ᠠᠯᠠᠱᠠ᠎ᠶ᠋ᠢᠨ ᠡᠭᠡᠷᠡᠮ᠎ᠠ ᠭᠤᠪᠢ᠎ᠪᠠᠷ ᠰᠤᠷᠪᠤᠯᠵᠢᠯᠠᠵᠤ ᠶᠠᠪᠤᠬᠤ᠎ᠳᠠᠭᠠᠨ ᠠᠳᠡᠬᠢ ᠲᠡᠮᠡᠭᠡ ᠭᠡᠭ᠌ᠴᠢ ᠨᠡᠭᠡᠷᠡᠨ ᠡᠷᠬᠡ ᠴᠢᠯᠦᠭᠡᠲᠠᠢ ᠵᠢᠷᠭᠠᠯ᠎ᠲᠠᠢ ᠠᠮᠢᠳᠠᠨ ᠶᠤᠮ ᠪᠠᠢᠨ᠎ᠠ ᠭᠡᠵᠦ᠍ ᠪᠤᠳᠤᠵᠤ ᠶᠠᠪᠤᠯ᠎ᠠ᠃ ᠪᠡᠯᠴᠢᠭᠡᠷᠯᠡᠭᠦᠯᠬᠦ᠌᠎ᠶ᠋ᠢ ᠵᠤᠭ᠍ᠰᠤᠭᠠᠬᠤ ᠲᠦᠷᠦ᠎ᠶ᠋ᠢᠨ ᠪᠤᠳᠤᠯᠭ᠎ᠠ᠎ᠪᠠᠷ ᠠᠯᠠᠱᠠ ᠨᠤᠳᠤᠭ᠎ᠢᠶᠠᠷ ᠪᠤᠭ ᠮᠠᠯ᠎ᠤᠨ ᠲᠤᠭ᠎ᠠ᠎ᠶ᠋ᠢ 50 ᠪᠠᠷ ᠬᠢᠵᠠᠭᠠᠷᠯᠠᠵᠤ᠂ ᠲᠡᠮᠡᠭᠡ᠎ᠶ᠋ᠢ 80 ᠪᠠᠷ ᠬᠢᠵᠠᠭᠠᠷᠯᠠᠵᠤ ᠪᠠᠢᠭ᠎ᠠ ᠴᠤ᠌᠂ ᠲᠡᠮᠡᠭᠡᠳᠦ ᠨᠤᠳᠤᠭ ᠭᠡᠬᠦ᠌ ᠠᠯᠳᠠᠷᠲᠠᠢ᠎ᠪᠠᠷ᠎ᠢᠶᠠᠨ ᠲᠡᠮᠡᠭᠡ᠎ᠶ᠋ᠢ ᠲᠠᠰᠤ ᠬᠢᠵᠠᠭᠠᠷᠯᠠᠵᠤ ᠦᠭᠡᠢ ᠪᠦᠭᠡᠳ ᠬᠠᠱᠢᠶᠠᠯᠠᠵᠤ ᠦᠭᠡᠢ᠃ ᠲᠡᠢᠮᠤ ᠮᠦᠷᠳᠡᠭᠡᠨ ᠠᠯᠠᠱᠠ᠎ᠶ᠋ᠢᠨ ᠦᠩ ᠦᠷᠭᠡᠨ ᠭᠤᠪᠢ ᠨᠤᠳᠤᠭ᠎ᠢᠶᠠᠷ ᠳᠤᠤᠷ ᠬᠦᠷᠢᠶ᠎ᠠ ᠭᠡᠵᠦ᠍ ᠦᠭᠡᠢ ᠪᠤᠯᠬᠤᠷ ᠲᠡᠮᠡᠭᠡᠳ ᠡᠪᠡᠰᠦᠨ᠎ᠤ ᠰᠤᠷᠭᠤᠭ᠎ᠢ ᠬᠠᠢᠵᠤ ᠬᠠᠮᠢᠭ᠎ᠠ ᠬᠤᠯᠠ ᠢᠳᠡᠱᠢᠯᠡᠨ ᠶᠠᠪᠤᠵᠤ ᠪᠤᠯᠳᠠᠭ ᠶᠤᠮ᠃

9 ᠰᠠᠷ᠎ᠠ᠎ᠶ᠋ᠢᠨ ᠡᠬᠢ᠎ᠪᠠᠷ᠂ ᠪᠢᠳᠡ ᠠᠯᠠᠱᠠ ᠪᠠᠷᠠᠭᠤᠨ ᠬᠤᠱᠢᠭᠤᠨ᠎ᠤ ᠮᠠᠨᠳᠤᠯ ᠰᠤᠮᠤ᠎ᠶ᠋ᠢᠨ ᠬᠦᠳᠡᠭᠡᠬᠤᠳᠳᠤᠭ ᠭᠠᠴᠠᠭᠠᠨ᠎ᠤ ᠲᠡᠮᠡᠭᠡᠨ᠎ᠤ ᠠᠵᠤ ᠦᠢᠯᠡᠰ᠎ᠤᠨ ᠰᠠᠭᠤᠷᠢᠨ᠎ᠳᠤ ᠬᠦᠷᠴᠤ᠌ ᠰᠤᠷᠪᠤᠯᠵᠢᠯᠠᠬᠤ᠎ᠳᠤ᠂ ᠭᠠᠴᠠᠭᠠᠨ᠎ᠤ ᠵᠦᠪᠯᠡᠯ᠎ᠤᠨ ᠳᠡᠳ᠋ ᠡᠷᠬᠢᠯᠡᠭ᠌ᠴᠢ ᠨᠠᠷᠠᠨᠮᠠᠨᠳᠤᠯ᠎ᠠ᠄ 《ᠮᠠᠨ᠎ᠤ ᠠᠳᠡᠬᠢ ᠲᠡᠮᠡᠭᠡ ᠴᠢᠨᠢ 100 ᠺᠢᠯᠤᠮᠧᠲᠷ ᠪᠤᠶᠤ 80 ᠺᠢᠯᠤᠮᠧᠲᠷ᠎ᠤᠨ ᠬᠤᠯᠠ᠂ ᠬᠠᠮᠢᠭ᠎ᠠ ᠡᠪᠡᠰᠦ ᠰᠠᠢᠨ ᠪᠤᠯ ᠬᠠᠮᠢᠭ᠎ᠠ ᠶᠠᠪᠤᠴᠢᠬᠠᠨ᠎ᠠ᠂ ᠨᠢᠭᠡ ᠴᠤ᠌ ᠬᠠᠱᠢᠶᠠᠯᠠᠵᠤ ᠪᠠᠢᠬᠤ ᠦᠭᠡᠢ᠂ ᠴᠠᠭ᠎ᠨᠢ ᠪᠤᠯᠪᠠᠯ ᠦᠪᠡᠷ᠎ᠢᠶᠠᠨ ᠬᠠᠷᠢᠭᠠᠳ ᠢᠷᠡᠴᠢᠬᠡᠨᠠ᠂ ᠭᠠᠩᠳᠠᠬᠤ ᠦᠭᠡᠢ ᠪᠤᠯ ᠳᠡᠮᠡᠢ ᠲᠡᠵᠢᠭᠡᠬᠦ᠌ ᠴᠢᠬᠤᠯᠠ ᠦᠭᠡᠢ᠂ ᠡᠵᠡᠨ᠎ᠳᠡᠭᠡᠨ ᠵᠤᠭᠤᠰ ᠤᠯᠵᠤ ᠦᠭ᠌ᠴᠤ ᠯᠡ ᠪᠠᠢᠳᠠᠭ》 ᠭᠡᠵᠦ᠍ ᠪᠠᠭ᠍ᠠᠳᠤᠯ᠎ᠲᠠᠢ ᠶᠠᠷᠢᠨ᠎ᠠ᠃
ᠠᠯᠠᠱᠠ᠎ᠶ᠋ᠢᠨ ᠲᠡᠮᠡᠭᠡ ᠭᠡᠵᠦ᠍ ᠢᠩᠬᠢᠵᠦ᠍ ᠲᠡᠮᠡᠭᠡᠨ᠎ᠳᠤ ᠬᠠᠢᠷᠠᠳᠠᠢ ᠮᠠᠯᠴᠢᠳ᠎ᠤᠨ᠎ᠢᠶᠠᠨ ᠠᠮᠢᠳᠤᠷᠠᠯ᠎ᠢ ᠦᠭᠡᠳᠡᠯᠡᠭᠦᠯᠵᠦ᠍ ᠲᠡᠮᠡᠭᠡᠴᠢᠳ᠎ᠢᠶᠠᠨ ᠪᠠᠶᠠᠰᠭᠠᠨ ᠵᠢᠷᠭᠠᠭᠠᠵᠤ ᠪᠠᠢᠳᠠᠭ ᠶᠤᠮᠰᠠᠨ᠃
ᠬᠦᠳᠡᠭᠡᠬᠤᠳᠳᠤᠭ ᠭᠠᠴᠠᠭ᠎ᠠ ᠪᠤᠯ ᠮᠠᠨᠳᠤᠯ ᠰᠤᠮᠤ᠎ᠶ᠋ᠢᠨ ᠰᠠᠭᠤᠭ᠎ᠠ ᠭᠠᠵᠠᠷ᠂ 148 ᠡᠷᠦᠬᠡ᠎ᠶ᠋ᠢᠨ 450 ᠬᠦᠮᠦᠨ ᠠᠮᠠ᠎ᠲᠠᠢ᠃ ᠭᠠᠴᠠᠭᠠᠨ᠎ᠤ ᠠᠷᠠᠳ᠎ᠤᠨ 30% ᠨᠢ ᠬᠦᠳᠡᠭᠡ᠎ᠳᠡᠭᠡᠨ ᠪᠠᠢᠵᠤ᠂ 70% ᠨᠢ ᠬᠤᠳᠠ ᠰᠠᠭᠤᠷᠢᠨ᠎ᠳᠤ ᠰᠠᠭᠤᠳᠠᠭ᠃ ᠲᠡᠮᠡᠭᠡ᠎ᠲᠠᠢ ᠠᠢᠯ᠎ᠨᠢ ᠭᠤᠤᠯᠳᠠᠭᠤ ᠬᠦᠳᠡᠭᠡ᠎ᠳᠡᠭᠡᠨ ᠪᠠᠢᠵᠤ᠂ ᠪᠠᠷᠤᠭ᠎ᠤᠨ ᠠᠢᠯ᠎ᠨᠢ ᠪᠦᠷ 100 ᠭᠠᠷᠤᠢ ᠲᠡᠮᠡᠭᠡ᠎ᠲᠠᠢ᠂ ᠵᠠᠷᠢᠮ᠎ᠨᠢ 200 ᠭᠠᠷᠤᠢ ᠲᠡᠮᠡᠭᠡ᠎ᠲᠠᠢ ᠶᠤᠮ᠃ ᠡᠨᠡ ᠬᠤᠶᠠᠷ ᠵᠢᠯ ᠲᠡᠮᠡᠭᠡᠨ᠎ᠤ ᠦᠨ᠎ᠠ ᠬᠠᠩᠰᠢ ᠰᠠᠢᠨ᠂ ᠨᠢᠭᠡ ᠲᠡᠮᠡᠭᠡ ᠲᠦᠮᠡᠨ ᠲᠦᠭᠦᠷᠢᠭ᠎ᠲᠤ ᠬᠦᠷᠴᠤ᠌ ᠪᠤᠢ᠃ ᠲᠡᠮᠡᠭᠡ᠎ᠪᠠᠨ ᠵᠠᠬ᠎ᠠ ᠳᠡᠯᠭᠡᠭᠦᠷ᠎ᠲᠤ ᠪᠤᠷᠤᠯᠠᠭᠤᠯᠬᠤ᠎ᠠᠴᠠ ᠭᠠᠳᠠᠨ᠎ᠠ ᠵᠠᠷᠢᠮ ᠲᠡᠮᠡᠭᠡᠴᠢᠨ ᠠᠢᠯ ᠪᠠᠰᠠ ᠢᠩᠭᠡ᠎ᠪᠠᠨ ᠰᠠᠭᠠᠳᠠᠭ᠂ ᠨᠠᠷᠠᠨᠮᠠᠨᠳᠤᠯ᠎ᠠ ᠪᠤᠯ ᠳᠠᠷᠤᠢ 2006 ᠤᠨ᠎ᠠᠴᠠ ᠡᠬᠢᠯᠡᠨ ᠢᠩᠭᠡ᠎ᠪᠠᠨ ᠰᠠᠭᠠᠵᠤ ᠪᠠᠶᠠᠵᠢᠨ ᠴᠢᠨᠡᠭᠡᠯᠢᠭ᠌ᠵᠢᠭ᠌ᠰᠡᠨ ᠬᠦᠮᠦᠨ ᠪᠢᠯᠡ᠃ 《ᠢᠩᠭᠡᠨ ᠰᠦ ᠠᠩᠬᠠᠨ᠎ᠳᠠᠭᠠᠨ ᠺᠢᠯᠦᠭ᠌ᠷᠠᠮ ᠪᠦᠷᠢ᠎ᠳᠡᠭᠡᠨ 40 ᠲᠦᠭᠦᠷᠢᠭ ᠬᠦᠷᠴᠤ᠌ ᠪᠠᠢᠭ᠍ᠰᠠᠨ᠂ ᠰᠠᠢᠨ ᠦᠶᠡᠰ 50 ᠲᠦᠭᠦᠷᠢᠭ ᠴᠤ᠌ ᠬᠦᠷᠴᠤ᠌ ᠪᠠᠢᠪᠠ᠃ ᠤᠢ᠍ᠢᠷ᠎ᠠ᠎ᠶ᠋ᠢᠨ ᠬᠤᠶᠠᠷ ᠵᠢᠯ ᠲᠡᠮᠡᠭᠡᠨ᠎ᠤ ᠦᠢᠯᠡᠰ ᠶᠡᠭᠡ ᠲᠦᠷᠭᠡᠨ ᠬᠦᠭ᠌ᠵᠢᠭ᠌ᠰᠡᠨ᠎ᠢᠶᠠᠷ ᠢᠩᠭᠡᠨ ᠰᠦ᠎ᠶ᠋ᠢᠨ ᠦᠨ᠎ᠠ ᠬᠠᠩᠰᠢ ᠵᠢᠭᠠᠬᠠᠨ ᠪᠠᠭᠤᠷᠠᠵᠤ᠂ ᠡᠨᠡ ᠵᠢᠯ ᠺᠢᠯᠦᠭ᠌ᠷᠠᠮ ᠪᠦᠷᠢ᠎ᠳᠡᠭᠡᠨ 20 ᠲᠦᠭᠦᠷᠢᠭ ᠬᠦᠷᠴᠤ᠌ ᠪᠤᠢ》 ᠭᠡᠵᠦ᠍ ᠲᠡᠷᠡ ᠬᠡᠯᠡᠨ᠎ᠠ᠃
ᠬᠦᠳᠡᠭᠡᠬᠤᠳᠳᠤᠭ ᠭᠠᠴᠠᠭᠠᠨ᠎ᠤ ᠪᠠᠭᠠᠨ᠎ᠠ ᠭᠡᠬᠦ᠌ ᠵᠠᠯᠠᠭᠤ ᠤᠤᠯ᠎ᠳᠠᠭᠠᠨ ᠭᠠᠳᠠᠨ᠎ᠠ ᠠᠵᠢᠯ ᠬᠢᠵᠦ᠍᠂ ᠵᠢᠯ᠎ᠳᠤ 3 — 4 ᠲᠦᠮᠡᠨ ᠲᠦᠬᠦᠷᠢᠭ ᠤᠯᠳᠠᠭ ᠪᠠᠢᠬ᠍ᠰᠠᠨ ᠪᠤᠯᠪᠠᠴᠦ᠍ ᠡᠪᠤᠯ ᠪᠤᠯᠬᠤ᠎ᠳᠤ ᠵᠠᠷᠤᠭᠠᠳ ᠪᠠᠷᠠᠴᠢᠬᠠᠳᠠᠭ ᠪᠠᠢᠪᠠ᠃ ᠲᠡᠮᠡᠭᠡ ᠤᠷᠤᠯᠳᠤᠭᠤᠯᠬᠤ᠎ᠳᠤ ᠲᠡᠮᠡᠭᠡᠶ᠋ᠢᠨᠢ ᠤᠨᠤᠳᠠᠭ ᠬᠦᠮᠦᠨ ᠪᠠᠢᠭ᠍ᠰᠠᠨ ᠪᠤᠯᠬᠤᠷ᠂ ᠨᠠᠷᠠᠨᠮᠠᠨᠳᠤᠯ᠎ᠠ ᠪᠠᠭᠠᠨ᠎ᠠ᠎ᠶ᠋ᠢ 《ᠳᠡᠭᠦᠦ ᠮᠢᠨᠢ ᠡ᠂ ᠴᠢ ᠤᠳᠤ ᠲᠡᠮᠡᠭᠡ ᠠᠪ ᠁》 ᠭᠡᠵᠦ᠍ ᠢᠳᠭᠠᠭ᠍ᠰᠠᠨᠢᠶᠠᠷ᠂ ᠪᠠᠭᠠᠨ᠎ᠠ ᠡᠬᠢᠯᠡᠭᠡᠳ ᠨᠢᠭᠡ ᠲᠡᠮᠡᠭᠡ ᠠᠪᠴᠤ᠌ ᠲᠡᠮᠡᠭᠡᠴᠢᠨ ᠪᠤᠯᠪᠠ᠂ ᠤᠳᠤ ᠪᠤᠯᠬᠤ᠎ᠳᠤ 100 ᠭᠠᠷᠤᠢ ᠲᠡᠮᠡᠭᠡ᠎ᠲᠠᠢ ᠪᠠᠶᠠᠨ ᠲᠡᠮᠡᠭᠡᠴᠢᠨ ᠪᠤᠯᠴᠢᠬᠠᠭ᠍ᠰᠠᠨ ᠪᠢᠯᠡ᠃ 《ᠮᠠᠨ᠎ᠤ ᠵᠠᠯᠠᠭᠤ ᠤᠳᠤ ᠰᠤᠮᠤ ᠳᠡᠭᠡᠷ᠎ᠠ ᠪᠤᠢ᠃ ᠵᠤᠨ ᠲᠡᠮᠡᠭᠡ᠎ᠪᠠᠨ ᠦᠵᠡᠨ᠎ᠠ ᠭᠡᠪᠡᠯ ᠮᠤᠲ᠋ᠤᠷ᠎ᠢᠶᠠᠷ ᠢᠷᠡᠬᠡᠳ ᠦᠵᠡᠴᠢᠬᠡᠨᠠ᠃ ᠡᠪᠤᠯ ᠲᠡᠮᠡᠭᠡ᠎ᠪᠠᠨ ᠤᠰᠤᠯᠠᠴᠢᠬᠠᠪᠠᠯ ᠰᠤᠮᠤᠨ᠎ᠳᠠᠬᠢ ᠭᠡᠷ᠎ᠲᠡᠭᠡᠨ ᠬᠠᠷᠢᠴᠢᠬᠠᠨ᠎ᠠ᠂ ᠲᠡᠨᠳᠡᠬᠢ ᠭᠡᠷ᠎ᠨᠢ ᠪᠦᠷ ᠲᠤᠯᠠᠭᠠᠯᠠᠭ᠎ᠠ᠎ᠲᠠᠢ ᠶᠤᠮ》 ᠭᠡᠵᠦ᠍ ᠨᠠᠷᠠᠨᠮᠠᠨᠳᠤᠯ᠎ᠠ ᠤᠯᠵᠠᠭᠤᠷᠬᠠᠨ ᠶᠠᠷᠢᠨ᠎ᠠ᠃
《ᠮᠠᠨ᠎ᠤ ᠠᠳᠡᠬᠢ ᠮᠠᠯᠴᠢᠳ᠎ᠤᠨ ᠤᠷᠤᠯᠭ᠎ᠠ ᠨᠡᠢᠳᠡᠮ᠎ᠳᠡᠭᠡᠨ ᠶᠡᠭᠡ ᠰᠠᠢᠨ᠂ ᠡᠷᠦᠬᠡ ᠪᠦᠷᠢ᠎ᠶ᠋ᠢᠨ ᠵᠢᠯ᠎ᠤᠨ ᠤᠷᠤᠯᠭ᠎ᠠ ᠪᠠᠭ᠎ᠠ᠎ᠳᠠᠭᠠᠨ 20 ᠲᠦᠮᠡᠨ ᠲᠦᠬᠦᠷᠢᠭ᠎ᠲᠤ ᠬᠦᠷᠴᠤ᠌ ᠪᠤᠢ》 ᠭᠡᠵᠦ᠍ ᠨᠠᠷᠠᠨᠮᠠᠨᠳᠤᠯ᠎ᠠ ᠬᠡᠯᠡᠨ᠎ᠠ᠃ ᠮᠠᠯᠴᠢᠳ ᠦᠪᠡᠷ᠎ᠤᠨ ᠬᠦᠴᠦ᠍ ᠬᠦᠳᠡᠯᠮᠦᠷᠢ ᠴᠢᠷᠮᠠᠢᠯᠭ᠎ᠠ᠎ᠪᠠᠷ ᠳᠠᠮᠵᠢᠨ ᠤᠷᠤᠯᠭ᠎ᠠ ᠰᠠᠢᠳᠠᠢ ᠶᠠᠪᠤᠬᠤ᠎ᠶ᠋ᠢᠨ ᠵᠡᠷᠭᠡ᠎ᠪᠠᠷ ᠬᠦᠳᠡᠭᠡᠬᠤᠳᠳᠤᠭ ᠭᠠᠴᠠᠭᠠᠨ᠎ᠤ ᠤᠳᠤᠷᠢᠳᠭᠤ ᠪᠠᠭ᠎ᠤᠨ᠎ᠬᠢᠨ ᠪᠠᠰᠠ ᠰᠤᠮᠤ ᠪᠠ ᠬᠤᠱᠢᠭᠤᠨ᠎ᠤ᠎ᠪᠠᠨ ᠵᠤᠷᠢᠭ᠍ᠵᠢᠭᠤᠯᠤᠯ ᠳᠡᠮᠵᠢᠯᠭᠡ᠎ᠪᠠᠷ ᠭᠠᠴᠠᠭᠠᠨ᠎ᠤ ᠬᠠᠮᠳᠤ᠎ᠶ᠋ᠢᠨ ᠠᠵᠤ ᠠᠬᠤᠢ᠎ᠶ᠋ᠢᠨ ᠤᠷᠤᠯᠭ᠎ᠠ᠎ᠶ᠋ᠢ ᠨᠡᠮᠡᠭ᠌ᠳᠡᠭᠦᠯᠬᠦ᠌ ᠠᠷᠭ᠎ᠠ ᠵᠠᠮ᠎ᠢ ᠰᠦᠪᠡᠭ᠌ᠴᠢᠯᠡᠵᠦ᠍᠂ ᠤᠯᠤᠰ᠎ᠤᠨ 《ᠬᠢᠯᠢ ᠬᠢᠵᠠᠭᠠᠷ ᠤᠷᠤᠨ᠎ᠢᠶᠠᠨ ᠬᠦᠭ᠌ᠵᠢᠭᠦᠯᠵᠦ᠍᠂ ᠠᠷᠠᠳ᠎ᠢᠶᠠᠨ ᠪᠠᠶᠠᠵᠢᠭᠤᠯᠬᠤ ᠠᠵᠢᠯᠯᠠᠭ᠎ᠠ》 ᠶ᠋ᠢᠨ ᠲᠦᠷᠦᠯ ᠵᠦᠢᠯ ᠵᠡᠷᠭᠡ᠎ᠶ᠋ᠢ ᠢᠳᠡᠪᠬᠢᠳᠠᠢ ᠡᠷᠡᠮᠡᠯᠵᠡᠯᠡᠨ ᠤᠯᠵᠤ᠂ ᠲᠡᠮᠡᠭᠡᠨ᠎ᠤ ᠠᠵᠤ ᠦᠢᠯᠡᠰ᠎ᠤᠨ ᠰᠠᠭᠤᠷᠢᠨ᠎ᠢ ᠪᠠᠢᠭᠤᠯᠪᠠ᠃ ᠲᠤᠰ ᠰᠠᠭᠤᠷᠢᠨ᠎ᠢ ᠤᠳᠤ ᠠᠵᠤ ᠠᠬᠤᠢ᠍ᠢᠯᠠᠯᠳᠠᠨ᠎ᠠᠴᠠ ᠡᠵᠡᠩᠨᠡᠨ 100 ᠭᠠᠷᠤᠢ ᠢᠩᠭᠡ ᠰᠠᠭᠠᠵᠤ᠂ ᠬᠦᠳᠡᠭᠡᠬᠤᠳᠳᠤᠭ ᠭᠠᠴᠠᠭ᠎ᠠ᠎ᠳᠤ ᠵᠢᠯ ᠪᠦᠷᠢ 20 ᠲᠦᠮᠡᠨ ᠲᠦᠭᠦᠷᠢᠭ᠎ᠤᠨ ᠠᠱᠢᠭ ᠤᠷᠤᠯᠭ᠎ᠠ᠎ᠶ᠋ᠢᠨ ᠬᠤᠪᠢᠶᠠᠷᠢ ᠦᠭ᠌ᠬᠦ᠎ᠪᠠᠷ ᠭᠡᠷ᠎ᠠ ᠳᠤᠭ᠍ᠳᠠᠪᠠ᠃ 《ᠵᠢᠯ᠎ᠤᠨ 20 ᠲᠦᠮᠡᠨ ᠲᠦᠬᠦᠷᠢᠭ᠎ᠢᠶᠠᠷ᠎ᠢᠶᠠᠨ ᠶᠠᠭᠤ ᠬᠢᠬᠦ᠌᠎ᠪᠠᠷ ᠪᠠᠢᠨ᠎ᠠ?》 ᠭᠡᠵᠦ᠍ ᠠᠰᠠᠭᠤᠬᠤ᠎ᠳᠤ ᠨᠠᠷᠠᠨᠮᠠᠨᠳᠤᠯ᠎ᠠ᠄ 《4 ᠲᠦᠮᠡᠨ ᠲᠦᠬᠦᠷᠢᠭ᠎ᠨᠢ ᠪᠤᠯ ᠤᠢ᠍ᠢᠷ᠎ᠠ ᠬᠠᠪᠢ᠎ᠶ᠋ᠢᠨ ᠮᠠᠯᠴᠢᠳ᠎ᠤᠨ ᠪᠠᠢᠷᠢ ᠪᠡᠯᠴᠢᠭᠡᠷ᠎ᠤᠨ ᠳᠦᠷᠢᠶᠡᠰᠦᠨ ᠮᠦᠩᠬᠦ᠂ 16 ᠲᠦᠮᠡᠨ ᠲᠦᠬᠦᠷᠢᠭ᠎ᠨᠢ ᠪᠤᠯ ᠭᠠᠴᠠᠭᠠᠨ᠎ᠤ ᠨᠡᠢᠳᠡ᠎ᠶ᠋ᠢᠨ ᠬᠤᠷᠠᠮᠳᠤᠭᠤᠯᠭ᠎ᠠ ᠶᠤᠮ᠃ ᠤᠤᠯ᠎ᠨᠢ ᠭᠠᠴᠠᠭᠠᠨ᠎ᠳᠤ ᠨᠡᠢᠳᠡ᠎ᠶ᠋ᠢᠨ ᠬᠤᠷᠠᠮᠳᠤᠭᠤᠯᠭ᠎ᠠ ᠭᠡᠵᠦ᠍ ᠦᠭᠡᠢ ᠪᠠᠢᠭ᠍ᠰᠠᠨ᠂ ᠤᠳᠤ ᠮᠠᠨ᠎ᠤ ᠭᠠᠴᠠᠭ᠎ᠠ ᠵᠤᠭᠤᠰ᠎ᠲᠠᠢ ᠪᠤᠯᠴᠢᠬᠠᠯ᠎ᠠ᠃ ᠠᠷᠠᠳ ᠲᠦᠮᠡᠨ᠎ᠳᠡᠭᠡᠨ ᠠᠯᠢ ᠬᠦᠴᠢᠷᠳᠡᠯᠲᠠᠢᠶ᠋ᠢᠨᠢ ᠪᠡᠶᠡᠯᠡᠭᠦᠯᠵᠦ᠍ ᠦᠭ᠌ᠭᠦᠶᠠ ᠭᠡᠵᠦ᠍ ᠪᠤᠳᠤᠵᠤ ᠪᠠᠢᠨ᠎ᠠ》 ᠭᠡᠵᠦ᠍ ᠬᠠᠷᠢᠭᠤᠯᠤᠯ᠎ᠠ᠃
ᠵᠢᠷᠭᠠᠯ᠎ᠲᠠᠢ ᠬᠦᠮᠦᠰ ᠲᠠᠢᠪᠤᠭᠤᠬᠠᠨ᠂ ᠡᠨᠡ ᠪᠤᠯ ᠬᠦᠳᠡᠭᠡᠬᠤᠳᠳᠤᠭ ᠭᠠᠴᠠᠭ᠎ᠠ᠎ᠶ᠋ᠢᠨ ᠮᠠᠯᠴᠢᠳ᠎ᠢ ᠰᠤᠷᠪᠤᠯᠵᠢᠯᠠᠬᠤ ᠦᠶ᠎ᠠ᠎ᠶ᠋ᠢᠨ ᠲᠦᠷᠦᠭ᠌ᠳᠡᠯ ᠪᠤᠯᠤᠨ᠎ᠠ᠃ ᠡᠨᠡ ᠵᠢᠯ ᠵᠢᠭᠠᠬᠠᠨ ᠭᠠᠩ᠎ᠲᠠᠢ ᠪᠤᠯᠬᠤᠷ ᠵᠠᠷᠢᠮ ᠮᠠᠯᠴᠢᠨ ᠲᠡᠮᠡᠭᠡ᠎ᠪᠠᠨ ᠭᠠᠴᠠᠭᠠᠨ᠎ᠤ᠎ᠪᠠᠨ ᠲᠡᠮᠡᠭᠡᠨ᠎ᠤ ᠠᠵᠤ ᠦᠢᠯᠡᠰ᠎ᠤᠨ ᠰᠠᠭᠤᠷᠢᠨ᠎ᠳᠤ ᠦᠭ᠌ᠭᠦᠭᠡᠳ 《ᠰᠠᠭᠠᠯᠢᠶ᠋ᠢᠨᠢ ᠲᠠᠨᠤᠰ ᠠᠪᠴᠢᠬ᠎ᠠ᠂ ᠲᠡᠮᠡᠭᠡ᠎ᠶ᠋ᠢ ᠲᠡᠵᠢᠭᠡᠭᠡᠳ ᠦᠭ᠌ᠪᠡᠯ ᠪᠤᠯᠴᠢᠬᠠᠨ᠎ᠠ》 ᠭᠡᠪᠡ᠃ ᠬᠦᠳᠡᠭᠡᠬᠤᠳᠳᠤᠭ ᠭᠠᠴᠠᠭᠠᠨ᠎ᠤ ᠮᠠᠯᠴᠢᠨ ᠬᠤᠪᠢᠰᠭᠠᠯᠳᠦᠶ᠋ᠢᠨᠬᠢᠨ 200 ᠭᠠᠷᠤᠢ ᠲᠡᠮᠡᠭᠡ ᠮᠠᠯᠵᠢᠵᠤ᠂ ᠢᠩᠭᠡ ᠰᠠᠭᠠᠭᠠᠳ ᠵᠢᠯ᠎ᠤᠨ ᠠᠷᠪᠠ ᠬᠤᠷᠢᠨ ᠲᠦᠮᠡᠨ ᠲᠦᠬᠦᠷᠢᠭ᠎ᠤᠨ ᠤᠷᠤᠯᠭ᠎ᠠ ᠤᠯᠵᠤ ᠪᠠᠢᠨ᠎ᠠ᠃ ᠨᠢᠳᠤᠨᠤᠨ ᠠᠷᠪᠡᠨ ᠲᠤᠷᠤᠮ᠎ᠲᠠᠢ ᠲᠡᠮᠡᠭᠡ᠎ᠪᠠᠨ ᠬᠤᠳᠠᠯᠳᠤᠭᠠᠳ 20 ᠲᠦᠮᠡ ᠭᠠᠷᠤᠢ ᠲᠦᠬᠦᠷᠢᠭ ᠤᠯᠤᠭ᠍ᠰᠠᠨ ᠪᠠᠢᠳᠠᠭ᠃ 《ᠪᠢᠳᠡ ᠲᠡᠮᠡᠭᠡ ᠮᠠᠯᠵᠢᠵᠤ ᠠᠮᠢᠳᠤᠷᠠᠭ᠍ᠰᠭᠠᠷ ᠢᠷᠡᠵᠠᠢ᠂ ᠨᠠᠮ ᠵᠠᠰᠠᠭ᠎ᠤᠨ ᠲᠦᠷᠦ᠎ᠶ᠋ᠢᠨ ᠪᠤᠳᠤᠯᠭ᠎ᠠ ᠴᠤ᠌ ᠰᠠᠢᠨ᠂ ᠮᠠᠨ᠎ᠤ ᠮᠠᠯᠴᠢᠳ᠎ᠤᠨ ᠲᠡᠮᠡᠭᠡᠨ᠎ᠤ ᠦᠢᠯᠡᠰ᠎ᠢ ᠬᠦᠭ᠌ᠵᠢᠭᠦᠯᠬᠦ᠌ ᠲᠠᠯ᠎ᠠ᠎ᠪᠠᠷ ᠶᠡᠭᠡ ᠬᠠᠷᠠᠭᠠᠯᠵᠠᠯ ᠦᠵᠡᠭᠦᠯᠵᠦ᠍ ᠪᠠᠢᠨ᠎ᠠ᠃ ᠤᠳᠤ ᠲᠡᠮᠡᠭᠡᠨ᠎ᠤ ᠬᠠᠱᠢᠶ᠎ᠠ ᠪᠠᠢᠭᠤᠯᠵᠤ ᠦᠭ᠌ᠭᠦᠯᠠ᠂ ᠰᠦ ᠰᠠᠭᠠᠯᠢ᠎ᠶ᠋ᠢᠨ ᠪᠤᠷᠤᠯᠠᠭᠤᠯᠤᠯᠳᠠ᠎ᠶ᠋ᠢᠨ ᠴᠡᠭ᠎ᠢ ᠴᠦ᠍ ᠤᠯᠵᠤ ᠦᠭ᠌ᠭᠦᠯᠠ᠂ ᠢᠩᠬᠢᠭᠡᠳ ᠮᠠᠨ᠎ᠤ ᠮᠠᠯᠴᠢᠳ ᠪᠠᠶᠠᠨ ᠴᠢᠨᠡᠭᠡᠯᠢᠭ ᠠᠮᠢᠳᠤᠷᠠᠵᠤ ᠪᠠᠢᠨ᠎ᠠ》 ᠭᠡᠵᠦ᠍ ᠬᠤᠪᠢᠰᠭᠠᠯᠳᠦ ᠳᠠᠢᠪᠤᠭᠤᠬᠠᠨ ᠶᠠᠷᠢᠨ᠎ᠠ᠃