ᠪᠤᠯᠤᠩ ᠨᠡᠭᠡᠭᠡᠬᠦ᠌ ᠦᠭᠡ᠄
《ᠰᠣᠶᠣᠯ᠎ᠤᠨ ᠬᠠᠮᠲᠤ᠎ᠶ᠋ᠢᠨ ᠲᠠᠨᠢᠯᠲᠠ ᠪᠣᠯ ᠬᠠᠮᠤᠭ᠎ᠤᠨ ᠭᠦᠨ ᠳᠠᠪᠬᠤᠷᠭ᠎ᠠ᠎ᠶ᠋ᠢᠨ ᠬᠠᠮᠲᠤ᠎ᠶ᠋ᠢᠨ ᠲᠠᠨᠢᠯᠲᠠ ᠮᠥᠨ᠂ ᠦᠨᠳᠦᠰᠦᠲᠡᠨ᠎ᠤ ᠪᠦᠯᠬᠦᠮᠳᠡᠯ᠎ᠤᠨ ᠦᠨᠳᠦᠰᠦ᠂ ᠦᠨᠳᠦᠰᠦᠲᠡᠨ᠎ᠤ ᠡᠶ᠎ᠡ ᠨᠠᠢᠷᠠᠮᠳᠠᠯ᠎ᠤᠨ ᠰᠦᠭ ᠰᠦᠨᠡᠰᠦ ᠮᠥᠨ》᠃ ᠶᠡᠷᠦᠩᠬᠡᠢ ᠱᠦᠵᠢ ᠰᠢ᠎ᠶ᠋ᠢᠨ ᠫᠢᠩ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠳᠥᠷᠪᠡᠳᠦᠭᠡᠷ ᠬᠤᠷᠠᠯ᠎ᠤᠨ ᠥᠪᠥᠷ ᠮᠣᠩᠭᠤᠯ᠎ᠤᠨ ᠲᠥᠯᠥᠭᠡᠯᠡᠭ᠌ᠴᠢᠳ᠎ᠤᠨ ᠪᠦᠯᠬᠦᠮ᠎ᠤᠨ ᠬᠢᠨᠠᠨ ᠵᠥᠪᠯᠡᠬᠦ᠌᠎ᠳᠤ ᠣᠷᠣᠯᠴᠠᠬᠤ ᠦᠶ᠎ᠡ᠎ᠶ᠋ᠢᠨ ᠴᠢᠬᠤᠯᠠ ᠶᠠᠷᠢᠶ᠎ᠠ᠎ᠨᠢ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠨᠢᠭᠡ ᠭᠡᠷ᠎ᠤᠨ ᠬᠥᠮᠦᠨ ᠮᠡᠲᠦ ᠳᠣᠲᠣᠨᠣ ᠪᠠᠢᠬᠤ ᠰᠣᠶᠣᠯ᠎ᠤᠨ ᠰᠠᠭᠤᠷᠢ᠎ᠶ᠋ᠢ ᠦᠬᠦᠯᠡᠵᠤ᠂ ᠳᠤᠮᠳᠠᠳᠤ᠎ᠶ᠋ᠢᠨ ᠦᠨᠳᠦᠰᠦᠲᠡᠨ᠎ᠤ ᠤᠯᠠᠨ ᠡᠱᠢᠲᠦ ᠨᠢᠭᠡ ᠴᠤᠭ᠍ᠴᠠᠵᠢᠭ᠍ᠰᠠᠨ ᠤᠶᠤᠨ ᠰᠠᠨᠠᠭᠠᠨ᠎ᠤ ᠰᠤᠳᠠᠰᠤ᠎ᠶ᠋ᠢ ᠢᠯᠡᠷᠡᠭᠦᠯᠦᠭ᠌ᠰᠡᠨ ᠪᠠᠢᠨ᠎ᠠ᠃
ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ᠎ᠢ ᠤᠯᠠᠮᠵᠢᠯᠠᠨ ᠪᠠᠳᠠᠷᠠᠭᠤᠯᠬᠤ᠎ᠶ᠋ᠢᠨ ᠲᠥᠯᠥᠭᠡ᠂ ᠲᠤᠰ ᠨᠢᠭᠤᠷ 《ᠤᠯᠠᠮᠵᠢᠯᠠᠯᠲᠤ ᠤᠷ᠎ᠠ ᠮᠡᠷᠭᠡᠵᠢᠯ᠎ᠢ ᠰᠤᠨᠢᠷᠬᠠᠵᠤ · ᠠᠭᠤᠰᠤᠯᠴᠠᠯ᠎ᠤᠨ ᠦᠯᠢᠭᠡᠷ᠎ᠢ ᠰᠣᠨᠣᠰᠤᠶ᠎ᠠ》 ᠬᠡᠬᠦ᠌ ᠪᠤᠯᠤᠩ᠎ᠢ ᠲᠤᠬᠢᠷᠠᠭᠤᠯᠵᠤ᠂ ᠮᠠᠨ᠎ᠤ ᠣᠷᠣᠨ᠎ᠤ ᠦᠨᠳᠦᠰᠦᠲᠡᠨ᠎ᠨᠦᠭᠦᠳ᠎ᠤᠨ ᠣᠯᠠᠨ ᠲᠦᠮᠡᠨ᠎ᠤ ᠬᠠᠮᠲᠤ᠎ᠪᠠᠷ ᠡᠭᠦᠳᠦᠨ ᠪᠦᠲᠦᠭᠡᠭ᠌ᠰᠡᠨ ᠪᠣᠳᠠᠰ᠎ᠤᠨ ᠪᠤᠰᠤ ᠰᠣᠶᠣᠯ᠎ᠤᠨ ᠥᠪ ᠵᠢᠴᠢ ᠥᠪᠡᠷᠮᠢᠴᠡ ᠣᠨᠴᠠᠯᠢᠭ᠎ᠲᠠᠢ ᠠᠷᠠᠳ᠎ᠤᠨ ᠤᠷ᠎ᠠ ᠮᠡᠷᠭᠡᠵᠢᠯ᠎ᠳᠤ ᠠᠩᠬᠠᠷᠤᠯ᠎ᠢᠶᠠᠨ ᠬᠠᠨᠳᠤᠭᠤᠯᠵᠤ᠂ ᠥᠪᠥᠷ ᠮᠣᠩᠭᠤᠯ᠎ᠤᠨ ᠦᠨᠳᠦᠰᠦᠲᠡᠨ᠎ᠨᠦᠭᠦᠳ᠎ᠤᠨ ᠰᠣᠶᠣᠯ᠎ᠤᠨ ᠠᠭᠤᠰᠤᠯᠴᠠᠵᠤ ᠬᠠᠷᠢᠯᠴᠠᠨ ᠲᠣᠯᠢ ᠪᠤᠯᠭᠠᠬ᠍ᠰᠠᠨ᠂ ᠬᠠᠮᠲᠤ᠎ᠪᠠᠷ ᠴᠡᠴᠡᠭ᠌ᠯᠡᠨ ᠬᠦᠭ᠌ᠵᠢᠭ᠌ᠰᠡᠨ ᠠᠭᠤᠰᠤᠯᠴᠠᠯ᠎ᠤᠨ ᠦᠯᠢᠭᠡᠷ᠎ᠢ ᠶᠠᠷᠢᠵᠤ᠂ ᠪᠦᠬᠦ᠌ ᠣᠷᠣᠨ᠎ᠤ ᠡᠯ᠎ᠡ ᠦᠨᠳᠦᠰᠦᠲᠡᠨ ᠡᠯ᠎ᠡ ᠡᠲᠡᠭᠡᠳ᠂ ᠡᠯ᠎ᠡ ᠠᠵᠢᠯ ᠲᠦᠷᠦᠯ᠎ᠤᠨ᠎ᠬᠢᠨ᠎ᠤ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ ᠴᠣᠭ᠍ᠴᠠ᠎ᠶ᠋ᠢᠨ ᠤᠬᠠᠮᠰᠠᠷ᠎ᠢ ᠴᠢᠨᠠᠭ᠍ᠰᠢᠳᠠ ᠪᠠᠲᠤ ᠴᠤᠬ᠍ᠴᠠᠯᠠᠵᠤ᠂ ᠰᠣᠶᠣᠯ᠎ᠤᠨ ᠬᠠᠮᠳᠤ᠎ᠶ᠋ᠢᠨ ᠲᠠᠨᠢᠯᠳᠠ᠎ᠪᠠᠨ ᠴᠢᠩᠭᠠᠳᠭᠠᠵᠤ᠂ ᠰᠣᠶᠣᠯ᠎ᠤᠨ ᠢᠲᠡᠭᠡᠯ᠎ᠢᠶᠠᠨ ᠪᠠᠲᠤᠳᠭᠠᠬᠤ᠎ᠶ᠋ᠢ ᠵᠤᠷᠢᠭ᠍ᠵᠢᠭᠤᠯᠵᠤ᠂ ᠣᠳᠣᠬᠢᠴᠢᠯᠠᠭ᠍ᠰᠠᠨ ᠥᠪᠥᠷ ᠮᠣᠩᠭᠤᠯ᠎ᠢ ᠪᠦᠳᠦᠭᠡᠨ ᠪᠠᠢᠭᠤᠯᠬᠤ ᠱᠢᠨ᠎ᠡ ᠠᠶᠠᠨ᠎ᠳᠤ ᠪᠦᠯᠬᠦᠮᠳᠡᠨ ᠲᠡᠮᠡᠴᠡᠵᠦ᠍᠂ ᠡᠷᠡᠮᠡᠭᠡᠢᠯᠡᠨ ᠤᠷᠤᠭ᠍ᠰᠢᠯᠠᠵᠤ᠂ ᠱᠢᠨ᠎ᠡ ᠴᠠᠭ ᠦᠶ᠎ᠡ᠎ᠶ᠋ᠢᠨ ᠴᠢᠨᠠᠷ ᠰᠠᠢᠲᠠᠢ ᠬᠥᠭ᠌ᠵᠢᠯᠲᠡ᠎ᠶ᠋ᠢᠨ ᠥᠪᠥᠷ ᠮᠣᠩᠭᠤᠯ᠎ᠤᠨ ᠬᠠᠭᠤᠳᠠᠰᠤ᠎ᠶ᠋ᠢ ᠴᠢᠷᠮᠠᠢᠨ ᠪᠢᠴᠢᠭ᠌ᠯᠡᠨ᠎ᠡ᠃

《ᠯᠤᠤᠳᠤ ᠳ᠋ᠧᠩ᠎ᠤᠨ ᠬᠡᠩᠬᠡᠷᠬᠡ》 ᠪᠠᠨ ᠲᠡᠯᠡᠳᠦᠨ ᠱᠢᠨ᠎ᠠ ᠡᠷᠢᠨ᠎ᠳᠤ ᠡᠷᠡᠮᠡᠬᠡᠢᠯᠡᠨ ᠤᠷᠤᠬ᠍ᠰᠢᠯᠠᠶᠠ
ᠲᠡᠭ᠌ᠷᠢ᠎ᠠᠴᠠ ᠡᠬᠢ᠎ᠲᠠᠢ ᠬᠠᠳᠤᠨ ᠭᠤᠤᠯ᠎ᠤᠨ ᠤᠰᠤ ᠬᠤᠯᠠ᠎ᠶ᠋ᠢᠨ ᠬᠤᠯᠠ᠎ᠶ᠋ᠢ ᠵᠤᠷᠢᠨ ᠡᠳᠦᠷ ᠰᠦᠨᠢ᠎ᠶ᠋ᠢᠨ ᠬᠤᠪᠢᠨ᠎ᠳᠤ ᠬᠦᠷᠬᠢᠷᠡᠨ ᠲᠠᠪᠠᠯᠭᠠᠯᠠᠨᠠ᠃ ᠳᠡᠭᠡᠳᠦ ᠤᠷᠤᠰᠭᠠᠯ᠎ᠤᠨ ᠬᠠᠮᠤᠭ᠎ᠤᠨ ᠰᠡᠭᠦᠯᠴᠢ᠎ᠶ᠋ᠢᠨ ᠴᠢᠳᠭᠤᠯᠠᠩ ᠶᠡᠭᠡ ᠲᠦᠷᠭᠡᠨ ᠭᠤᠣᠯ᠎ᠨᠢ ᠲᠣᠭ᠍ᠲᠠᠬᠤ ᠱᠢᠶᠠᠨ᠎ᠤ ᠾᠧ ᠺᠸᠤ ᠲᠣᠰᠭᠤᠨ᠎ᠳᠤ ᠬᠠᠲᠤᠨ ᠭᠤᠣᠯ᠎ᠳᠤ ᠨᠡᠢᠯᠡᠨ ᠣᠷᠣᠨ᠎ᠠ᠃ ᠥᠪᠡᠷᠮᠢᠴᠡ ᠤᠨᠴᠠᠭᠠᠢ ᠭᠠᠵᠠᠷ ᠵᠦᠶ᠎ᠶ᠋ᠢᠨ ᠪᠠᠢᠷᠢᠯᠠᠯ᠎ᠨᠢ ᠠᠳᠡᠬᠢ᠎ᠶ᠋ᠢ ᠮᠠᠨ᠎ᠤ ᠤᠯᠤᠰ᠎ᠤᠨ ᠤᠮᠠᠷᠠᠲᠤ ᠣᠷᠣᠨ᠎ᠤ ᠨᠡᠷᠡᠲᠦ ᠤᠰᠤ ᠪᠠ ᠬᠠᠭᠤᠷᠠᠢ᠎ᠶ᠋ᠢᠨ ᠭᠠᠷᠠᠮ ᠪᠣᠯᠭᠠᠵᠤ᠂ ᠬᠤᠶᠠᠷ ᠵᠠᠭᠤ ᠭᠠᠷᠤᠶ ᠵᠢᠯ᠎ᠤᠨ ᠪᠠᠳᠠᠷᠠᠯ ᠴᠡᠴᠡᠭ᠌ᠯᠡᠯ᠎ᠢ ᠦᠷᠭᠦᠯᠵᠢᠯᠡᠬᠦᠯᠵᠤ᠂ ᠡᠯᠪᠡᠭ ᠪᠠᠶᠠᠯᠢᠭ ᠠᠭᠤᠯᠭ᠎ᠠ᠎ᠲᠠᠢ ᠠᠷᠠᠳ᠎ᠤᠨ ᠰᠣᠶᠣᠯ᠎ᠢ ᠪᠤᠶ ᠪᠣᠯᠭᠠᠪᠠ᠃ ᠡᠭᠦᠨ᠎ᠳᠤ᠂ ᠯᠣᠣ᠎ᠳᠤ ᠳ᠋ᠧᠩ᠎ᠤᠨ ᠬᠡᠩᠭᠡᠷᠭᠡ᠎ᠨᠢ ᠠᠷᠠᠳ᠎ᠤᠨ ᠤᠷᠠᠯᠢᠭ᠎ᠤᠨ ᠭᠠᠢᠬᠠᠮᠱᠢᠭ᠍ᠲᠤ ᠡᠷᠳᠡᠨᠢ᠎ᠶ᠋ᠢᠨ ᠨᠢᠭᠡ᠎ᠨᠢ ᠶᠤᠮ᠃

《ᠬᠡᠳᠦᠨ ᠡᠷᠴᠢᠮ ᠣᠯᠣᠰᠣᠨ ᠳᠡᠭᠡᠰᠦ᠎ᠶ᠋ᠢ ᠨᠢᠭᠡ ᠡᠷᠴᠢᠮ ᠪᠣᠯᠭᠠᠨ ᠨᠡᠢᠯᠡᠬᠦᠯᠪᠡ》
ᠾᠧ ᠺᠸᠤ᠎ᠶ᠋ᠢᠨ ᠪᠠᠢᠷᠢᠯᠠᠵᠤ ᠪᠠᠢᠭ᠎ᠠ ᠲᠣᠭ᠍ᠲᠠᠬᠤ ᠱᠢᠶᠠᠨ᠎ᠤ ᠭᠠᠵᠠᠷ ᠣᠷᠣᠨ ᠪᠤᠯ ᠮᠤᠨᠢ ᠠᠭᠤᠯᠠ᠎ᠶ᠋ᠢ ᠲᠦᠱᠢᠵᠦ᠍᠂ ᠬᠠᠲᠤᠨ ᠭᠤᠣᠯ᠎ᠢ ᠡᠰᠡᠷᠬᠦᠯᠡᠨ᠂ ᠠᠭᠤᠷ ᠠᠮᠢᠰᠭᠤᠯ ᠳᠤᠯᠠᠭᠠᠨ᠂ ᠳᠥᠷᠪᠡᠨ ᠤᠯᠠᠷᠢᠯ ᠡᠬᠡᠯᠵᠢᠯᠡᠭ᠌ᠰᠡᠨ᠂ ᠬᠥᠷᠥᠰᠥ᠍ ᠱᠢᠷᠣᠶ᠎ᠨᠢ ᠦᠩ ᠱᠢᠮᠡᠯᠢᠭ ᠤᠰᠤ᠎ᠨᠢ ᠲᠤᠩᠭᠠᠯᠠᠭ᠂ ᠮᠠᠯᠵᠢᠬᠤ᠎ᠳᠤ ᠲᠣᠬᠢᠷᠠᠮᠵᠢᠲᠠᠶ ᠲᠠᠷᠢᠶᠠᠯᠠᠬᠤ᠎ᠳᠤ ᠴᠤ᠌ ᠠᠱᠢᠬ᠍ᠳᠠᠢ ᠶᠤᠮ᠃ ᠴᠢᠩ ᠤᠯᠤᠰ᠎ᠤᠨ ᠦᠶ᠎ᠡ᠎ᠠᠴᠠ ᠨᠠᠭᠠᠰᠢ᠂ ᠾᠧ ᠺᠸᠤ᠎ᠨᠢ ᠠᠭᠠᠵᠢᠮ᠎ᠢᠶᠠᠷ ᠮᠠᠨ᠎ᠤ ᠤᠯᠤᠰ᠎ᠤᠨ ᠤᠮᠠᠷᠠᠲᠤ ᠣᠷᠣᠨ᠎ᠤ ᠨᠡᠷᠡᠲᠦ ᠤᠰᠤ ᠬᠠᠭᠤᠷᠠᠶ᠎ᠶ᠋ᠢᠨ ᠭᠠᠷᠠᠮ ᠪᠣᠯᠵᠤ᠂ ᠳᠡᠯᠭᠡᠭᠦᠷ ᠫᠦᠰᠡ ᠲᠦᠪᠯᠡᠷᠡᠵᠤ᠂ ᠪᠤᠭᠤᠮᠳᠠ ᠲᠠᠪᠠᠵᠤ ᠮᠤᠩᠭᠤᠯ ᠤᠷᠤᠨ᠎ᠢ ᠵᠤᠷᠢᠬ᠍ᠰᠠᠨ ᠡᠯ᠎ᠡ ᠵᠠᠮ᠎ᠤᠨ ᠬᠦᠮᠦᠰ ᠠᠳᠡ ᠬᠤᠷᠠᠨ ᠴᠤᠭ᠍ᠯᠠᠷᠠᠵᠤ᠂ ᠬᠠᠮᠤᠭ᠎ᠤᠨ ᠴᠡᠴᠡᠭ᠌ᠯᠡᠨ ᠬᠥᠭ᠌ᠵᠢᠭ᠌ᠰᠡᠨ ᠦᠶ᠎ᠡ᠎ᠳᠤ᠂ ᠡᠨᠡ ᠵᠢᠵᠢᠭ᠌ᠬᠡᠨ ᠪᠠᠯᠭᠠᠰᠤᠨ᠎ᠳᠤ ᠳᠥᠷᠪᠡ ᠲᠠᠪᠤᠨ ᠲᠦᠮᠡᠨ ᠬᠥᠮᠦᠨ᠎ᠢ ᠪᠠᠭ᠍ᠲᠠᠭᠠᠵᠤ ᠪᠠᠢᠪᠠ᠃
ᠠᠷᠠᠯᠵᠢᠶ᠎ᠠ ᠬᠤᠳᠠᠯᠳᠤᠭᠠᠨ᠎ᠤ ᠬᠥᠭ᠌ᠵᠢᠯᠲᠡ᠎ᠨᠢ ᠰᠣᠶᠣᠯ᠎ᠤᠨ ᠴᠡᠴᠡᠭ᠌ᠯᠡᠯᠲᠡᠳᠤ ᠰᠠᠭᠤᠷᠢ᠎ᠶ᠋ᠢ ᠲᠠᠯᠪᠢᠵᠤ ᠥᠭ᠌ᠴᠡᠶ᠃ ᠬᠤᠳᠠᠯᠳᠤᠭᠠᠨ᠎ᠤ ᠬᠤᠷᠱᠢᠶ᠎ᠠ᠂ ᠶᠠᠪᠤᠭᠤᠯ ᠬᠤᠳᠠᠯᠳᠤᠭᠠᠨ᠎ᠤ ᠬᠤᠷᠱᠢᠶ᠎ᠠ᠂ ᠨᠢᠭᠡ ᠨᠤᠳᠤᠭ᠍ᠳᠠᠨᠤ ᠬᠤᠷᠱᠢᠶ᠎ᠠ ᠵᠡᠷᠭᠡ ᠠᠷᠠᠳ᠎ᠤᠨ ᠨᠡᠢᠭᠡᠮ᠎ᠤᠨ ᠪᠦᠯᠬᠦᠮ᠎ᠲᠠᠢ ᠬᠠᠮᠲᠤ᠎ᠪᠠᠷ ᠬᠥᠭ᠌ᠵᠢᠭ᠌ᠰᠡᠨ᠎ᠨᠢ ᠪᠠᠰᠠ ᠾᠧ ᠺᠸᠤ᠎ᠶ᠋ᠢᠨ ᠨᠠᠢᠷ ᠨᠠᠭᠠᠳᠤᠮ᠎ᠤᠨ ᠰᠣᠶᠣᠯ ᠪᠤᠢ᠃ ᠨᠠᠢᠷ ᠨᠠᠭᠠᠳᠤᠮ᠎ᠤᠨ ᠲᠣᠭ᠍ᠯᠠᠯᠲᠠ᠎ᠳᠤ ᠡᠯᠳᠡᠪ ᠵᠦᠢᠯ᠎ᠤᠨ ᠲᠠᠭᠤᠷᠢᠬᠠᠨ ᠵᠦᠴᠦᠭᠡ᠂ ᠼᠢᠷᠺ ᠲᠤᠭ᠍ᠯᠠᠭᠠᠮ ᠪᠤᠢ᠂ ᠾᠧ ᠺᠸᠤ᠎ᠶ᠋ᠢᠨ ᠯᠣᠣ᠎ᠳᠤ ᠳ᠋ᠧᠩ᠎ᠤᠨ ᠬᠡᠩᠭᠡᠷᠭᠡ ᠪᠤᠯ ᠳᠠᠷᠤᠶ ᠲᠡᠳᠡᠭᠡᠷ᠎ᠤᠨ ᠳᠣᠲᠣᠷᠠᠬᠢ ᠨᠢᠭᠡ᠎ᠨᠢ ᠪᠣᠯᠤᠨ᠎ᠠ᠃

ᠯᠣᠣ᠎ᠳᠤ ᠳ᠋ᠧᠩ᠎ᠤᠨ ᠬᠡᠩᠭᠡᠷᠭᠡ ᠪᠣᠯ ᠯᠣᠣ᠎ᠳᠤ ᠪᠥᠵᠢᠭ᠎ᠲᠤ ᠬᠠᠪᠰᠤᠷᠭᠠᠵᠤ ᠬᠥᠭ᠌ᠵᠢᠮᠳᠡᠬᠦ᠌ ᠳᠡᠯᠡᠳᠦᠭᠦᠷ ᠬᠥᠭ᠌ᠵᠢᠮ ᠪᠥᠭᠡᠳ ᠬᠡᠩᠭᠡᠷᠭᠡ᠂ ᠴᠠᠩᠬᠢᠯᠵᠠᠭᠤᠷ᠂ ᠴᠠᠩ ᠵᠡᠷᠬᠡ 3 ᠵᠦᠢᠯ᠎ᠤᠨ ᠬᠦᠭ᠌ᠵᠢᠮᠳᠡᠬᠦᠷ᠎ᠢᠶᠠᠷ ᠪᠦᠷᠢᠯᠳᠦᠵᠡᠶ᠃

ᠤᠭ ᠨᠤᠲᠤᠭ᠎ᠨᠢ ᠱᠠᠨ ᠰᠢ᠎ᠶ᠋ᠢᠨ ᠶᠤᠸᠠᠨ ᠫᠢᠩ᠎ᠤᠨ ᠮᠠ ᠺᠠᠢ ᠱᠢᠶᠦ᠋ᠩ ᠡᠨᠡ ᠵᠢᠯ 54 ᠨᠠᠰᠤᠲᠠᠢ᠂ ᠬᠥᠬᠡᠬᠤᠲᠠ᠎ᠶ᠋ᠢᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠾᠧ ᠺᠸᠤ᠎ᠶ᠋ᠢᠨ ᠯᠣᠣ᠎ᠳᠤ ᠳ᠋ᠧᠩ᠎ᠤᠨ ᠬᠡᠩᠭᠡᠷᠭᠡ᠎ᠶ᠋ᠢᠨ ᠤᠯᠠᠮᠵᠢᠯᠠᠭ᠍ᠴᠢ ᠪᠣᠯᠤᠨ᠎ᠠ᠂ 14 ᠨᠠᠰᠤᠨ᠎ᠠᠴᠠ᠎ᠪᠠᠨ ᠡᠬᠢᠯᠡᠨ ᠬᠡᠩᠭᠡᠷᠭᠡ ᠳᠡᠯᠡᠳᠦᠵᠦ᠍᠂ ᠡᠳᠦᠭᠡ ᠪᠣᠯᠲᠠᠯ᠎ᠠ ᠨᠢᠭᠡᠨᠲᠡ ᠪᠦᠬᠦᠯᠢ 40 ᠵᠢᠯ ᠪᠣᠯᠵᠠᠢ᠃ ᠮᠠ ᠺᠠᠶ ᠱᠢᠶᠦ᠋ᠩ᠎ᠤᠨ ᠡᠪᠦᠭᠡ ᠪᠣᠯᠤᠨ ᠠᠪᠤ᠎ᠨᠢ ᠪᠦᠷ ᠳᠡᠭᠡᠳᠦᠰ᠎ᠠᠴᠠ ᠤᠯᠠᠮᠵᠢᠯᠠᠭ᠍ᠰᠠᠨ ᠤᠷ᠎ᠠ ᠮᠡᠷᠬᠡᠵᠢᠯ᠎ᠲᠠᠢ ᠲᠡᠮᠦᠷ᠎ᠤᠨ ᠳᠠᠷᠬᠠᠨ ᠪᠠᠢᠵᠤ᠂ ᠲᠡᠮᠦᠷ ᠬᠠᠢᠯᠤᠭᠤᠯᠬᠤ ᠪᠣᠯᠣᠳ ᠲᠠᠪᠳᠠᠬᠤ ᠠᠵᠢᠯ᠎ᠳᠤ ᠮᠤᠩᠭᠠᠨᠢᠬᠤ᠎ᠠᠴᠠ ᠭᠠᠳᠠᠨ᠎ᠠ ᠪᠠᠰᠠ ᠬᠡᠩᠭᠡᠷᠭᠡ᠎ᠶ᠋ᠢᠨ ᠬᠥᠭ᠌ᠵᠢᠮᠳᠤ ᠤᠨᠴᠠ ᠬᠠᠢᠷ᠎ᠠ ᠰᠡᠳᠭᠢᠯᠭᠡ᠎ᠲᠠᠢ ᠪᠠᠢᠳᠠᠭ᠃
《ᠶᠠᠭ ᠯᠠ ᠣᠯᠣᠰᠣᠨ ᠳᠡᠭᠡᠰᠦ᠎ᠶ᠋ᠢ ᠬᠡᠳᠦᠨ ᠡᠷᠴᠢᠮ ᠪᠤᠯᠭᠠᠨ ᠬᠤᠪᠢᠶᠠᠭᠠᠳ᠂ ᠬᠠᠮᠤᠭ᠎ᠤᠨ ᠰᠡᠭᠦᠯ᠎ᠳᠤ᠎ᠨᠢ ᠨᠡᠢᠯᠡᠬᠦᠯᠵᠤ ᠨᠢᠭᠡ ᠡᠷᠴᠢᠮ ᠪᠤᠯᠭᠠᠭ᠍ᠰᠠᠨ ᠮᠡᠲᠦ!》 ᠭᠡᠵᠦ᠍ ᠮᠠ ᠺᠠᠶ ᠱᠢᠶᠦ᠋ᠩ ᠰᠤᠷᠪᠤᠯᠵᠢᠯᠠᠭ᠍ᠴᠢ᠎ᠳᠤ ᠾᠧ ᠺᠸᠤ᠎ᠶ᠋ᠢᠨ ᠯᠣᠣ᠎ᠳᠤ ᠳ᠋ᠧᠩ᠎ᠤᠨ ᠬᠡᠩᠭᠡᠷᠭᠡ᠎ᠶ᠋ᠢᠨ ᠡᠭᠦᠰᠦᠯ᠎ᠢ ᠮᠠᠰᠢ ᠳᠦᠷᠰᠦᠯᠢᠭ ᠵᠦᠢᠷᠯᠡᠵᠦ᠍ ᠲᠠᠨᠢᠯᠴᠠᠭᠤᠯᠤᠯ᠎ᠠ᠃
ᠾᠧ ᠺᠸᠤ ᠬᠡᠵᠤ ᠤᠰᠤ᠎ᠶ᠋ᠢ ᠲᠦᠱᠢᠵᠤ ᠪᠤᠰᠤᠬ᠍ᠰᠠᠨ ᠪᠦᠭᠡᠳ ᠤᠰᠤ᠎ᠶ᠋ᠢ ᠲᠦᠱᠢᠭ᠌ᠯᠡᠨ ᠬᠥᠭ᠌ᠵᠢᠭ᠌ᠰᠡᠨ ᠶᠤᠮ᠃ ᠡᠢᠨ ᠬᠦ᠂ ᠤᠰᠤᠨ ᠲᠡᠭᠡᠭᠡᠪᠦᠷᠢ᠎ᠶ᠋ᠢᠨ ᠦᠢᠯᠡᠰ᠎ᠤᠨ ᠮᠠᠭᠤᠳᠠᠬᠤ᠎ᠶ᠋ᠢ ᠳᠠᠭᠠᠯᠳᠤᠨ᠂ ᠾᠧ ᠺᠸᠤ᠎ᠶ᠋ᠢᠨ ᠬᠠᠮᠤᠭ᠎ᠤᠨ ᠦᠷᠨᠢᠯ ᠬᠥᠭ᠌ᠵᠢᠯ ᠴᠤ᠌ ᠠᠭᠠᠵᠢᠮ᠎ᠢᠶᠠᠷ ᠠᠷᠢᠯᠪᠠ᠃ ᠭᠡᠲᠡᠯ᠎ᠡ ᠯᠣᠣ᠎ᠳᠤ ᠳ᠋ᠧᠩ᠎ᠤᠨ ᠬᠡᠩᠭᠡᠷᠭᠡ᠎ᠨᠢ ᠠᠵᠠ᠎ᠪᠠᠷ ᠠᠷᠠᠳ᠎ᠤᠨ ᠤᠷᠠᠯᠢᠭ᠎ᠤᠨ ᠬᠡᠯᠪᠡᠷᠢ᠎ᠪᠠᠷ ᠤᠯᠠᠮᠵᠢᠯᠠᠬ᠍ᠳᠠᠨ ᠦᠯᠡᠳᠡᠭ᠌ᠰᠡᠨ ᠪᠠᠢᠵᠠᠢ᠃

《ᠯᠤᠤᠳᠤ ᠳ᠋ᠧᠩ ᠲᠤᠬ᠍ᠯᠠᠬᠤ ᠬᠡᠵᠤ ᠨᠢᠭᠡ ᠵᠦᠢᠯ᠎ᠤᠨ ᠰᠦᠷ ᠬᠦᠴᠦᠨ᠎ᠢ ᠢᠯᠡᠷᠡᠬᠦᠯᠵᠤ ᠪᠠᠢᠨ᠎ᠠ》
ᠾᠧ ᠺᠸᠤ᠎ᠶ᠋ᠢᠨ ᠡᠷᠡᠭ᠌ᠲᠡᠢᠴᠦᠳ ᠳᠣᠯᠤᠭ᠎ᠠ ᠨᠠᠢ᠍ᠮᠠᠨ ᠨᠠᠰᠤᠨ᠎ᠠᠴᠠ᠎ᠪᠠᠨ ᠡᠬᠢᠯᠡᠨ ᠣᠩᠭᠤᠴᠠᠨ᠎ᠳᠤ ᠭᠠᠷᠴᠤ᠌ ᠪᠠᠩᠽᠢ ᠲᠣᠭ᠍ᠰᠢᠵᠤ ᠭᠤᠣᠯ᠎ᠳᠤ ᠲᠣᠣᠷ ᠲᠠᠯᠪᠢᠨ᠎ᠡ᠂ ᠪᠠᠩᠽᠢ ᠲᠣᠭ᠍ᠰᠢᠬᠤ᠎ᠨᠢ ᠵᠢᠭᠠᠰᠤ᠎ᠶ᠋ᠢ ᠦᠷᠭᠦᠭᠡᠵᠦ᠍ ᠲᠣᠣᠷ᠎ᠲᠤ ᠣᠷᠣᠭᠤᠯᠬᠤ ᠦᠢᠯᠡᠳᠦᠯ᠎ᠲᠠᠢ᠃ 《ᠡᠨᠡ᠎ᠨᠢ ᠠᠭᠠᠵᠢᠮ᠎ᠢᠶᠠᠷ ᠬᠡᠩᠭᠡᠷᠭᠡ᠎ᠶ᠋ᠢᠨ ᠠᠢᠵᠠᠮ ᠴᠣᠬᠢᠯᠭ᠎ᠠ᠎ᠲᠠᠢ ᠪᠤᠯᠵᠤ᠂ ᠬᠡᠩᠭᠡᠷᠭᠡ ᠳᠡᠯᠡᠳᠬᠦ᠌ᠶ᠋ᠢᠨ ᠦᠨᠳᠦᠰᠦᠨ ᠡᠷᠳᠡᠮ ᠪᠤᠯᠪᠠᠰᠤᠷᠠᠯ ᠪᠤᠯ ᠲᠡᠪᠳᠡᠬ᠍ᠳᠠᠳᠠᠭ᠂ ᠲᠦᠩ ᠲᠦᠩ ᠲᠦᠩ᠂ ᠲᠦᠩ ᠲᠦᠩ ᠲᠦᠩ ᠁》 ᠭᠡᠵᠦ᠍ ᠮᠠ ᠺᠠᠶ ᠱᠢᠶᠦ᠋ᠩ ᠲᠠᠨᠢᠯᠴᠠᠭᠤᠯᠬᠤ᠎ᠶ᠋ᠢᠨ ᠲᠠᠭᠠᠤ ᠡᠮᠦᠨ᠎ᠡ ᠪᠠᠢᠭ᠎ᠠ ᠱᠢᠷᠡᠭᠡ᠎ᠶ᠋ᠢ ᠲᠣᠭ᠍ᠰᠢᠵᠤ ᠬᠡᠩᠭᠡᠷᠭᠡ᠎ᠶ᠋ᠢᠨ ᠠᠢᠵᠠᠮ ᠴᠣᠬᠢᠯᠭ᠎ᠠ᠎ᠶ᠋ᠢ ᠳᠡᠯᠡᠳᠴᠤ᠌ ᠦᠵᠡᠬᠦᠯᠪᠡ᠃
ᠦᠶ᠎ᠡ᠎ᠶ᠋ᠢᠨ ᠦᠶ᠎ᠡ ᠤᠯᠠᠮᠵᠢᠯᠠᠨ ᠵᠠᠯᠭᠠᠮᠵᠢᠯᠠᠬᠤ ᠳᠤᠮᠳᠠ᠂ ᠾᠧ ᠺᠸᠤ᠎ᠶ᠋ᠢᠨ ᠯᠣᠣ᠎ᠳᠤ ᠳ᠋ᠧᠩ᠎ᠤᠨ ᠬᠡᠩᠭᠡᠷᠭᠡ᠎ᠶ᠋ᠢᠨ ᠤᠤᠯ᠎ᠤᠨ ᠠᠢᠵᠠᠮ ᠴᠤᠬᠢᠯᠭ᠎ᠠ᠎ᠶ᠋ᠢ ᠬᠠᠳᠠᠭᠠᠯᠠᠭ᠍ᠰᠠᠨ ᠤᠷᠢᠲᠠᠯ ᠳᠣᠤᠷ᠎ᠠ᠂ ᠤᠷᠠᠯᠢᠭ᠍ᠴᠢᠳ ᠲᠠᠰᠤᠷᠠᠯᠲᠠ ᠥᠬᠡᠶ ᠰᠤᠳᠤᠯᠵᠤ᠂ ᠨᠢᠬᠡᠨ ᠢᠵᠢ ᠥᠪᠡᠷᠮᠢᠴᠡ ᠤᠨᠴᠠᠯᠢᠭ᠎ᠲᠠᠢ ᠲᠡᠯᠡᠳᠬᠦ᠌ ᠤᠷ᠎ᠠ ᠮᠡᠷᠭᠡᠵᠢᠯ᠎ᠢ ᠵᠣᠬᠢᠶᠠᠨ ᠪᠦᠲᠦᠭᠡᠵᠤ᠂ ᠬᠤᠷᠴᠠ ᠲᠣᠳᠣ ᠣᠨᠴᠠᠯᠢᠭ᠎ᠲᠠᠢ ᠬᠡᠩᠬᠡᠷᠬᠡ᠎ᠶ᠋ᠢᠨ ᠲᠠᠭᠤᠨ ᠥᠩᠭᠡ ᠪᠠ ᠠᠢᠵᠠᠮ᠎ᠢ ᠪᠦᠷᠢᠯᠳᠦᠭᠦᠯᠦᠭ᠌ᠰᠡᠨ ᠪᠠᠢᠨ᠎ᠠ᠃

ᠾᠧ ᠺᠸᠤ᠎ᠶ᠋ᠢᠨ ᠯᠣᠣ᠎ᠳᠤ ᠳ᠋ᠧᠩ᠎ᠤᠨ ᠬᠡᠩᠭᠡᠷᠭᠡ᠎ᠶ᠋ᠢᠨ ᠲᠡᠯᠡᠳᠬᠦ᠌ ᠠᠷᠭ᠎ᠠ ᠪᠣᠯ ᠴᠠᠩᠬᠢᠯᠵᠠᠭᠤᠷ ᠬᠦᠭ᠌ᠵᠢᠮᠳᠡᠨ ᠬᠡᠩᠭᠡᠷᠭᠡ ᠳᠡᠯᠡᠳᠬᠦ᠂ ᠴᠠᠩ ᠴᠤᠬᠢᠬᠤ ᠠᠢᠵᠠᠮ ᠪᠤᠯᠤᠨ᠎ᠠ᠃ ᠶᠠᠩ ᠴᠧᠩ᠂ ᠶᠠᠩ ᠽᠢ ᠶᠠᠩ᠎ᠤᠨ ᠨᠠᠢᠷᠠᠭᠤᠯᠤᠨ ᠵᠣᠬᠢᠶᠠᠭ᠍ᠰᠠᠨ 《ᠡᠷᠲᠡᠨ᠎ᠤ ᠪᠠᠯᠭᠠᠰᠤ ᠾᠧ ᠺᠸᠤ》 ᠭᠡᠬᠦ᠌ ᠨᠣᠮ᠎ᠳᠤ᠂ ᠾᠧ ᠺᠸᠤ᠎ᠶ᠋ᠢᠨ ᠯᠣᠣ᠎ᠳᠤ ᠳ᠋ᠧᠩ᠎ᠤᠨ ᠬᠡᠩᠭᠡᠷᠭᠡ᠎ᠨᠢ ᠴᠠᠩᠬᠢᠯᠵᠠᠭᠤᠷ ᠬᠥᠭ᠌ᠵᠢᠮᠳᠡᠬᠦ᠌᠎ᠪᠠᠷ ᠵᠢᠯᠣᠭᠤᠳᠤᠮᠵᠢ ᠪᠣᠯᠭᠠᠵᠤ᠂ ᠪᠦᠬᠦ᠋ᠢᠯᠡ ᠬᠡᠩᠭᠡᠷᠭᠡ᠎ᠶ᠋ᠢᠨ ᠠᠶᠠᠰ᠎ᠤᠨ ᠲᠠᠭᠤᠨ᠎ᠤ ᠥᠨᠳᠥᠷ ᠪᠣᠭᠤᠨᠢ᠂ ᠠᠢᠵᠠᠮ᠎ᠤᠨ ᠠᠯᠭᠤᠷ ᠤᠳᠠᠭᠠᠨ᠂ ᠬᠤᠷᠳᠤᠴᠠ᠎ᠶ᠋ᠢᠨ ᠬᠤᠷᠳᠤᠨ ᠤᠳᠠᠭᠠᠨ᠂ ᠬᠦᠴᠦᠨ᠎ᠤ ᠬᠦᠨᠳᠦ ᠬᠥᠩᠭᠡᠨ ᠵᠡᠷᠭᠡ᠎ᠨᠢ ᠴᠥᠮ ᠲᠡᠯᠡᠳᠬᠦ᠌ ᠬᠦᠮᠦᠨ᠎ᠤ ᠭᠠᠷ᠎ᠢᠶᠠᠷ ᠡᠵᠡᠮᠳᠡᠵᠤ ᠲᠣᠭ᠍ᠳᠠᠭᠠᠨᠠ᠃ ᠴᠠᠩᠬᠢᠯᠵᠠᠭᠤᠷᠴᠢᠨᠤ ᠪᠥᠵᠢᠭ᠌ᠯᠡᠬᠦ᠌ ᠠᠷᠭ᠎ᠠ ᠪᠠᠷᠢᠯ᠎ᠨᠢ ᠬᠤᠷᠴᠠ ᠱᠠᠯᠠᠮᠠᠭᠠᠶ ᠪᠥᠭᠡᠳ ᠬᠤᠪᠢᠷᠠᠯᠲᠠ ᠶᠡᠬᠡᠲᠡᠶ ᠪᠠᠢᠵᠤ᠂ ᠬᠥᠮᠦᠰ᠎ᠤᠨ ᠪᠠᠭ᠍ᠠᠷᠬᠠᠯ᠎ᠢ ᠲᠠᠳᠠᠳᠠᠭ᠃ ᠴᠠᠩᠬᠢᠯᠵᠠᠭᠤᠷᠴᠢᠨᠤ ᠬᠤᠶᠠᠷᠲᠠ᠎ᠬᠢ ᠴᠠᠩᠬᠢᠯᠵᠠᠭᠤᠷ ᠬᠠᠷᠢᠯᠴᠠᠨ ᠮᠦᠷᠬᠦᠯᠳᠦᠵᠤ᠂ ᠲᠡᠭᠡᠷ᠎ᠡ ᠲᠤᠤᠷ᠎ᠡ ᠵᠡᠬᠦᠨ ᠪᠠᠷᠠᠭᠤᠨ᠂ ᠲᠤᠳᠤᠨ᠎ᠠ ᠭᠠᠳᠠᠨ᠎ᠠ ᠲᠠᠯ᠎ᠠ ᠵᠡᠷᠬᠡ ᠠᠳᠠᠯᠢ ᠪᠤᠰᠤ᠎ᠶ᠋ᠢᠨ ᠲᠠᠭᠤᠨ᠎ᠤ ᠴᠠᠷᠠᠭ᠎ᠠ ᠬᠤᠪᠢᠶᠠᠵᠤ᠂ ᠠᠳᠠᠯᠢ ᠪᠤᠰᠤ ᠲᠠᠭᠤᠨ᠎ᠤ ᠴᠠᠷᠠᠭ᠎ᠠ᠎ᠳᠤ ᠲᠣᠰ ᠲᠣᠰ᠎ᠤᠨ ᠬᠦᠭ᠌ᠵᠢᠮᠳᠡᠬᠦ᠌ ᠠᠷᠭ᠎ᠠ ᠮᠡᠷᠭᠡᠵᠢᠯ᠎ᠲᠠᠢ᠂ ᠴᠣᠬᠢᠬᠤ᠂ ᠱᠦᠷᠭᠦᠬᠦ᠂ ᠲᠦᠯᠬᠢᠬᠦ᠂ ᠲᠠᠲᠠᠬᠤ᠂ ᠡᠷᠭᠢᠯᠳᠦᠭᠦᠯᠬᠦ᠌ ᠵᠡᠷᠬᠡ ᠬᠤᠷᠴᠠ ᠱᠠᠯᠠᠮᠠᠭᠠᠶ᠎ᠪᠠᠷ ᠤᠯᠠᠷᠢᠭᠠᠳ ᠢᠷᠡᠬᠦ᠌᠎ᠨᠢ ᠦᠨᠡᠬᠡᠷ ᠭᠠᠢᠬᠠᠯᠳᠠᠢ ᠪᠠᠢᠳᠠᠭ᠃ ᠬᠡᠩᠭᠡᠷᠭᠡ᠎ᠶ᠋ᠢᠨ ᠳᠣᠬᠢᠭᠤᠷᠢ ᠴᠠᠩᠬᠢᠯᠵᠠᠭᠤᠷᠲᠠᠢ ᠨᠢᠭ᠍ᠲᠠ ᠠᠪᠴᠠᠯᠳᠤᠭᠤᠯᠵᠤ᠂ ᠬᠡᠩᠭᠡᠷᠭᠡ᠎ᠶ᠋ᠢᠨ ᠭᠠᠳᠠᠷᠭᠤ᠎ᠶ᠋ᠢᠨ ᠠᠳᠠᠯᠢ ᠪᠤᠰᠤ ᠣᠷᠣᠨ ᠪᠠᠢᠷᠢ᠎ᠳᠤ ᠴᠣᠬᠢᠬᠤ᠂ ᠲᠣᠭ᠍ᠰᠢᠬᠤ᠂ ᠱᠦᠷᠭᠦᠭᠦ᠌᠂ ᠮᠥᠷᠭᠦᠬᠦᠯᠬᠦ᠌ᠳᠤ ᠬᠡᠩᠭᠡᠷᠭᠡ᠎ᠶ᠋ᠢᠨ ᠠᠢᠵᠠᠮ ᠴᠣᠬᠢᠯᠭ᠎ᠠ᠎ᠨᠢ ᠴᠤ᠌ ᠤᠯᠠᠨ ᠶᠠᠩᠵᠤ᠎ᠶ᠋ᠢᠨ᠂ ᠴᠤᠬᠢᠬᠤ ᠠᠷᠭ᠎ᠠ᠎ᠨᠢ ᠴᠦ᠍ ᠣᠯᠠᠨ ᠬᠤᠪᠢᠷᠠᠯᠲᠠ᠎ᠲᠠᠢ ᠪᠠᠢᠳᠠᠭ᠃ ᠴᠠᠩ ᠴᠤᠬᠢᠬᠤ ᠬᠦᠭ᠌ᠵᠢᠮᠴᠢᠨᠠᠴᠠ ᠴᠠᠩᠬᠢᠯᠵᠠᠭᠤᠷ᠂ ᠬᠡᠩᠭᠡᠷᠭᠡ᠎ᠶ᠋ᠢᠨ ᠳᠠᠭᠤᠨ᠎ᠤ ᠴᠠᠷᠠᠭ᠎ᠠ᠎ᠶ᠋ᠢᠨ ᠱᠠᠭᠠᠷᠳᠠᠯᠭ᠎ᠠ᠎ᠶ᠋ᠢ ᠦᠨᠳᠦᠰᠦᠯᠡᠵᠦ᠍᠂ ᠤᠳᠠᠭᠠᠨ ᠪᠤᠶᠤ ᠲᠦᠷᠭᠡᠨ ᠡᠰᠡᠬᠦᠯ᠎ᠡ ᠥᠨᠳᠥᠷ ᠪᠤᠶᠤ ᠳᠣᠣᠷ᠎ᠠ ᠳᠡᠪᠢᠰᠭᠡᠷᠲᠦ ᠴᠣᠬᠢᠯᠭ᠎ᠠ᠎ᠪᠠᠷ ᠲᠣᠭ᠍ᠰᠢᠨᠠ᠃ ᠡᠨᠡ ᠦᠶ᠎ᠠ᠎ᠳᠤ᠂ ᠬᠡᠩᠭᠡᠷᠭᠡ ᠴᠠᠩᠬᠢᠯᠵᠠᠭᠤᠷ ᠴᠠᠩ ᠵᠡᠷᠬᠡ 3 ᠬᠦᠭ᠌ᠵᠢᠮᠳᠡᠬᠦᠷ᠎ᠨᠢ ᠨᠢᠭᠡ ᠴᠣᠭ᠍ᠴᠠ ᠪᠣᠯᠵᠤ᠂ ᠵᠠᠷᠢᠮ᠎ᠳᠠᠭᠠᠨ ᠠᠶᠤᠩᠭ᠎ᠠ ᠨᠢᠵᠢᠭᠢᠨᠡᠬᠦ᠌ ᠮᠡᠲᠦ ᠪᠠᠰᠠ ᠳᠣᠭ᠍ᠰᠢᠨ ᠰᠠᠯᠬᠢ ᠱᠢᠷᠦᠭᠦᠨ ᠪᠣᠷᠣᠭᠠᠨ ᠲᠩᠷᠢ ᠭᠠᠵᠠᠷ᠎ᠢ ᠳᠣᠩᠰᠣᠯᠭᠠᠬᠤ ᠮᠡᠲᠦ ᠰᠣᠨᠣᠰᠳᠠᠵᠤ᠂ ᠵᠠᠷᠢᠮ᠎ᠳᠠᠭᠠᠨ ᠲᠠᠢᠪᠤᠭᠤ ᠨᠠᠮᠤᠭᠤᠬᠠᠨ᠂ ᠠᠶᠠᠷᠬᠠᠨ ᠵᠦᠬᠡᠯᠡᠨ ᠨᠠᠮᠢᠷᠠᠭ᠎ᠠ ᠬᠤᠷ᠎ᠠ ᠮᠡᠲᠦ ᠠᠯᠭᠤᠷ ᠨᠠᠮᠤᠭᠤᠬᠠᠨ ᠶᠤᠮ ᠭᠡᠵᠦ᠍ ᠲᠠᠨᠢᠯᠴᠠᠭᠤᠯᠤᠬ᠍ᠰᠠᠨ ᠪᠠᠢᠳᠠᠭ᠃
《ᠬᠠᠢᠷ᠎ᠠ ᠰᠡᠳᠭᠢᠯᠭᠡ᠎ᠲᠠᠢ ᠤᠴᠢᠷ᠎ᠠᠴᠠ ᠬᠠᠮᠲᠤ᠎ᠪᠠᠷ ᠤᠯᠠᠮᠵᠢᠯᠠᠨ ᠵᠠᠯᠭᠠᠮᠵᠢᠯᠠᠨᠡ》
ᠬᠠᠲᠤᠨ ᠭᠤᠤᠯ᠎ᠤᠨ ᠰᠠᠪᠠ ᠭᠠᠵᠠᠷ᠎ᠤᠨ ᠬᠥᠮᠦᠰ ᠪᠣᠷᠣᠭ᠍ᠵᠢᠭᠤᠨ ᠨᠣᠮᠣᠬᠠᠨ᠂ ᠨᠤᠭᠤᠷᠠᠰᠢ ᠥᠬᠡᠶ ᠬᠠᠳᠠᠨ ᠵᠣᠷᠢᠭᠲᠠᠢ᠂ ᠨᠤᠲᠤᠭ ᠤᠰᠤᠨ᠎ᠳᠠᠭᠠᠨ ᠬᠠᠢᠷᠠᠲᠠᠶ ᠪᠠᠢᠳᠠᠭ᠃ ᠲᠡᠳᠡᠨ᠎ᠤ ᠪᠡᠶ᠎ᠠ ᠲᠠᠬᠡᠷ᠎ᠡ ᠦᠶ᠎ᠡ᠎ᠶ᠋ᠢᠨ ᠦᠶ᠎ᠡ᠎ᠳᠤ᠎ᠨᠢ ᠴᠦᠮ ᠬᠠᠲᠤᠨ ᠭᠤᠤᠯ᠎ᠤᠨ ᠰᠣᠶᠣᠯ ᠪᠠ ᠬᠠᠲᠤᠨ ᠭᠤᠤᠯ᠎ᠤᠨ ᠵᠣᠷᠢᠭ ᠰᠠᠨᠠᠭᠠᠨ᠎ᠤ ᠢᠯᠡ ᠲᠣᠳᠣ ᠢᠮ ᠲᠡᠮᠳᠡᠭ ᠲᠠᠮᠠᠭᠠᠯᠠᠬ᠍ᠳᠠᠵᠤ ᠪᠠᠢᠳᠠᠭ᠂ ᠲᠡᠳᠡᠨ᠎ᠤ ᠴᠢᠰᠦ ᠮᠢᠬᠠᠨ᠎ᠳᠤ ᠤᠤᠯ᠎ᠠᠴᠠ᠎ᠪᠠᠨ ᠪᠠᠢᠳᠠᠭ ᠡᠷᠡᠯᠬᠡᠭ ᠪᠠᠭᠠᠲᠤᠷᠯᠢᠭ᠂ ᠨᠤᠭᠤᠷᠠᠰᠢ ᠥᠬᠡᠶ ᠵᠤᠷᠢᠭ ᠰᠠᠨᠠᠭ᠎ᠠ᠎ᠨᠢ ᠾᠧ ᠺᠸᠤ᠎ᠶ᠋ᠢᠨ ᠯᠣᠣ᠎ᠳᠤ ᠳ᠋ᠧᠩ᠎ᠤᠨ ᠬᠡᠩᠭᠡᠷᠭᠡ ᠳᠡᠭᠡᠷ᠎ᠡ ᠮᠠᠰᠢ ᠰᠠᠢᠨ ᠢᠯᠡᠷᠡᠵᠦ᠍ ᠪᠠᠢᠨ᠎ᠠ᠂ ᠵᠠᠭᠤᠨ ᠵᠢᠯ᠎ᠤᠨ ᠲᠤᠷᠰᠢ᠂ ᠾᠧ ᠺᠸᠤ᠎ᠶ᠋ᠢᠨ ᠯᠣᠣ᠎ᠳᠤ ᠳ᠋ᠧᠩ᠎ᠤᠨ ᠬᠡᠩᠭᠡᠷᠭᠡ᠎ᠨᠢ ᠬᠥᠮᠦᠰ᠎ᠤᠨ ᠲᠤᠮᠳᠠ ᠤᠯᠠᠮᠵᠢᠯᠠᠬ᠍ᠳᠠᠵᠤ ᠤᠯᠠᠮ᠎ᠢᠶᠠᠷ ᠱᠢᠨᠠᠳᠤᠨ ᠠᠮᠢᠵᠢᠷᠠᠯ᠎ᠤᠨ ᠬᠦᠴᠦᠨ᠎ᠢᠶᠠᠷ ᠪᠢᠯᠬᠠᠬ᠍ᠰᠠᠭᠠᠷ᠃
2019 ᠣᠨ᠎ᠳᠤ᠂ ᠮᠠ ᠺᠠᠢ ᠱᠢᠶᠦ᠋ᠩ ᠥᠪᠡᠷ᠎ᠤᠨ ᠵᠣᠭᠤᠰ᠎ᠢᠶᠠᠷ᠎ᠢᠶᠠᠨ ᠲᠣᠭ᠍ᠲᠠᠬᠤ ᠱᠢᠶᠠᠨ᠎ᠤ ᠾᠧ ᠺᠸᠤ᠎ᠶ᠋ᠢᠨ ᠯᠦᠩ ᠲᠧᠩ ᠬᠡᠩᠭᠡᠷᠭᠡ᠎ᠶ᠋ᠢᠨ ᠠᠩᠬᠢ᠎ᠶ᠋ᠢ ᠪᠠᠢᠭᠤᠯᠪᠠ᠂ ᠡᠨᠡ ᠬᠦ᠌ ᠠᠩᠬᠢ᠎ᠶ᠋ᠢᠨ 30 ᠭᠠᠷᠤᠢ ᠬᠥᠮᠦᠨ᠎ᠤ 60% ᠨᠢ ᠴᠦᠮ ᠡᠮᠡᠭ᠌ᠲᠡᠢ ᠪᠣᠯᠤᠨ᠎ᠠ᠃ ᠮᠠ ᠺᠠᠶ ᠱᠢᠶᠦ᠋ᠩ᠄ 《ᠮᠠᠨ᠎ᠤ ᠭᠡᠱᠢᠭᠦᠳ ᠴᠦᠮ ᠯᠤᠤᠲᠤ ᠳ᠋ᠧᠩ᠎ᠤᠨ ᠬᠡᠩᠭᠡᠷᠭᠡ᠎ᠳᠤ ᠬᠠᠢᠷ᠎ᠠ ᠰᠡᠳᠭᠢᠯᠭᠡ᠎ᠲᠠᠢ᠎ᠠᠴᠠ ᠪᠣᠯᠵᠤ ᠨᠢᠬᠡ ᠲᠤᠤᠷ᠎ᠠ ᠬᠠᠮᠳᠤᠳᠠ ᠴᠤᠭ᠍ᠯᠠᠷᠠᠵᠤ᠂ ᠡᠨᠡ ᠬᠦ᠌ ᠰᠣᠶᠣᠯ᠎ᠢ ᠬᠠᠮᠲᠤ᠎ᠪᠠᠷ ᠤᠯᠠᠮᠵᠢᠯᠠᠨ ᠵᠠᠯᠭᠠᠮᠵᠢᠯᠠᠵᠤ ᠪᠠᠢᠭ᠎ᠠ ᠶᠤᠮ᠃ ᠮᠠᠨ᠎ᠤ ᠬᠡᠩᠬᠡᠷᠬᠡ᠎ᠶ᠋ᠢᠨ ᠠᠩᠬᠢ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ᠎ᠤᠨ ᠨᠢᠬᠡ ᠪᠤᠯᠬᠤ ᠾᠧ ᠺᠸᠤ᠎ᠶ᠋ᠢᠨ ᠯᠣᠤ᠎ᠳᠤ ᠳ᠋ᠧᠩ᠎ᠤᠨ ᠬᠡᠩᠭᠡᠷᠭᠡ᠎ᠶ᠋ᠢ ᠤᠯᠠᠮᠵᠢᠯᠠᠨ ᠵᠠᠯᠭᠠᠮᠵᠢᠯᠠᠭ᠍ᠰᠠᠨ᠎ᠢᠶᠠᠷ᠂ ᠤᠯᠠᠨ ᠤᠳᠠᠭ᠎ᠠ ᠬᠥᠬᠡᠬᠤᠲᠠ᠂ ᠲᠣᠭ᠍ᠲᠠᠬᠤ ᠱᠢᠶᠠᠨ᠎ᠤ ᠬᠥᠬᠢᠭᠦᠯᠦᠯ ᠰᠠᠢᠱᠢᠶᠠᠯ᠎ᠢ ᠭᠥᠷᠳᠡᠭ᠌ᠰᠡᠨ ᠪᠠᠢᠨ᠎ᠠ》 ᠭᠡᠵᠦ᠍ ᠲᠠᠨᠢᠯᠴᠠᠭᠤᠯᠵᠤ ᠪᠢᠯᠠ᠃
ᠡᠨᠡ ᠵᠢᠯ 38 ᠨᠠᠰᠤᠲᠠᠶ ᠯᠢᠦ ᠨᠠ ᠪᠣᠯ ᠲᠣᠭ᠍ᠳᠠᠬᠤ ᠱᠢᠶᠠᠨ᠎ᠤ ᠾᠧ ᠺᠸᠦ᠎ᠶ᠋ᠢᠨ ᠯᠦᠩ ᠲᠧᠩ ᠬᠡᠩᠭᠡᠷᠭᠡ᠎ᠶ᠋ᠢᠨ ᠠᠩᠭᠢ᠎ᠶ᠋ᠢᠨ ᠳᠠᠷᠤᠭ᠎ᠠ᠂ ᠮᠥᠨ ᠴᠦ᠍ ᠯᠦᠩ ᠲᠧᠩ ᠬᠡᠩᠭᠡᠷᠭᠡ᠎ᠶ᠋ᠢᠨ ᠠᠩᠭᠢ᠎ᠶ᠋ᠢᠨ ᠠᠩᠬᠠᠳᠠᠭ᠍ᠴᠢ ᠡᠮᠡᠭ᠌ᠲᠡᠶ ᠭᠡᠱᠢᠭᠦᠨ ᠪᠣᠯᠤᠨ᠎ᠠ᠃ ᠯᠢᠦ ᠨᠠᠶ᠋ᠢᠨ ᠨᠤᠲᠤᠭ᠎ᠨᠢ ᠬᠤᠷᠢᠨᠭᠡᠷ᠎ᠲᠤ ᠪᠠᠢᠵᠤ᠂ ᠡᠷ᠎ᠡ ᠨᠥᠬᠦᠷ᠎ᠢᠶᠠᠨ ᠳᠠᠭᠠᠵᠤ ᠲᠣᠭ᠍ᠲᠠᠬᠤ ᠱᠢᠶᠠᠨ᠎ᠳᠤ ᠢᠷᠡᠭᠡᠳ᠂ ᠠᠭᠠᠵᠢᠮ᠎ᠢᠶᠠᠷ ᠾᠧ ᠺᠸᠤ᠎ᠶ᠋ᠢᠨ ᠯᠤᠤᠲᠤ ᠳ᠋ᠧᠩ ᠬᠡᠩᠭᠡᠷᠭᠡ ᠡᠨᠡ ᠬᠦ᠌ ᠠᠷᠠᠳ᠎ᠤᠨ ᠤᠷᠠᠯᠢᠭ᠎ᠲᠤ ᠳᠤᠷ᠎ᠠ ᠪᠠᠭ᠍ᠠᠲᠠᠶ ᠪᠣᠯᠤᠭ᠍ᠰᠠᠨ ᠪᠠᠢᠨ᠎ᠠ᠃ ᠯᠢᠦ ᠨᠠ᠄ 《ᠪᠢ ᠳᠠᠭᠤᠤ ᠳᠠᠭᠤᠯᠠᠵᠤ ᠪᠥᠵᠢᠭ ᠪᠥᠵᠢᠭ᠌ᠯᠡᠬᠦ᠌ ᠳᠤᠷᠠᠲᠠᠶ ᠪᠠᠢᠭ᠍ᠰᠠᠨ᠂ ᠬᠤᠵᠢᠮ᠎ᠨᠢ ᠯᠤᠤᠲᠤ ᠳ᠋ᠧᠩ᠎ᠤᠨ ᠬᠡᠩᠭᠡᠷᠭᠡ᠎ᠨᠢ ᠬᠦᠮᠦᠨ᠎ᠤ ᠪᠡᠶ᠎ᠡ ᠮᠠᠬᠠᠪᠣᠳ᠎ᠢ ᠴᠢᠭᠢᠷᠠᠭ᠍ᠵᠢᠭᠤᠯᠬᠤ ᠮᠥᠷᠲᠡᠭᠡᠨ ᠪᠠᠰᠠ ᠮᠠᠨ᠎ᠤ ᠤᠯᠤᠰ᠎ᠤᠨ ᠤᠯᠠᠮᠵᠢᠯᠠᠯᠲᠤ ᠱᠢᠯᠢᠳᠡᠭ ᠤᠷᠠᠯᠢᠭ᠎ᠤᠨ ᠬᠡᠯᠪᠡᠷᠢ ᠪᠣᠯᠬᠤ᠎ᠶ᠋ᠢ ᠮᠡᠳᠡᠬᠡᠳ ᠨᠡᠩ ᠲᠤᠷ᠎ᠠ ᠪᠠᠬᠠᠲᠠᠢ ᠪᠣᠯᠵᠠᠶ》 ᠭᠡᠵᠦ᠍ ᠶᠠᠷᠢᠵᠤ ᠪᠠᠢᠯ᠎ᠠ᠃
ᠥᠩᠭᠡᠷᠡᠭ᠌ᠰᠡᠨᠤᠬᠢᠲᠠᠢ ᠬᠠᠷᠢᠴᠠᠭᠤᠯᠪᠠᠯ᠂ ᠱᠢᠨ᠎ᠡ ᠴᠠᠭ ᠦᠶ᠎ᠡ᠎ᠳᠤ᠂ ᠯᠤᠤᠲᠤ ᠳ᠋ᠧᠩ᠎ᠤᠨ ᠬᠡᠩᠭᠡᠷᠭᠡ᠎ᠨᠢ ᠨᠢᠭᠡᠨᠲᠡ ᠱᠢᠨ᠎ᠡ ᠠᠭᠤᠯᠤᠭ᠍ᠳᠠᠬᠤᠨ᠎ᠲᠠᠢ ᠪᠣᠯᠵᠣ᠂ ᠬᠥᠮᠦᠰ ᠯᠤᠤᠲᠤ ᠳ᠋ᠧᠩ᠎ᠤᠨ ᠬᠡᠩᠭᠡᠷᠭᠡ᠎ᠪᠠᠷ ᠪᠢᠳᠡᠨ᠎ᠤ ᠥᠨᠥᠳᠦᠷ᠎ᠤᠨ ᠵᠣᠯ ᠵᠢᠷᠭᠠᠯᠲᠤ ᠰᠠᠢᠨ ᠰᠠᠢᠬᠠᠨ ᠱᠢᠨ᠎ᠡ ᠠᠮᠢᠳᠤᠷᠠᠯ᠎ᠢᠶᠠᠨ ᠮᠠᠭ᠍ᠲᠠᠨ ᠳᠠᠭᠤᠯᠠᠵᠦ᠍᠂ ᠯᠤᠤᠲᠤ ᠳ᠋ᠧᠩ᠎ᠤᠨ ᠬᠡᠩᠭᠡᠷᠭᠡ᠎ᠨᠢ ᠭᠠᠵᠠᠷ ᠣᠷᠣᠨ᠎ᠤ ᠨᠢᠭᠡ ᠵᠦᠢᠯ᠎ᠤᠨ ᠰᠣᠶᠣᠯ᠎ᠤᠨ ᠪᠡᠯᠭᠡ ᠲᠡᠮᠳᠡᠭ ᠪᠣᠯᠵᠣ᠂ ᠨᠤᠲᠤᠭ ᠤᠰᠤᠨ᠎ᠤ ᠬᠠᠢᠷ᠎ᠠ ᠪᠠ ᠮᠥᠷᠥᠭᠡᠳᠦᠯ᠎ᠤᠨ ᠲᠤᠬᠠᠢ ᠨᠢᠬᠡ ᠵᠦᠢᠯ᠎ᠤᠨ ᠠᠴᠢᠶᠠᠯᠠᠪᠤᠷᠢ ᠪᠣᠯᠤᠭ᠍ᠰᠠᠨ ᠪᠠᠢᠨ᠎ᠠ᠃
(ᠵᠢᠷᠤᠭ᠎ᠢ ᠲᠣᠭ᠍ᠲᠠᠬᠤ ᠱᠢᠶᠠᠨ᠎ᠤ ᠬᠠᠮ ᠵᠠᠭᠤᠴᠢᠯᠠᠭᠤᠷ᠎ᠤᠨ ᠲᠥᠪ᠎ᠠᠴᠠ ᠬᠠᠩᠭᠠᠪᠠ)