9 ᠰᠠᠷ᠎ᠠ᠎ᠶ᠋ᠢᠨ ᠡᠬᠢ᠎ᠪᠠᠷ ᠪᠢᠳᠠ ᠠᠯᠠᠱᠠ ᠠᠭᠤᠯᠠ᠎ᠶ᠋ᠢ ᠳᠠᠪᠠᠨ ᠡᠯᠡᠰᠤᠨ ᠴᠦᠯ᠎ᠤᠨ ᠳᠤᠮᠳᠠᠭᠤᠷ ᠠᠶᠠᠯᠠᠵᠤ᠂ ᠬᠦᠮᠡᠯᠢ ᠳᠠᠭᠠᠨ᠎ᠠ᠎ᠶ᠋ᠢᠨ ᠦᠨᠤᠷ᠎ᠲᠤ ᠰᠡᠳᠭᠢᠯ ᠲᠠᠪᠠᠳᠠᠢ᠎ᠪᠠᠷ ᠮᠦᠩᠭᠡᠪᠠᠶᠠᠷᠤᠨᠬᠢᠨᠳᠤ ᠬᠦᠷᠦᠭ᠌ᠰᠡᠨ ᠶᠤᠮ᠃ 《ᠬᠦᠮᠡᠯᠢ ᠪᠤᠯ ᠮᠠᠨ᠎ᠤ ᠪᠠᠭ᠎ᠠ᠎ᠶ᠋ᠢᠨ ᠦᠶ᠎ᠠ᠎ᠶ᠋ᠢᠨ ᠦᠷᠭᠦᠯᠵᠢ ᠢᠳᠡᠳᠡᠭ ᠨᠤᠭᠤᠭ᠎ᠠ ᠪᠤᠯᠤᠨ᠎ᠠ᠂ ᠵᠢᠯ ᠪᠤᠯᠭᠠᠨ᠎ᠤ 7 ᠰᠠᠷ᠎ᠠ᠎ᠶ᠋ᠢᠨ ᠬᠤᠷᠢᠳ᠎ᠠᠴᠠ 8 ᠰᠠᠷ᠎ᠠ᠎ᠶ᠋ᠢᠨ ᠬᠤᠷᠢᠳ ᠪᠤᠯᠳᠠᠯ᠎ᠠ ᠳᠤᠯᠠᠭᠠᠨ᠎ᠤ ᠬᠡᠮᠵᠢᠶ᠎ᠡ ᠲᠠᠬᠡᠭ᠌ᠰᠢᠯᠡᠬᠦ᠌ᠶ᠋ᠢ ᠳᠠᠭᠠᠯᠳᠤᠨ ᠬᠦᠮᠡᠯᠢ ᠴᠡᠴᠡᠭ᠌ᠯᠡᠵᠤ ᠭᠤᠤᠯ᠎ᠨᠢ ᠬᠠᠳᠠᠭᠤᠷᠠᠳᠠᠭ᠎ᠠᠴᠠ ᠬᠦᠮᠡᠯᠢ ᠠᠪᠳᠠᠭ ᠦᠭᠡᠢ᠂ ᠤᠳᠤ ᠬᠠᠯᠠᠭᠤᠨ᠎ᠤ ᠴᠠᠭ ᠦᠩᠭᠡᠷᠡᠭ᠌ᠰᠡᠨ ᠳᠤᠯᠠ ᠪᠢᠳᠡ ᠬᠦᠮᠡᠯᠢ᠎ᠪᠠᠨ ᠳᠠᠪᠤᠰᠤᠯᠠᠬᠤ ᠠᠵᠢᠯ᠎ᠢᠶᠠᠨ ᠡᠬᠢᠯᠡᠭᠦᠯᠦᠭᠡᠳ ᠬᠡᠳᠦᠭᠡᠨ ᠡᠳᠦᠷ ᠪᠤᠯᠵᠤ ᠪᠠᠢᠨ᠎ᠠ》 ᠭᠡᠵᠤ ᠪᠢᠳᠡᠨ᠎ᠤ ᠰᠤᠷᠪᠤᠯᠵᠢᠯᠠᠬᠤ ᠵᠤᠷᠢᠯᠳᠠ᠎ᠶ᠋ᠢ ᠮᠡᠳᠡᠭ᠌ᠰᠡᠨ ᠮᠦᠩᠭᠡᠪᠠᠶᠠᠷ ᠦᠪᠡᠷ᠎ᠤᠨ ᠬᠦᠭ᠌ᠵᠢᠭᠦᠯᠵᠤ ᠪᠠᠢᠭ᠎ᠠ ᠦᠢᠯᠡᠰ᠎ᠤᠨ᠎ᠢᠶᠠᠨ ᠳᠤᠬᠠᠢ ᠳᠠᠨᠢᠯᠴᠠᠭᠤᠯᠵᠤ ᠭᠠᠷᠤᠯ᠎ᠠ᠃

ᠮᠦᠩᠬᠡᠪᠠᠶᠠᠷ ᠪᠤᠯ ᠠᠯᠠᠱᠠ ᠵᠡᠬᠦᠨ ᠬᠤᠱᠢᠭᠤᠨ᠎ᠤ ᠳᠡᠭ᠌ᠷᠢ ᠡᠯᠡᠰᠤ ᠪᠠᠯᠭᠠᠰᠤ᠎ᠶ᠋ᠢᠨ ᠳᠡᠮᠡᠭᠡᠨ ᠠᠭᠤᠯᠠ ᠭᠠᠴᠠᠭᠠᠨ᠎ᠤ ᠮᠠᠯᠴᠢᠨ ᠶᠤᠮ᠂ ᠪᠠᠯᠴᠢᠷ ᠪᠠᠭᠠᠳᠤᠨᠢ ᠭᠡᠭᠡᠷ᠎ᠠ᠎ᠶ᠋ᠢᠨ ᠬᠦᠮᠡᠯᠢ᠎ᠠᠴᠠ ᠪᠤᠰᠤᠳ ᠨᠤᠭᠤᠭ᠎ᠠ ᠪᠠᠢᠬᠤ ᠦᠭᠡᠢ ᠭᠡᠳᠡᠭ᠂ ᠡᠳᠦᠭᠡ ᠮᠦᠩᠭᠡᠪᠡᠶᠠᠷ ᠤᠢ᠍ᠢᠷ᠎ᠠ ᠬᠠᠪᠢ᠎ᠶ᠋ᠢᠨ ᠮᠠᠯᠴᠢᠳ᠎ᠢᠶᠠᠨ ᠳᠠᠭᠠᠭᠤᠯᠤᠨ ᠡᠪᠦᠭᠡ ᠳᠡᠭᠡᠳᠤᠠᠴᠠᠪᠠᠨ ᠢᠳᠡᠭ᠌ᠰᠡᠭᠡᠷ ᠢᠷᠡᠭ᠌ᠰᠡᠨ ᠬᠦᠮᠠᠯᠢ᠎ᠶ᠋ᠢ ᠠᠵᠤ ᠦᠢᠯᠡᠰ ᠪᠤᠯᠭᠠᠨ ᠴᠤᠭ᠍ᠴᠠᠯᠠᠵᠤ ᠶᠠᠪᠤᠭ᠎ᠠ ᠶᠤᠮ᠃ ᠤᠤᠯ᠎ᠨᠢ ᠮᠦᠩᠬᠡᠪᠠᠶᠠᠷ ᠰᠤᠷᠭᠠᠭᠤᠯᠢ ᠰᠤᠶᠤᠯ᠎ᠤᠨ ᠮᠦᠷ ᠬᠦᠭᠡᠭᠡᠨ ᠬᠦᠭᠡᠬᠤᠳᠠ ᠬᠦᠷᠳᠡᠯ᠎ᠠ ᠰᠤᠷᠤᠯᠴᠠᠵᠦ᠍᠂ ᠱᠢᠯᠢ᠎ᠶ᠋ᠢᠨ ᠭᠤᠤᠯ ᠠᠢᠮᠠᠭ᠎ᠲᠤ ᠬᠦᠷᠴᠦ᠍ ᠠᠮᠤ ᠪᠤᠳᠠᠭᠠᠨ᠎ᠤ ᠬᠦᠮᠦᠷᠭᠡ᠎ᠳᠤ ᠠᠵᠢᠯᠯᠠᠨ ᠠᠢᠯ ᠭᠡᠷ ᠪᠤᠯᠵᠤ ᠠᠵᠤ ᠠᠮᠢᠳᠤᠷᠠᠯ᠎ᠢᠶᠠᠨ ᠪᠤᠰᠭᠠᠭ᠍ᠰᠠᠨ ᠪᠠᠢᠵᠠᠢ᠃ ᠬᠤᠵᠢᠮ ᠬᠤᠢᠨ᠎ᠠ᠎ᠨᠢ ᠠᠵᠢᠯ ᠠᠯᠳᠠᠭᠠᠳ ᠦᠪᠡᠷ᠎ᠤᠨ ᠦᠯᠦᠭᠡᠢ ᠨᠤᠳᠤᠭ᠎ᠲᠠᠭᠠᠨ ᠪᠤᠴᠠᠵᠤ᠂ ᠨᠤᠳᠤᠭ ᠤᠰᠤᠨ᠎ᠤ᠎ᠪᠠᠨ ᠬᠡᠱᠢᠭ ᠪᠤᠶᠠᠨᠳᠤ ᠲᠦᠱᠢᠨ ᠦᠢᠯᠡᠰ ᠪᠤᠰᠭᠠᠨ ᠵᠢᠳᠭᠦᠭᠡᠳ ᠬᠤᠯᠠ ᠤᠢ᠍ᠢᠷ᠎ᠠ᠎ᠳᠠᠭᠠᠨ ᠠᠯᠳᠠᠷ ᠴᠤᠤᠲᠠᠢ ᠬᠦᠮᠦᠨ ᠪᠤᠯᠵᠠᠢ᠃
ᠨᠤᠳᠤᠭ᠎ᠲᠠᠭᠠᠨ ᠬᠠᠷᠢᠭ᠍ᠰᠠᠨ ᠠᠩᠬᠠᠨ᠎ᠤ ᠡᠳᠦᠷ ᠬᠤᠨᠤᠭᠤᠳᠲᠤ ᠳᠡᠷᠡ ᠴᠦᠭᠡᠨ ᠬᠡᠳᠤᠨ ᠮᠠᠯ᠎ᠢᠶᠠᠨ ᠬᠠᠷᠢᠭᠤᠯᠵᠤ ᠶᠠᠪᠤᠬᠤ ᠵᠠᠭᠤᠷ᠎ᠠ᠂ ᠪᠤᠷᠤᠭᠠᠨ᠎ᠤ ᠳᠠᠷᠠᠭ᠎ᠠ ᠪᠡᠯᠴᠢᠭᠡᠷ ᠲᠦᠭᠦᠷᠡᠩ ᠤᠷᠭᠤᠭ᠍ᠰᠠᠨ ᠬᠦᠮᠡᠯᠢ᠎ᠶ᠋ᠢ ᠬᠠᠷᠠᠭᠠᠳ ᠠᠷᠠᠯᠵᠢᠶᠠᠨ᠎ᠤ ᠠᠵᠠ ᠳᠤᠬᠢᠶᠠᠯ ᠪᠠᠢᠭ᠎ᠠ᠎ᠶ᠋ᠢ ᠠᠵᠢᠭ᠍ᠴᠢᠪᠠᠷ ᠰᠠᠷᠡᠵᠤ ᠮᠡᠳᠡᠭ᠌ᠰᠡᠨ ᠠᠵᠢ᠃ 2012 ᠤᠨ᠎ᠠᠴᠠ ᠡᠬᠢᠯᠡᠨ ᠱᠢᠨ᠎ᠠ ᠰᠤᠷᠭᠤᠭ ᠬᠦᠮᠡᠯᠢ᠎ᠶ᠋ᠢᠨ ᠠᠷᠠᠯᠵᠢᠶ᠎ᠠ ᠬᠢᠵᠤ ᠦᠢᠯᠡᠰ᠎ᠤᠨ ᠴᠠᠭᠠᠨ ᠮᠦᠷ᠎ᠢ ᠬᠦᠭᠡᠭᠡᠵᠡᠢ᠃ ᠬᠦᠮᠡᠯᠢ᠎ᠨᠢ ᠨᠢᠩᠱᠢᠶᠠ᠎ᠳᠤ ᠪᠤᠷᠤᠯᠠᠭᠤᠯᠭ᠎ᠠ ᠰᠠᠢᠳᠠᠢ ᠪᠤᠯᠤᠭ᠍ᠰᠠᠨ᠎ᠳᠤ ᠲᠡᠷᠡ 2014 ᠤᠨ᠎ᠳᠤ ᠭᠠᠴᠠᠭᠠᠨ᠎ᠤ᠎ᠪᠠᠨ 14 ᠡᠷᠦᠭᠡ᠎ᠶ᠋ᠢ ᠳᠠᠢᠴᠢᠯᠠᠨ ᠨᠤᠭᠤᠭᠠᠨ ᠳᠠᠯ᠎ᠠ ᠠᠮᠢ ᠠᠬᠤᠢ᠎ᠶ᠋ᠢᠨ ᠳᠤᠰᠭᠠᠢ ᠬᠤᠷᠱᠢᠶ᠎ᠠ ᠪᠠᠢᠭᠤᠯᠵᠤ᠂ ᠨᠤᠳᠤᠭ ᠤᠰᠤᠨ᠎ᠤ ᠮᠠᠯᠴᠢᠳ᠎ᠢᠶᠠᠨ ᠳᠠᠢᠴᠢᠯᠠᠨ ᠬᠦᠮᠡᠯᠢ᠎ᠶ᠋ᠢᠨ ᠦᠢᠯᠡᠰ᠎ᠲᠤ ᠪᠦᠬᠦ᠌ ᠬᠦᠴᠦ᠎ᠪᠠᠨ ᠵᠤᠷᠢᠭᠤᠯᠵᠤ ᠢᠷᠡᠯ᠎ᠠ᠃
ᠳᠡᠭᠦᠨ᠎ᠤ ᠦᠢᠯᠡᠰ᠎ᠤᠨ ᠵᠠᠮ ᠠᠩᠬ᠎ᠠ ᠡᠬᠢᠯᠡᠭᠦ᠎ᠳᠡᠭᠡᠨ ᠳᠡᠢᠮᠦ᠍ ᠱᠢᠯᠤᠭᠤᠨ ᠪᠢᠰᠢ ᠪᠠᠢᠵᠠᠢ᠃ ᠱᠢᠨ᠎ᠠ ᠰᠤᠷᠭᠤᠭ ᠬᠦᠮᠡᠯᠢ᠎ᠶ᠋ᠢᠨ ᠦᠨ᠎ᠠ ᠬᠠᠩᠰᠢ ᠳᠤᠤᠷ᠎ᠠ ᠮᠦᠷᠳᠡᠭᠡᠨ ᠵᠠᠷᠢᠮ᠎ᠳᠠᠭᠠᠨ ᠵᠠᠮ᠎ᠤᠨ ᠬᠤᠯᠠ᠎ᠳᠤ ᠢᠯᠵᠢᠷᠠᠴᠢᠬᠡᠳᠡᠭ᠂ ᠡᠬᠦᠨ᠎ᠳᠤ ᠮᠦᠩᠬᠡᠪᠠᠶᠠᠷ ᠮᠡᠷᠭᠡᠵᠢᠯᠳᠠᠨ ᠤᠷᠢᠵᠤ ᠳᠤᠰᠭᠠᠢ ᠬᠤᠷᠱᠢᠶ᠎ᠠ᠎ᠶ᠋ᠢᠨ ᠬᠡᠱᠢᠭᠦᠨ᠎ᠳᠡᠭᠡᠨ ᠮᠡᠷᠭᠡᠵᠢᠯ ᠰᠤᠷᠭᠠᠭᠠᠳ ᠳᠠᠪᠤᠰᠤᠯᠠᠭ᠍ᠰᠠᠨ ᠬᠦᠮᠡᠯᠢ᠎ᠶ᠋ᠢ ᠵᠠᠬ᠎ᠠ ᠳᠡᠯᠭᠡᠭᠦᠷ᠎ᠲᠤ ᠭᠠᠷᠭᠠᠵᠤ ᠡᠬᠢᠯᠡᠪᠡ᠃ 《ᠠᠩᠬᠠᠨ᠎ᠤ ᠵᠢᠯ᠎ᠳᠤ 2 ᠲᠦᠮᠡᠨ ᠵᠢᠩ ᠬᠦᠮᠡᠯᠢ ᠳᠠᠪᠤᠰᠤᠯᠠᠵᠤ᠂ ᠲᠦᠮᠡᠨ ᠵᠢᠩ᠎ᠢ᠎ᠨᠢ ᠪᠤᠷᠤᠯᠠᠭᠤᠯᠵᠤ ᠲᠠᠢᠯᠦᠭ᠌ᠰᠡᠨ ᠦᠭᠡᠢ ᠭᠡᠭᠡᠵᠤ ᠤᠷᠬᠢᠴᠢᠬᠠᠭ᠍ᠰᠠᠨ᠃ ᠳᠠᠷᠠᠭ᠎ᠠ ᠵᠢᠯ᠎ᠳᠤᠨᠢ ᠠᠵᠢᠯ᠎ᠤᠨ ᠳᠤᠷᠱᠢᠯᠭ᠎ᠠ᠎ᠲᠠᠢ ᠪᠤᠯᠤᠭ᠍ᠰᠠᠨ ᠪᠦᠭᠡᠳ ᠵᠠᠬ᠎ᠠ ᠳᠡᠯᠭᠡᠭᠦᠷ᠎ᠤᠨ ᠵᠠᠬᠢᠶᠠᠯᠠᠭ᠎ᠠ᠎ᠲᠠᠢ ᠪᠤᠯᠤᠭ᠍ᠰᠠᠨ ᠳᠤᠯᠠ ᠳᠠᠪᠤᠰᠤᠯᠠᠭ᠍ᠰᠠᠨ 4 ᠲᠦᠮᠡᠨ ᠵᠢᠩ ᠬᠦᠮᠡᠯᠢ᠎ᠪᠠᠨ ᠰᠠᠷ᠎ᠠ ᠪᠤᠯᠤᠭ᠍ᠰᠠᠨ ᠦᠭᠡᠢ᠎ᠪᠠᠷ ᠪᠦᠬᠦᠨ᠎ᠢ ᠪᠤᠷᠤᠯᠠᠭᠤᠯᠴᠢᠬᠠᠵᠠᠢ》 ᠭᠡᠵᠤ ᠮᠦᠩᠬᠡᠪᠠᠶᠠᠷ ᠦᠢᠯᠡᠰ ᠪᠤᠰᠭᠠᠭ᠍ᠰᠠᠨ ᠠᠩᠠᠬ᠍ᠨᠤ ᠶᠠᠪᠤᠳᠠᠯ᠎ᠤᠳ᠎ᠢᠶᠠᠨ ᠤᠴᠢᠷᠯᠠᠨ᠎ᠠ᠃
ᠤᠤᠯ᠎ᠨᠢ ᠳᠡᠮᠡᠭᠡᠨ ᠠᠭᠤᠯᠠ ᠭᠠᠴᠠᠭᠠᠨ᠎ᠤ ᠮᠠᠯᠴᠢᠳ ᠮᠠᠯ ᠮᠠᠯᠵᠢᠨ ᠠᠵᠤ ᠲᠦᠷᠦᠵᠤ ᠪᠠᠢᠪᠠ᠂ ᠪᠡᠯᠴᠢᠭᠡᠷᠯᠡᠭᠦᠯᠬᠦ᠌᠎ᠶ᠋ᠢ ᠵᠤᠭ᠍ᠰᠤᠭᠠᠭ᠍ᠰᠠᠨᠤ ᠳᠠᠷᠠᠭ᠎ᠠ ᠬᠦᠮᠡᠯᠢ᠎ᠶ᠋ᠢᠨ ᠤᠷᠭᠤᠴᠠ ᠰᠠᠢᠵᠢᠷᠠᠵᠤ᠂ ᠪᠡᠯᠴᠢᠭᠡᠷ ᠲᠦᠭᠦᠷᠡᠩ ᠬᠦᠮᠡᠯᠢ ᠬᠠᠯᠢᠭᠤᠷᠠᠨ ᠨᠤᠭᠤᠭᠠᠷᠠᠳᠠᠭ ᠪᠤᠯᠤᠯ᠎ᠠ᠃ ᠠᠳᠡᠬᠢ᠎ᠶ᠋ᠢᠨ᠎ᠬᠢᠨ ᠪᠡᠯᠴᠢᠭᠡᠷ᠎ᠢᠶᠠᠨ ᠳᠤᠤᠷᠯᠠᠨ ᠬᠤᠪᠢᠶᠠᠭ᠍ᠰᠠᠨ ᠦᠭᠡᠢ ᠪᠤᠯᠬᠤᠷ ᠬᠡᠨ ᠬᠦᠮᠤᠨ ᠬᠠᠮᠢᠭᠠᠬᠢ ᠪᠡᠯᠴᠢᠭᠡᠷ᠎ᠤᠨ ᠬᠦᠮᠡᠯᠢ᠎ᠶ᠋ᠢ ᠴᠦ᠍ ᠬᠠᠳᠤᠵᠤ ᠪᠤᠯᠳᠠᠭ᠃ 《ᠬᠤᠶᠠᠷ ᠬᠦᠮᠦᠨ ᠮᠠᠯ᠎ᠢᠶᠠᠨ ᠬᠠᠷᠢᠭᠤᠯᠬᠤ᠎ᠪᠠᠷ ᠮᠤᠲ᠋ᠤᠷ᠎ᠢᠶᠠᠨ ᠤᠨᠤᠭᠠᠳ ᠭᠠᠷᠪᠠᠯ ᠬᠠᠭᠠᠰ ᠡᠳᠦᠷ᠎ᠲᠤ ᠬᠦᠮᠡᠯᠢ ᠬᠠᠳᠤᠭᠠᠳ ᠬᠡᠳᠤᠨ ᠵᠠᠭᠤ᠎ᠠᠴᠠ ᠮᠢᠩᠭᠠᠨ ᠲᠦᠭᠦᠷᠢᠭ᠎ᠤᠨ ᠤᠷᠤᠯᠭ᠎ᠠ ᠤᠯᠴᠢᠬᠠᠳᠠᠭ ᠶᠤᠮ᠃ ᠪᠤᠷᠤᠭᠠᠨ ᠰᠠᠢᠨ ᠵᠢᠯ᠎ᠳᠤ ᠮᠠᠯᠴᠢᠳ᠎ᠤᠨ ᠭᠠᠷ᠎ᠠᠴᠠ ᠪᠠᠷᠤᠭ 50 ᠲᠦᠮᠡᠨ ᠵᠢᠩ ᠬᠦᠮᠡᠯᠢ ᠬᠤᠷᠢᠶᠠᠵᠤ ᠪᠤᠢ᠂ ᠪᠢᠳᠡ ᠵᠦᠪᠭᠡᠨ 30 ᠲᠦᠮᠡᠨ ᠵᠢᠩ᠎ᠤᠨ ᠬᠦᠮᠡᠯᠢ᠎ᠶ᠋ᠢ ᠡᠳ᠋ᠱᠢᠬᠦᠯᠦᠨ ᠪᠤᠯᠪᠠᠰᠤᠷᠠᠭᠤᠯᠬᠤ ᠴᠢᠳᠠᠪᠤᠷᠢ᠎ᠲᠠᠢ ᠪᠤᠯᠬᠤᠷ ᠪᠤᠰᠤᠳ᠎ᠢ᠎ᠨᠢ ᠱᠢᠨ᠎ᠠ ᠰᠤᠷᠭᠤᠭ᠎ᠢᠶᠠᠷ ᠪᠤᠷᠤᠯᠠᠭᠤᠯᠵᠤ᠂ ᠭᠤᠤᠯ᠎ᠨᠢ ᠮᠠᠯᠴᠢᠳ᠎ᠲᠠᠭᠠᠨ ᠠᠱᠢᠭ ᠤᠯᠭᠤᠵᠤ ᠪᠠᠢᠨ᠎ᠠ》 ᠭᠡᠵᠤ ᠮᠦᠩᠬᠡᠪᠠᠶᠠᠷ ᠳᠠᠨᠢᠯᠴᠠᠭᠤᠯᠤᠨ᠎ᠠ᠃
ᠬᠦᠮᠦᠰ ᠬᠦᠮᠡᠯᠢ᠎ᠪᠠᠷ ᠪᠤᠤᠵᠠ ᠬᠢᠳᠡᠭ᠂ ᠬᠠᠭᠤᠷᠤᠯᠭ᠎ᠠ ᠬᠠᠭᠠᠷᠢᠯᠭ᠎ᠠ ᠬᠢᠳᠡᠭ᠂ ᠪᠠᠰᠠ ᠬᠦᠢᠳᠡᠨ ᠵᠠᠭᠤᠰᠢ ᠪᠤᠯᠭᠠᠳᠠᠭ ᠶᠤᠮ᠃ ᠳᠡᠮᠡᠭᠡᠨ ᠠᠭᠤᠯᠠ ᠭᠠᠴᠠᠭᠠᠨ᠎ᠤ ᠮᠠᠯᠴᠢᠳ᠎ᠠᠴᠠ ᠪᠤᠰᠤᠳ ᠬᠠᠵᠠᠭᠤ ᠬᠠᠪᠢ᠎ᠶ᠋ᠢᠨ ᠳᠠᠪᠤᠨ ᠳᠤᠯᠤᠭᠠᠢ ᠭᠠᠴᠠᠭ᠎ᠠ᠂ ᠤᠯᠠᠭᠠᠨᠬᠠᠳᠠ ᠭᠠᠴᠠᠭ᠎ᠠ᠂ ᠴᠠᠯᠠᠭᠠᠷ ᠭᠠᠴᠠᠭ᠎ᠠ ᠵᠢᠴᠢ ᠤᠨᠳᠤᠷᠤᠯᠳᠤ ᠰᠤᠮᠤᠨ᠎ᠤ ᠮᠠᠯᠴᠢᠳ ᠴᠦ᠍ ᠬᠦᠮᠡᠯᠢ ᠬᠠᠳᠤᠵᠤ ᠮᠦᠩᠬᠡᠪᠠᠶᠠᠷᠤᠨᠬᠢᠨᠳᠤ ᠬᠤᠳᠠᠯᠳᠤᠳᠠᠭ ᠪᠢᠯᠡ᠃ ᠨᠤᠭᠤᠭᠠᠨ ᠳᠠᠯ᠎ᠠ ᠠᠮᠢ ᠠᠬᠤᠢ᠎ᠶ᠋ᠢᠨ ᠳᠤᠰᠭᠠᠢ ᠬᠤᠷᠱᠢᠶ᠎ᠠ᠎ᠶ᠋ᠢᠨ ᠬᠦᠮᠡᠯᠢ᠎ᠶ᠋ᠢᠨ ᠠᠵᠤ ᠦᠢᠯᠡᠰ ᠰᠦᠨᠳᠡᠷᠯᠡᠨ ᠪᠤᠰᠤᠭ᠍ᠰᠠᠨ᠎ᠠᠴᠠ ᠨᠤᠳᠤᠭ᠎ᠤᠨ ᠮᠠᠯᠴᠢᠳ ᠪᠠᠯᠴᠢᠭᠡᠷ᠎ᠤᠨ ᠬᠦᠮᠡᠯᠢ᠎ᠪᠠᠨ 《ᠨᠤᠭᠤᠭᠠᠨ ᠪᠠᠩᠬᠢ》 ᠭᠡᠳᠡᠭ᠎ᠲᠤ ᠤᠯᠠᠮ ᠢᠳᠡᠭᠡᠳᠡᠭ ᠪᠤᠯᠵᠠᠢ᠃ ᠠᠯᠢ ᠡᠷᠳᠡ ᠨᠢᠩᠱᠢᠶᠠ᠎ᠶ᠋ᠢᠨ ᠬᠤᠳᠠᠯᠳᠤᠭᠠᠴᠢᠳ ᠵᠢᠩ ᠪᠦᠷᠢ᠎ᠳᠤ 20 ᠮᠦᠩᠬᠦ᠌᠎ᠪᠠᠷ ᠮᠠᠯᠴᠢᠳ᠎ᠤᠨ ᠭᠠᠷ᠎ᠠᠴᠠ ᠬᠦᠮᠡᠯᠢ ᠬᠤᠳᠠᠯᠳᠤᠨ ᠠᠪᠴᠦ᠍ ᠪᠠᠢᠵᠠᠢ᠂ ᠮᠦᠩᠬᠡᠪᠠᠶᠠᠷ᠎ᠤᠨ ᠳᠠᠢᠴᠢᠯᠠᠯᠳᠠ ᠳᠤᠤᠷ᠎ᠠ ᠤᠳᠤ ᠨᠢᠭᠡ ᠵᠢᠩ ᠬᠦᠮᠡᠯᠢ᠎ᠶ᠋ᠢ ᠳᠠᠪᠤᠰᠤᠯᠠᠭᠠᠳ ᠬᠤᠳᠠᠯᠳᠤᠪᠠᠯ 10 ᠲᠦᠭᠦᠷᠢᠭ᠎ᠲᠤ ᠬᠦᠷᠴᠦ᠍᠂ ᠬᠦᠬᠡᠬᠤᠳᠠ᠎ᠳᠠᠬᠢ ᠪᠤᠷᠤᠯᠠᠭᠤᠯᠭ᠎ᠠ᠎ᠨᠢ 20 ᠲᠦᠭᠦᠷᠢᠭ᠎ᠲᠤ ᠬᠦᠷᠴᠤ᠌ ᠪᠤᠢ᠃ ᠤᠳᠤ ᠨᠤᠭᠤᠭᠠᠨ ᠳᠠᠯ᠎ᠠ ᠠᠮᠢ ᠠᠬᠤᠢ᠎ᠶ᠋ᠢᠨ ᠳᠤᠰᠭᠠᠢ ᠬᠤᠷᠱᠢᠶ᠎ᠠ᠎ᠶ᠋ᠢᠨ ᠳᠠᠪᠤᠰᠤᠯᠠᠭ᠍ᠰᠠᠨ ᠬᠦᠮᠡᠯᠢ᠎ᠶ᠋ᠢᠨ ᠵᠢᠯ᠎ᠤᠨ ᠤᠷᠤᠯᠭ᠎ᠠ ᠬᠡᠳᠤᠨ ᠵᠠᠭᠤᠨ ᠲᠦᠮᠡᠨ ᠲᠦᠭᠦᠷᠢᠭ᠎ᠲᠤ ᠬᠦᠷᠴᠦ᠍᠂ ᠨᠢᠩᠱᠢᠶᠠ᠂ ᠭᠠᠨᠰᠤ᠂ ᠬᠦᠬᠡᠬᠤᠳᠠ᠂ ᠪᠤᠭᠤᠳᠤ ᠵᠡᠷᠭᠡ ᠭᠠᠵᠠᠷ ᠤᠷᠤᠨ᠎ᠳᠤ ᠳᠤᠰᠭᠠᠢ ᠪᠤᠷᠤᠯᠠᠭᠤᠯᠭ᠎ᠠ᠎ᠶ᠋ᠢᠨ 50 ᠭᠠᠷᠤᠢ ᠤᠷᠤᠯᠠᠨ ᠪᠤᠷᠤᠯᠠᠭᠤᠯᠤᠭ᠍ᠴᠢᠲᠠᠢ ᠪᠤᠯᠵᠠᠢ᠃
ᠡᠳᠦᠭᠡ ᠨᠤᠭᠤᠭᠠᠨ ᠳᠠᠯ᠎ᠠ ᠠᠮᠢ ᠠᠬᠤᠢ᠎ᠶ᠋ᠢᠨ ᠳᠤᠰᠭᠠᠢ ᠬᠤᠷᠱᠢᠶᠠᠨ᠎ᠤ ᠮᠠᠯᠴᠢᠳ᠎ᠤᠨ ᠡᠩ᠎ᠤᠨ ᠦᠶ᠎ᠠ᠎ᠶ᠋ᠢᠨ ᠭᠤᠤᠯ ᠠᠵᠢᠯ ᠪᠤᠯ ᠳᠠᠪᠤᠰᠤᠯᠠᠭ᠍ᠰᠠᠨ ᠬᠦᠮᠡᠯᠢ ᠤᠭᠤᠳᠠᠯᠠᠨ ᠰᠠᠷ᠎ᠠ᠎ᠳᠤ 1.2 ᠲᠦᠮᠡᠨ ᠲᠦᠭᠦᠷᠢᠭ᠎ᠤᠨ ᠬᠦᠯᠦᠰᠤ ᠤᠯᠭᠤᠮᠵᠢ ᠤᠯᠵᠤ᠂ ᠪᠠᠰᠠ ᠴᠢᠯᠦᠬᠡ ᠵᠠᠪ᠎ᠢᠶᠠᠷ᠎ᠢᠶᠠᠨ ᠮᠠᠯ ᠮᠠᠯᠵᠢᠨ ᠬᠦᠮᠠᠯᠢ ᠬᠠᠳᠤᠵᠤ ᠬᠦᠮᠡᠯᠢ ᠬᠤᠳᠠᠯᠳᠤᠵᠤ ᠪᠠᠢᠨ᠎ᠠ᠃ ᠮᠦᠩᠬᠡᠴᠢᠯᠠᠭᠤ ᠪᠤᠯ ᠳᠡᠮᠡᠭᠡᠨ ᠠᠭᠤᠯᠠ ᠭᠠᠴᠠᠭᠠᠨ᠎ᠤ ᠮᠠᠯᠴᠢᠨ᠂ ᠲᠡᠷᠡ ᠮᠦᠩᠬᠡᠪᠠᠶᠠᠷᠢ ᠳᠠᠭᠠᠭᠠᠳ ᠠᠷᠪᠠᠭᠠᠳ ᠵᠢᠯ ᠠᠵᠢᠯᠯᠠᠵᠤ᠂ ᠤᠳᠤ ᠦᠢᠯᠡᠳᠪᠦᠷᠢ᠎ᠶ᠋ᠢᠨ ᠳᠠᠰᠤᠭ᠎ᠲᠤ ᠬᠦᠮᠡᠯᠢ ᠳᠠᠪᠤᠰᠤᠯᠠᠬᠤ ᠠᠵᠢᠯ᠎ᠢ ᠭᠤᠤᠯᠯᠠᠨ ᠬᠠᠷᠢᠭᠤᠴᠠᠵᠤ ᠪᠤᠢ᠃ 《ᠪᠢ ᠵᠢᠯ᠎ᠤᠨ 7 ᠲᠦᠮᠡᠨ ᠲᠦᠭᠦᠷᠢᠭ᠎ᠤᠨ 〈ᠴᠠᠯᠢᠩ〉 ᠢᠳᠡᠵᠤ ᠪᠠᠢᠨ᠎ᠠ᠂ ᠨᠤᠭᠤᠭᠠᠨ ᠳᠠᠯ᠎ᠠ ᠠᠮᠢ ᠠᠬᠤᠢ᠎ᠶ᠋ᠢᠨ ᠲᠤᠰᠭᠠᠢ ᠬᠤᠷᠱᠢᠶ᠎ᠠ᠎ᠶ᠋ᠢᠨ ᠲᠠᠢᠴᠢᠯᠠᠯᠢᠶᠠᠷ ᠡᠷᠬᠢᠨ ᠲᠤᠭᠤᠷᠢᠨ᠎ᠤ ᠮᠠᠯᠴᠢᠳ᠎ᠤᠨ ᠤᠷᠤᠯᠭ᠎ᠠ ᠶᠡᠬᠡᠬᠡᠨ ᠨᠡᠮᠡᠭ᠌ᠳᠡᠯᠠ》 ᠭᠡᠵᠤ ᠮᠦᠩᠬᠡᠴᠢᠯᠡᠭᠤ ᠤᠷᠮᠠᠳᠠᠢ ᠶᠠᠷᠢᠨ᠎ᠠ᠃ 《ᠪᠢᠳᠡᠨ᠎ᠤ ᠵᠠᠬᠢᠶᠠᠯᠠᠭ᠎ᠠ ᠵᠢᠯ᠎ᠠᠴᠠ ᠵᠢᠯ ᠨᠡᠮᠡᠭ᠌ᠳᠡᠵᠤ᠂ ᠵᠢᠯ ᠪᠦᠷᠢ ᠭᠠᠳᠠᠭ᠍ᠰᠢ᠎ᠪᠠᠨ 30 ᠲᠦᠮᠡᠨ ᠵᠢᠩ ᠳᠠᠪᠤᠰᠤᠯᠠᠭ᠍ᠰᠠᠨ ᠬᠦᠮᠡᠯᠢ ᠶᠠᠪᠤᠭᠤᠯᠵᠤ ᠪᠠᠢᠭ᠎ᠠ ᠪᠤᠯᠪᠠᠴᠦ᠍ ᠵᠠᠬ᠎ᠠ ᠳᠡᠯᠭᠡᠭᠦᠷ᠎ᠤᠨ ᠬᠡᠷᠡᠭ᠌ᠴᠡᠭᠡ᠎ᠶ᠋ᠢ ᠬᠠᠩᠭᠠᠵᠤ ᠬᠦᠢᠴᠡᠭᠦ᠌ ᠦᠭᠡᠢ ᠪᠠᠢᠭ᠍ᠰᠠᠭᠠᠷ᠃ ᠳᠠᠷᠠᠭᠠᠴᠢ᠎ᠪᠠᠷ ᠪᠠᠰᠠ 30 ᠲᠦᠮᠡᠨ ᠵᠢᠩ ᠬᠦᠮᠡᠯᠢ ᠡᠳ᠋ᠱᠢᠬᠦᠯᠦᠨ ᠪᠤᠯᠪᠠᠰᠤᠷᠠᠭᠤᠯᠬᠤ ᠴᠢᠳᠠᠪᠤᠷᠢ᠎ᠲᠠᠢ ᠦᠢᠯᠡᠳᠪᠦᠷᠢ᠎ᠶ᠋ᠢᠨ ᠳᠠᠰᠤᠭ ᠪᠠᠢᠭᠤᠯᠵᠤ᠂ ᠨᠡᠩ ᠤᠯᠠᠨ ᠮᠠᠯᠴᠢᠨ᠎ᠳᠤ ᠠᠱᠢᠭ ᠬᠦᠷᠳᠡᠭᠡᠨ ᠬᠦᠮᠡᠯᠢ᠎ᠶ᠋ᠢᠨ ᠠᠵᠤ ᠦᠢᠯᠡᠰ᠎ᠢ ᠬᠦᠭ᠌ᠵᠢᠬᠦᠯᠤᠨ ᠲᠤᠮᠤᠷᠠᠭᠤᠯᠬᠤ᠎ᠶ᠋ᠢ ᠪᠤᠳᠤᠵᠤ ᠪᠠᠢᠨ᠎ᠠ》 ᠭᠡᠵᠤ ᠮᠦᠩᠭᠡᠪᠠᠶᠠᠷ ᠬᠤᠵᠢᠮ᠎ᠤᠨ ᠬᠠᠷᠠᠯᠳᠠ᠎ᠪᠠᠨ ᠲᠠᠯᠬᠡᠯᠠ᠃