ᠲᠠᠯ᠎ᠠ᠎ᠪᠠᠨ ᠳᠠᠭᠠᠭ᠍ᠰᠠᠨ ᠲᠡᠨᠢᠭᠦᠬᠡᠨ ᠠᠮᠢᠳᠤᠷᠠᠯ ᠮᠠᠯ᠎ᠢᠶᠠᠨ ᠳᠠᠭᠠᠭ᠍ᠰᠠᠨ ᠪᠤᠷᠤ ᠤᠬᠠᠭᠠᠨ
2021-09-24 10:21:47
ᠵᠣᠬᠢᠶᠠᠭ᠍ᠴᠢ᠄
ᠪᠤᠶᠠᠨᠲᠤ
ᠣᠩᠱᠢᠭ᠍ᠰᠠᠨ ᠣᠳᠠᠭ᠎ᠠ᠄
★★★☆☆

ᠲᠠᠯ᠎ᠠ᠎ᠪᠠᠨ ᠳᠠᠭᠠᠭ᠍ᠰᠠᠨ ᠲᠡᠨᠢᠭᠦᠬᠡᠨ ᠠᠮᠢᠳᠤᠷᠠᠯ᠎ᠲᠠᠢ᠂ ᠮᠠᠯ᠎ᠢᠶᠠᠨ ᠳᠠᠭᠠᠭ᠍ᠰᠠᠨ ᠪᠤᠷᠤ ᠤᠬᠠᠭᠠᠨ᠎ᠲᠠᠢ ᠰᠦᠯᠳᠡ ᠰᠤᠮᠤᠨ᠎ᠤ ᠲᠦᠩᠽᠢ ᠭᠠᠴᠠᠭᠠᠨ᠎ᠤ ᠮᠠᠯᠴᠢᠨ ᠰᠤᠶᠤᠯᠳᠠᠯᠠᠢ᠎ᠶ᠋ᠢᠨ᠎ᠬᠢᠨ ᠪᠣᠯ ᠦᠦᠱᠢᠨ ᠬᠤᠱᠢᠭᠤᠨ᠎ᠤ ᠤᠷᠳᠤᠰ᠎ᠤᠨ ᠨᠠᠷᠢᠨ ᠨᠤᠤᠰᠤᠳᠤ ᠬᠤᠨᠢ ᠲᠡᠵᠢᠭᠡᠨ ᠦᠷᠡᠵᠢᠭᠦᠯᠭᠦ᠌ ᠵᠢᠱ᠌ᠢᠶᠠᠴᠢ ᠡᠷᠤᠭᠡ ᠪᠤᠯᠤᠨ᠎ᠠ᠂ 2008 ᠤᠨ᠎ᠠᠴᠠ ᠡᠬᠢᠯᠡᠨ ᠬᠠᠭᠠᠰ ᠮᠠᠱᠢᠨᠴᠢᠯᠠᠭ᠍ᠰᠠᠨ ᠮᠠᠯ ᠲᠡᠵᠢᠭᠡᠬᠦ᠌ ᠠᠷᠭ᠎ᠠ ᠪᠠᠷᠢᠯ᠎ᠢ ᠰᠦᠪᠡᠭ᠌ᠴᠢᠯᠡᠵᠦ᠍᠂ 2009 ᠤᠨ᠎ᠠᠴᠠ ᠡᠬᠢᠯᠡᠨ ᠬᠠᠱᠢᠶ᠎ᠠ ᠰᠠᠷᠠᠪᠴᠢ ᠨᠡᠮᠡᠨ ᠪᠠᠢᠭᠤᠯᠬᠤ᠎ᠶ᠋ᠢᠨ ᠬᠠᠮᠲᠤ ᠪᠣᠷᠳᠤᠭ᠎ᠠ ᠨᠠᠢᠷᠠᠭᠤᠯᠬᠤ ᠮᠠᠱᠢᠨ᠂ ᠳᠠᠮᠵᠢᠭᠤᠯᠬᠤ ᠬᠤᠭᠤᠯᠠᠢ ᠤᠭ᠍ᠰᠠᠷᠠᠨ᠂ 2012 ᠤᠨ᠎ᠠᠴᠠ ᠠᠢᠯ ᠠᠢᠮᠠᠭ᠎ᠤᠨ᠎ᠢᠶᠠᠨ ᠮᠡᠯ᠎ᠤᠨ ᠪᠡᠯᠴᠢᠭᠡᠷ᠎ᠢ ᠲᠦᠷᠢᠶᠡᠰᠦᠯᠡᠨ ᠠᠪᠴᠤ᠌᠂ ᠬᠤᠨᠢᠨ᠎ᠤ᠎ᠪᠠᠨ ᠲᠤᠭ᠎ᠠ ᠲᠤᠯᠤᠭᠠᠢ᠎ᠶ᠋ᠢ ᠵᠢᠯ ᠳᠠᠷᠠᠭᠠᠯᠠᠨ ᠨᠡᠮᠡᠭ᠌ᠳᠡᠭᠦᠯᠦᠭᠡᠳ 2016 ᠤᠨ ᠪᠤᠯᠬᠤ᠎ᠳᠤ ᠮᠢᠩᠭᠠᠨ ᠲᠤᠯᠤᠭᠠᠢ ᠤᠷᠳᠤᠰ᠎ᠤᠨ ᠨᠠᠷᠢᠨ ᠨᠤᠤᠰᠤᠲᠤ ᠬᠤᠨᠢ᠎ᠲᠠᠢ ᠪᠤᠯᠤᠬ᠍ᠰᠠᠨ ᠪᠠᠢᠨ᠎ᠠ᠃


QQ图片20210924095720.png


《ᠮᠠᠱᠢᠨᠴᠢᠯᠠᠯᠲᠠ᠎ᠪᠠᠷ ᠮᠠᠯ ᠲᠡᠵᠢᠭᠡᠬᠦ᠌᠎ᠨᠢ ᠮᠠᠯᠴᠢᠨ ᠲᠦᠮᠡᠨ᠎ᠤ ᠡᠷᠬᠡᠪᠰᠢ ᠶᠠᠪᠤᠬᠤ ᠵᠠᠮ ᠮᠦᠨ᠂ ᠮᠠᠱᠢᠨᠴᠢᠯᠠᠬᠤ ᠦᠭᠡᠢ ᠪᠣᠯ ᠬᠦᠮᠦᠨ᠎ᠤ ᠬᠦᠴᠦ᠍ ᠶᠡᠭᠡ ᠬᠡᠷᠡᠭ᠌ᠰᠡᠬᠦ᠌ ᠮᠦᠷᠲᠡᠭᠡᠨ ᠵᠠᠷᠤᠴᠠᠭᠤᠯᠬᠤ ᠴᠠᠭ᠎ᠨᠢ ᠠᠷᠪᠢᠨ ᠪᠣᠯᠵᠤ ᠠᠱᠢᠭ ᠣᠷᠣᠯᠭ᠎ᠠ᠎ᠨᠢ ᠳᠤᠤᠷ᠎ᠠ ᠪᠤᠯᠳᠠᠭ᠂ ᠮᠠᠱᠢᠨᠴᠢᠯᠠᠭ᠍ᠰᠠᠨ᠎ᠤ ᠬᠤᠢᠨ᠎ᠠ ᠠᠳᠠᠯᠢᠬᠠᠨ ᠬᠤᠭᠤᠴᠠᠭᠠᠨ ᠳᠤᠲᠤᠷ᠎ᠠ ᠭᠠᠭ᠍ᠴᠠ ᠬᠦᠮᠦᠨ ᠠᠷᠪᠠᠨ ᠬᠦᠮᠦᠨ᠎ᠤ ᠠᠵᠢᠯ᠎ᠢ ᠬᠢᠵᠦ᠍ ᠳᠡᠢᠯᠬᠦ᠌ ᠪᠤᠯᠤᠨ᠎ᠠ》 ᠭᠡᠵᠦ᠍ ᠰᠣᠶᠣᠯᠳᠠᠯᠠᠢ ᠪᠢᠳᠠᠨ᠎ᠳᠤ ᠶᠠᠷᠢᠵᠤ ᠪᠠᠢᠯ᠎ᠠ᠃

ᠤᠷᠴᠢᠮ᠎ᠤᠨ ᠬᠤᠶᠠᠷ ᠵᠢᠯ ᠰᠣᠶᠣᠯᠳᠠᠯᠠᠢ ᠲᠡᠵᠢᠭᠡᠨ ᠦᠷᠡᠵᠢᠭᠦᠯᠭᠦ᠌ ᠠᠷᠭ᠎ᠠ ᠪᠠᠷᠢᠯ ᠲᠡᠭᠡᠷ᠎ᠡ᠎ᠪᠠᠨ ᠦᠭᠡᠷᠡᠴᠢᠯᠡᠯᠳᠡ ᠬᠢᠵᠦ᠍᠂ ᠬᠤᠴᠠᠨ ᠬᠤᠷᠠᠭ᠎ᠠ ᠪᠤᠢᠵᠢᠭᠤᠯᠬᠤ᠂ ᠪᠤᠷᠳᠤᠨ ᠲᠠᠷᠭᠤᠯᠠᠭᠤᠯᠬᠤ ᠵᠡᠷᠭᠡ ᠵᠠᠬ᠎ᠠ ᠳᠡᠯᠭᠡᠬᠦᠷ᠎ᠲᠠᠢ ᠳᠣᠬᠢᠷᠠᠭ᠍ᠰᠠᠨ ᠠᠷᠭ᠎ᠠ᠎ᠪᠠᠷ ᠮᠠᠯ᠎ᠢᠶᠠᠨ ᠮᠠᠯᠵᠢᠭ᠍ᠰᠠᠨ᠎ᠢᠶᠠᠷ ᠣᠷᠣᠯᠭ᠎ᠠ᠎ᠨᠢ ᠴᠤ᠌ ᠢᠯᠡᠳᠳᠡ ᠳᠡᠭᠡᠭ᠌ᠰᠢᠯᠡᠵᠦ᠍᠂ ᠵᠢᠯ᠎ᠳᠡᠭᠡᠨ 500 ᠭᠠᠷᠤᠢ ᠲᠥᠯ ᠲᠤᠰᠴᠤ᠌ ᠲᠥᠯ᠎ᠢᠶᠠᠨ ᠪᠤᠷᠳᠤᠨ ᠲᠠᠷᠭᠤᠯᠠᠭᠤᠯᠵᠤ ᠪᠤᠷᠤᠯᠠᠭᠤᠯᠳᠠᠭ ᠪᠤᠯᠵᠠᠢ᠃


QQ图片20210924095727.png


《ᠮᠠᠯ᠎ᠤᠨ ᠲᠤᠭ᠎ᠠ ᠲᠣᠯᠣᠭᠠᠢ᠎ᠪᠠᠨ ᠨᠡᠮᠡᠭ᠌ᠳᠡᠭᠦᠯᠬᠦ᠌᠎ᠠᠴᠠ ᠡᠮᠦᠨ᠎ᠡ᠂ ᠠᠬᠠᠷ ᠨᠤᠤᠰᠤ᠂ ᠮᠢᠬᠠᠨ᠎ᠤ ᠦᠨ᠎ᠡ ᠳᠤᠭ᠍ᠲᠠᠭᠤᠨ ᠪᠠᠢᠳᠠᠯ ᠳᠤᠤᠷ᠎ᠠ ᠵᠢᠯ᠎ᠤᠨ ᠣᠷᠣᠯᠭ᠎ᠠ ᠲᠠᠪᠤ᠎ᠠᠴᠠ ᠵᠢᠷᠭᠤᠭᠠᠨ ᠲᠦᠮᠡ ᠪᠠᠢᠭ᠍ᠰᠠᠨ᠂ ᠡᠨᠡ ᠬᠤᠶᠠᠷ ᠵᠢᠯ ᠡᠪᠡᠰᠦ ᠪᠤᠷᠳᠤᠭᠠᠨ᠎ᠤ ᠵᠤᠭᠤᠰ᠂ ᠪᠡᠯᠴᠢᠭᠡᠷ᠎ᠤᠨ ᠲᠦᠷᠢᠶᠡᠰᠦ᠎ᠪᠠᠨ ᠬᠠᠰᠤᠭᠠᠳ ᠨᠠᠷᠢᠨ ᠨᠤᠤᠰᠤᠲᠤ ᠬᠤᠨᠢ ᠮᠠᠯᠵᠢᠭ᠍ᠰᠠᠨ ᠴᠡᠪᠡᠷ ᠣᠷᠣᠯᠭ᠎ᠠ ᠳᠦᠴᠢᠭᠡᠳ ᠲᠦᠮᠡ ᠬᠦᠷᠴᠦ᠍ ᠪᠠᠢᠨ᠎ᠠ》 ᠭᠡᠵᠦ᠍ ᠰᠤᠶᠤᠯᠳᠠᠯᠠᠢ ᠪᠢᠳᠠᠨ᠎ᠳᠤ ᠶᠠᠷᠢᠯ᠎ᠠ᠃

(ᠮᠡᠷᠭᠡᠨ ᠴᠤᠬᠤᠷ᠎ᠢ ᠱᠢᠷᠪᠢᠵᠦ᠍ ᠨᠠᠷᠢᠨ ᠠᠭᠤᠯᠭ᠎ᠠ᠎ᠶ᠋ᠢ ᠦᠵᠡᠭᠡᠷᠡᠢ!)


QQ图片20210924101150.png

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号