᠮᠳᠠᠳᠤ ᠬᠡᠮᠬᠡ ᠲᠠᠷᠢᠭᠠᠳ 40 ᠭᠠᠷᠤᠢ ᠲᠦᠮᠡᠨ ᠲᠦᠭᠦᠷᠢᠭ᠎ᠤᠨ ᠤᠷᠤᠯᠭ᠎ᠠ ᠤᠯᠵᠠᠢ᠃ ᠡᠨᠡ ᠵᠢᠯ ᠠᠮᠳᠠᠳᠤ ᠬᠡᠮᠬᠡ᠎ᠶ᠋ᠢᠨ ᠦᠨ᠎ᠠ ᠵᠢᠭᠠᠬᠠᠨ ᠪᠠᠭᠤᠷᠠᠭ᠍ᠰᠠᠨ ᠴᠤ᠌ 40 ᠮᠦ᠍ ᠠᠮᠳᠠᠳᠤ ᠬᠡᠮᠭᠡ ᠲᠠᠷᠢᠭ᠍ᠰᠠᠨ ᠲᠡᠷᠡ᠎ᠪᠠᠷ ᠮᠦᠨ ᠠᠷᠪᠡᠨ ᠬᠡᠳᠦᠨ ᠲᠦᠮᠡᠨ ᠲᠦᠭᠦᠷᠢᠭ᠎ᠤᠨ ᠤᠷᠤᠯᠭ᠎ᠠ ᠤᠯᠴᠢᠬᠠᠨ᠎ᠠ᠃ ᠠᠮᠳᠠᠳᠤ ᠬᠡᠮᠬᠡ᠎ᠠᠴᠠ ᠭᠠᠳᠠᠨ᠎ᠠ ᠱᠢᠤᠢ ᠮᠢᠩ ᠡᠤ ᠪᠠᠰᠠ ᠨᠠᠷᠠᠨ ᠬᠤᠸᠠᠷ᠂ ᠡᠷᠳᠡᠨᠢ ᠱᠢᠰᠢ᠂ ᠴᠠᠷᠭᠠᠰᠤ᠂ ᠭᠤᠶᠤᠤ ᠲᠠᠷᠢᠭ᠍ᠰᠠᠨ ᠪᠠᠢᠳᠠᠭ᠃
ᠨᠢᠭᠡ ᠪᠤᠳᠤᠪᠠᠯ ᠬᠤᠳᠠ᠎ᠳᠤ ᠠᠮᠢᠳᠤᠷᠠᠬ᠍ᠰᠠᠨ ᠮᠠᠨᠤᠰ᠎ᠤᠨ ᠵᠢᠯ᠎ᠤᠨ ᠤᠷᠤᠯᠭ᠎ᠠ ᠰᠠᠶᠢ ᠬᠡᠳᠦᠢ ᠯᠡ ᠳ᠋ᠠ⁈ ᠵᠠᠯᠠᠭᠤᠴᠤᠳ ᠶᠠᠭᠠᠬᠢᠭᠠᠳ ᠬᠦᠳᠡᠭᠡ ᠬᠠᠷᠢᠬᠤ ᠳᠤᠷ᠎ᠠ ᠦᠭᠡᠢ ᠪᠤᠢ? ᠭᠡᠬᠦ᠌ ᠪᠤᠳᠤᠯ᠎ᠳᠤ ᠬᠦᠲᠦᠯᠦᠭ᠌ᠳᠡᠨ ᠱᠢᠤᠢ ᠮᠢᠩ ᠸᠧᠨᠢ ᠳᠠᠭᠠᠵᠤ 1994 ᠤᠨ᠎ᠳᠤ ᠲᠦᠷᠦᠭ᠌ᠰᠡᠨ ᠯᠢ ᠱᠢᠶᠤᠤ᠎ᠶ᠋ᠢᠨ ᠭᠡᠬᠦ᠌ ᠵᠠᠯᠠᠭᠤ᠎ᠶ᠋ᠢᠨ ᠭᠤᠶᠤᠤ ᠬᠤᠷᠢᠶᠠᠨ ᠬᠠᠳᠠᠭᠠᠯᠠᠬᠤ ᠬᠦᠮᠦᠷᠭᠡ᠎ᠳᠤ ᠬᠦᠷᠪᠡ᠃
ᠱᠠᠯᠢᠨᠬᠤᠳᠳᠤᠭ ᠭᠠᠴᠠᠭ᠎ᠠ 2012 ᠤᠨ᠎ᠳᠤ ᠵᠠᠭᠤᠨ ᠤᠢ᠎ᠳᠤ ᠴᠠᠭᠠᠨ ᠭᠤᠶᠤᠤ ᠳᠠᠷᠢᠭᠠᠳ ᠠᠮᠵᠢᠯᠳᠠ ᠤᠯᠤᠭ᠍ᠰᠠᠨ᠎ᠳᠤ᠂ ᠶᠡᠭᠡ ᠰᠤᠷᠭᠠᠭᠤᠯᠢ᠎ᠪᠠᠨ ᠲᠡᠭᠦᠰᠦᠭᠡᠳ ᠠᠢᠮᠠᠭ ᠳᠡᠭᠡᠷ᠎ᠠ᠎ᠪᠠᠨ ᠬᠡᠳᠦᠨ ᠵᠢᠯ ᠠᠵᠢᠯᠯᠠᠭ᠍ᠰᠠᠨ ᠯᠢ ᠱᠢᠶᠤᠤ᠎ᠶ᠋ᠢᠨ ᠨᠤᠳᠤᠭ᠎ᠲᠠᠭᠠᠨ ᠪᠤᠴᠠᠵᠠᠢ᠃ ᠯᠢ ᠱᠢᠶᠤᠤᠶ᠋ᠢᠨᠤᠬᠢ ᠠᠩᠬ᠎ᠠ ᠡᠬᠢᠯᠡᠭᠡᠳ 100 ᠮᠦ᠍ ᠭᠤᠶᠤᠤ᠎ᠲᠠᠢ ᠪᠠᠢᠭ᠍ᠰᠠᠨ᠂ 2016 ᠤᠨ᠎ᠠᠴᠠ 1800 ᠮᠦ᠍ ᠪᠤᠯᠭᠠᠵᠦ᠍᠂ ᠦᠪᠡᠷ᠎ᠤᠨ ᠭᠤᠶᠤᠤ᠎ᠠᠴᠠ ᠭᠠᠳᠠᠨ᠎ᠠ ᠪᠤᠰᠤᠳᠤᠨᠬᠢᠶ᠋ᠢ ᠴᠤ᠌ ᠬᠤᠷᠢᠶᠠᠵᠤ ᠭᠠᠳᠠᠭ᠍ᠰᠢ ᠪᠤᠷᠤᠯᠠᠭᠤᠯᠵᠤ ᠡᠬᠢᠯᠡᠵᠠᠢ᠃ ᠵᠠᠯᠠᠭᠤ ᠬᠦᠮᠦᠨ ᠪᠤᠯᠬᠤᠷ ᠵᠢᠷᠬᠢᠶ᠎ᠠ᠂ ᠴᠤᠤᠷᠢᠶ᠎ᠠ᠂ ᠪᠤᠱᠢᠭᠤ ᠭᠠᠷ᠂ ᠪᠦᠷᠭᠡ ᠵᠡᠷᠭᠡ ᠳᠠᠪᠴᠠᠩ᠎ᠢᠶᠠᠷ ᠳᠠᠮᠵᠢᠨ ᠰᠦᠯᠵᠢᠶ᠎ᠠ᠎ᠪᠠᠷ ᠪᠠᠷᠠᠭ᠎ᠠ᠎ᠪᠠᠨ ᠲᠠᠨᠢᠯᠴᠠᠭᠤᠯᠤᠨ ᠬᠤᠳᠠᠯᠳᠤᠵᠤ᠂ ᠵᠢᠯ᠎ᠤᠨ ᠤᠷᠤᠯᠭ᠎ᠠ᠎ᠨᠢ ᠠᠷᠪᠠ ᠬᠤᠷᠢᠨ ᠲᠦᠮᠡᠨ ᠲᠦᠭᠦᠷᠢᠭ᠎ᠲᠤ ᠬᠦᠷᠴᠤ᠌ ᠪᠤᠢ᠃
《ᠱᠠᠯᠢᠨᠬᠤᠳᠳᠤᠭ ᠭᠠᠴᠠᠭ᠎ᠠ᠎ᠳᠤ ᠯᠢ ᠱᠢᠶᠤᠤ᠎ᠶ᠋ᠢᠨ ᠮᠡᠳᠦ᠎ᠶ᠋ᠢᠨ ᠵᠠᠯᠠᠭᠤᠰ ᠠᠷᠪᠢᠨ ᠪᠠᠢᠨ᠎ᠠ ᠤᠤ?》 ᠭᠡᠵᠦ᠍ ᠠᠰᠠᠭᠤᠬᠤ᠎ᠳᠤ ᠱᠢᠤᠢ ᠸᠧᠨ ᠮᠢᠩ᠄ 《ᠮᠠᠨ᠎ᠤ ᠭᠠᠴᠠᠭ᠎ᠠ ᠬᠤᠳᠠ᠎ᠠᠴᠠ ᠬᠤᠯᠠ᠂ ᠰᠠᠭᠤᠷᠢ ᠲᠦᠬᠦᠭᠡᠷᠦᠮᠵᠢ ᠪᠠᠷᠤᠭ᠍ᠳᠠᠢ᠂ ᠨᠦᠬᠦᠴᠡᠯ ᠠᠨᠠᠢ ᠵᠡᠷᠭᠡ ᠤᠯᠠᠨ ᠵᠦᠢᠯ᠎ᠤᠨ ᠱᠢᠯᠳᠠᠭᠠᠨ᠎ᠠᠴᠠ ᠪᠤᠯᠵᠤ ᠬᠠᠷᠢᠵᠤ ᠢᠷᠡᠬᠦ᠌ ᠰᠠᠨᠠᠭ᠎ᠠ᠎ᠲᠠᠢ ᠪᠤᠯᠪᠠᠴᠤ᠌ ᠦᠨᠡᠨ ᠬᠠᠷᠢᠵᠤ ᠢᠷᠡᠭ᠌ᠰᠡᠨ ᠵᠠᠯᠠᠭᠤᠰ ᠮᠠᠰᠢ ᠴᠦᠬᠡᠨ》 ᠭᠡᠪᠡ᠃ 《ᠵᠠᠯᠠᠭᠤᠴᠤᠳ᠎ᠤᠨ ᠬᠠᠷᠢᠵᠤ ᠢᠷᠡᠬᠦ᠌᠎ᠶ᠋ᠢ ᠶᠡᠭᠡ ᠬᠦᠰᠡᠳᠡᠭ ᠤᠤ?》 ᠭᠡᠵᠦ᠍ ᠠᠰᠠᠭᠤᠬᠤ᠎ᠳᠤ᠂ ᠲᠡᠷᠡ᠄ 《ᠶᠠᠷᠢᠶᠠᠨ ᠦᠭᠡᠢ᠂ ᠵᠠᠯᠠᠭᠤᠴᠤᠳ᠎ᠤᠨ ᠦᠵᠡᠯ ᠪᠤᠳᠤᠯ ᠴᠢᠯᠦᠭᠡᠳᠠᠢ᠂ ᠵᠤᠷᠢᠭᠲᠠᠢ᠂ ᠬᠦᠳᠡᠭᠡ᠎ᠳᠡᠭᠡᠨ ᠪᠤᠴᠠᠵᠤ ᠢᠷᠡᠪᠡᠯ ᠮᠠᠨ᠎ᠤ ᠠᠳᠡ ᠠᠮᠢᠵᠢᠷᠠᠯ᠎ᠤᠨ ᠬᠦᠴᠤᠨ ᠨᠡᠮᠡᠷᠢᠯᠡᠵᠦ᠍᠂ ᠱᠢᠨ᠎ᠠ ᠰᠡᠳᠭᠢᠮᠵᠢ᠎ᠶ᠋ᠢ ᠠᠪᠴᠢᠷᠠᠵᠤ ᠳᠡᠢᠯᠦᠨ᠎ᠠ》 ᠭᠡᠪᠡ᠃
《ᠭᠠᠴᠠᠭᠠᠨ᠎ᠤ᠎ᠪᠠᠨ ᠢᠷᠡᠭᠡᠳᠦᠢ᠎ᠶ᠋ᠢᠨ ᠬᠦᠭ᠌ᠵᠢᠯᠳᠡ᠎ᠶ᠋ᠢᠨ ᠲᠤᠬᠠᠢ ᠶᠠᠮᠠᠷ ᠲᠦᠯᠦᠪᠯᠡᠭᠡ ᠪᠠᠢᠨ᠎ᠠ ᠪᠤᠢ?》 ᠭᠡᠵᠦ᠍ ᠠᠰᠠᠭᠤᠪᠡᠯ᠂ 《ᠪᠢᠳᠡ ᠭᠤᠶᠤᠤ ᠬᠤᠷᠢᠶᠠᠨ ᠬᠠᠳᠠᠭᠠᠯᠠᠵᠤ ᠡᠳ᠋ᠱᠢᠭᠦᠯᠦᠨ ᠪᠤᠯᠪᠠᠰᠤᠷᠠᠭᠤᠯᠬᠤ᠂ ᠴᠠᠷᠭᠠᠰᠤ ᠬᠤᠷᠢᠶᠠᠨ ᠬᠠᠳᠠᠭᠠᠯᠠᠬᠤ᠂ ᠬᠦᠬᠡ ᠳᠠᠷᠤᠰᠢ ᠡᠳ᠋ᠱᠢᠭᠦᠯᠬᠦ᠌ ᠬᠢᠭᠡᠳ ᠡᠯ᠎ᠠ ᠵᠦᠢᠯ᠎ᠤᠨ ᠮᠠᠯ᠎ᠤᠨ ᠠᠱᠢᠭ ᠱᠢᠮ᠎ᠠ ᠲᠠᠷᠢᠶᠠᠯᠠᠩ᠎ᠤᠨ ᠪᠦᠲᠦᠭᠡᠭ᠌ᠳᠡᠭᠦᠨ ᠭᠤᠸ᠎ᠠ ᠵᠢᠮᠢᠰ᠎ᠤᠨ ᠠᠷᠠᠯᠵᠢᠶ᠎ᠠ᠎ᠶ᠋ᠢ ᠪᠠᠭ᠍ᠳᠠᠭᠠᠭ᠍ᠰᠠᠨ ᠶᠡᠷᠦᠩᠬᠡᠢᠯᠡᠭ᠌ᠰᠡᠨ ᠵᠠᠬ᠎ᠠ ᠳᠡᠯᠭᠡᠭᠦᠷ᠎ᠢ ᠪᠦᠳᠦᠬᠡᠨ ᠪᠠᠢᠭᠤᠯᠬᠤ᠎ᠪᠠᠷ ᠲᠦᠯᠦᠪᠯᠡᠵᠦ᠍ ᠪᠤᠢ᠃ ᠡᠨᠡ᠎ᠨᠢ ᠮᠦᠨ ᠠᠳᠡᠬᠢ ᠵᠠᠬ᠎ᠠ ᠳᠡᠯᠭᠡᠭᠦᠷ᠎ᠢᠶᠠᠨ ᠰᠠᠢᠳᠦᠷ ᠨᠡᠭᠡᠭᠡᠵᠦ᠍᠂ ᠭᠠᠳᠠᠭ᠍ᠰᠢ ᠭᠠᠷᠤᠭ᠍ᠰᠠᠨ ᠵᠠᠯᠠᠭᠤᠴᠤᠳ᠎ᠢᠶᠠᠨ ᠨᠤᠳᠤᠭ᠎ᠲᠠᠭᠠᠨ ᠲᠠᠳᠠᠵᠤ ᠠᠪᠴᠢᠷᠠᠬᠤ᠎ᠶ᠋ᠢᠨ ᠲᠦᠯᠦᠭᠡ ᠶᠤᠮ᠃ ᠲᠦᠰᠦᠯ᠎ᠢᠶᠠᠨ ᠨᠢᠭᠡᠨᠳᠡ ᠳᠡᠭᠡᠭ᠌ᠰᠢ ᠲᠤᠱᠢᠶᠠᠴᠢᠬᠠᠭ᠍ᠰᠠᠨ᠂ ᠪᠠᠷᠤᠭ 500 ᠲᠦᠮᠡᠨ ᠲᠦᠭᠦᠷᠢᠭ᠎ᠤᠨ ᠪᠡᠯᠡ ᠮᠦᠩᠬᠦ᠌ ᠬᠡᠷᠡᠭ᠌ᠰᠡᠨᠠ ᠁》 ᠭᠡᠵᠦ᠍ ᠱᠢᠤᠢ ᠮᠢᠩ ᠸᠧᠨ ᠬᠡᠯᠡᠨ᠎ᠠ᠃
ᠵᠠᠯᠠᠭᠤᠴᠤᠳ ᠪᠤᠯ ᠢᠷᠡᠭᠡᠳᠦᠢ᠂ ᠵᠠᠯᠠᠭᠤᠴᠤᠳ ᠪᠤᠯ ᠬᠦᠰᠡᠯ ᠡᠷᠡᠮᠡᠯᠵᠡᠯ ᠪᠢᠯᠡ᠃ ᠱᠢᠤᠢ ᠮᠢᠩ ᠸᠧᠨ ᠱᠦᠵᠢ᠎ᠶ᠋ᠢᠨ ᠬᠦᠰᠡᠨ ᠬᠦᠯᠢᠶᠡᠵᠦ᠍ ᠪᠠᠢᠭ᠎ᠠ ᠮᠠᠯ᠎ᠤᠨ ᠠᠱᠢᠭ ᠱᠢᠮ᠎ᠠ ᠲᠠᠷᠢᠶᠠᠯᠠᠩ᠎ᠤᠨ ᠪᠦᠲᠦᠭᠡᠭ᠌ᠳᠡᠭᠦᠨ᠎ᠤ ᠠᠷᠠᠯᠵᠢᠶᠠᠨ᠎ᠤ ᠶᠡᠷᠦᠩᠬᠡᠢᠯᠡᠭ᠌ᠰᠡᠨ ᠵᠠᠬ᠎ᠠ ᠳᠡᠯᠭᠡᠭᠦᠷ᠎ᠤᠨ ᠲᠦᠰᠦᠯ ᠡᠷᠳᠡᠭᠡᠨ ᠵᠦᠪᠱᠢᠶᠡᠷᠡᠭ᠌ᠳᠡᠨ ᠨᠠᠢᠳᠠᠪᠤᠷᠢᠵᠢᠭᠤᠯᠤᠭ᠍ᠳᠠᠵᠤ᠂ ᠬᠦᠳᠡᠭᠡ ᠨᠤᠳᠤᠭ᠎ᠢᠶᠠᠷ ᠯᠢ ᠱᠢᠶᠤᠤ᠎ᠶ᠋ᠢᠨ ᠮᠡᠳᠦ᠎ᠶ᠋ᠢᠨ ᠵᠠᠯᠠᠭᠤᠴᠤᠳ ᠨᠡᠩ ᠤᠯᠠᠱᠢᠷᠠᠬᠤᠶ᠋ᠢ ᠬᠦᠰᠡᠨ ᠵᠦᠩᠨᠡᠵᠦ᠍ ᠪᠢᠳᠡ ᠱᠠᠯᠢᠨᠬᠤᠳᠳᠤᠭ ᠭᠠᠴᠠᠭ᠎ᠠ᠎ᠠᠴᠠ ᠠᠶᠠᠷᠯᠠᠯ᠎ᠠ᠃