ᠯᠢ ᠢᠦᠶ ᠭᠠᠩ 《ᠴᠤᠭ ᠵᠤᠯᠪᠤᠭᠠᠳᠦ ᠬᠥᠬᠡᠬᠣᠲᠠ》 ᠢ᠋ᠢ ᠨᠠᠢᠷᠠᠭᠤᠯᠤᠨ ᠳᠠᠭᠤᠯᠠᠵᠦ ᠳᠠᠬᠢᠨ ᠱᠢᠩᠭᠡᠭᠡᠨ ᠦᠶ᠋ᠯᠡᠳᠪᠡ
2022-01-16 20:50:44
ᠵᠣᠬᠢᠶᠠᠭ᠍ᠴᠢ᠄
​ᠬᠦᠭᠵᠢᠯᠳᠦ
ᠣᠩᠱᠢᠭ᠍ᠰᠠᠨ ᠣᠳᠠᠭ᠎ᠠ᠄
★★★☆☆

ᠤᠢᠷ᠎ᠠ ᠳ᠋ᠤ᠂ ᠬᠥᠬᠡᠬᠣᠲᠠ᠎ᠶ᠋ᠢᠨ ᠰᠣᠶᠣᠯ ᠵᠢᠭᠤᠯᠴᠢᠯᠠᠯ ᠤ᠋ᠨ ᠪᠠᠯᠠ ᠣᠷᠣᠭᠤᠯᠤᠯᠲᠠ ᠢ᠋ᠢᠨ ᠪᠦᠯᠦᠭ᠌ᠯᠡᠯ ᠤ᠋ᠨ ᠬᠢᠨ᠎ᠯᠢ ᠢᠦᠶ ᠭᠠᠩ᠎ᠢ ᠤᠷᠢᠵᠦ᠂ ᠳᠠᠭᠤᠤ ᠬᠥᠭ᠌ᠵᠢᠮ᠎ᠦᠨ ᠪᠦᠲᠦᠭᠡᠯ《ᠴᠤᠭ ᠵᠤᠯᠪᠤᠭᠠᠳᠦ ᠬᠥᠬᠡᠬᠣᠲᠠ》 ᠵᠢ ᠳᠠᠬᠢᠨ ᠱᠢᠩᠭᠡᠭᠡᠨ ᠦᠶ᠋ᠯᠡᠳᠴᠤ᠂ ᠪᠣᠰᠣᠭ᠎ᠠ ᠴᠣᠭ᠍ᠴᠠᠲᠤ ᠨᠡᠷ᠎ᠡ ᠢ᠋ᠢᠨ ᠬᠠᠭᠤᠳᠠᠰᠤ ᠪᠡᠷ ᠬᠥᠬᠡᠬᠣᠲᠠ ᠵᠢᠨ ᠰᠣᠶᠣᠯ ᠵᠢᠭᠤᠯᠴᠢᠯᠠᠯ ᠤ᠋ᠨ ᠬᠥᠭ᠌ᠵᠢᠯᠲᠡ ᠳ᠋ᠤ ᠬᠥᠳᠡᠯᠭᠡᠬᠦ᠌ ᠬᠦᠴᠦᠨ ᠨᠡᠮᠡᠷᠢᠯᠡᠬᠦ᠌᠎ᠶ᠋ᠢ ᠵᠤᠷᠢᠵᠠᠢ ᠃

《ᠴᠤᠭ ᠵᠤᠯᠪᠤᠭᠠᠳᠦ ᠬᠦᠬᠡᠬᠤᠲᠠ》 ᠨᠢ ᠲᠤᠮᠳᠠᠳᠦ ᠤᠯᠤᠰ ᠤ᠋ᠨ ᠬᠡᠪ ᠨᠠᠮᠪᠠ ᠪᠡᠷ ᠬᠥᠬᠡᠬᠣᠲᠠ ᠵᠢᠨ ᠦᠵᠡᠰᠭᠦᠯᠡᠩᠲᠦ ᠰᠠᠢᠬᠠᠨ ᠪᠠᠢᠭᠠᠯᠢ᠂ ᠬᠣᠲᠠ ᠵᠢᠨ ᠥᠩᠭᠡ ᠦᠵᠡᠮᠵᠢ ᠂ ᠭᠦᠨ ᠵᠤᠵᠠᠭᠠᠨ ᠲᠡᠦᠬᠡ ᠵᠢᠨ ᠠᠭᠤᠯᠤᠭ᠍ᠳᠠᠬᠤᠨ ᠵᠢᠴᠢ ᠠᠷᠠᠳ ᠲᠦᠮᠡᠨ᠎ᠦ ᠵᠣᠯ ᠵᠢᠷᠭᠠᠯᠲᠤ ᠠᠮᠢᠳᠤᠷᠠᠯ᠎ᠢ ᠳᠡᠯᠭᠡᠨ ᠦᠵᠡᠭᠦᠯᠪᠠ᠃ ᠯᠢ ᠢᠦᠶ ᠭᠠᠩ MV ᠪᠦᠲᠦᠭᠡᠯ ᠤ᠋ᠨ ᠳᠠᠬᠢᠨ ᠨᠠᠢᠷᠠᠭᠤᠯᠤᠨ ᠳᠠᠭᠤᠯᠠᠵᠦ ᠰᠡᠭᠦᠳᠡᠷᠯᠡᠬᠦ᠌ ᠠᠵᠢᠯ᠎ᠳᠦ ᠣᠷᠣᠯᠴᠠᠵᠤ᠂ ᠦᠵᠡᠰᠭᠦᠯᠡᠩᠲᠦ ᠰᠠᠢᠬᠠᠨ ᠬᠥᠬᠡᠬᠣᠲᠠ ᠵᠢᠨ 《ᠦᠩᠬᠡᠷᠡᠭᠰᠡᠨ ᠲᠡᠤᠬᠡ ᠪᠠ ᠣᠲᠣ ᠦᠶ᠎ᠡ ᠢ᠋ᠢ ᠤᠶᠠᠯᠳᠤᠭᠤᠯᠤᠭᠰᠠᠨ᠂ ᠤᠯᠠᠮᠵᠢᠯᠠᠯ ᠪᠠ ᠤᠷᠤᠰᠬᠠᠯ᠎ᠢ ᠠᠭᠤᠰᠤᠯᠴᠠᠭᠤᠯᠤᠭᠰᠠᠨ》ᠣᠨᠴᠠᠯᠢᠭ᠎ᠢ ᠭᠦᠶ᠋ᠴᠡᠳ ᠢᠯᠡᠷᠡᠭᠦᠯᠵᠡᠢ ᠃

ᠣᠢᠯᠠᠭᠠᠭ᠍ᠰᠠᠨ᠎ᠢᠶᠠᠷ ᠂ ᠯᠢ ᠢᠦᠶ ᠭᠠᠩ ᠣᠷᠳᠣ ᠬᠤᠭᠤᠴᠠᠭᠠᠨ ᠎ᠤ ᠲᠤᠷᠰᠢ ᠳᠤᠮᠳᠠᠳᠤ ᠵᠢᠨ ᠦᠨᠳᠦᠰᠦᠲᠡᠨ᠎ᠦ ᠱᠢᠯᠢᠳᠡᠭ ᠰᠣᠶᠣᠯ᠎ᠢ ᠠᠭᠤᠳᠠᠯᠤᠨ ᠬᠦᠭᠵᠢᠬᠦᠯᠬᠦ ᠪᠠ ᠤᠯᠠᠮᠵᠢᠯᠠᠨ ᠳᠡᠯᠭᠡᠷᠡᠭᠦᠯᠬᠦ᠌ ᠢ᠋ᠢᠨ ᠲᠥᠯᠥᠭᠡ ᠴᠢᠷᠮᠠᠢᠭ᠍ᠰᠠᠭᠠᠷ ᠢᠷᠡᠪᠠ᠃ ᠲᠡᠷᠡ ᠪᠡᠷ ᠥᠪᠥᠷ ᠮᠣᠩᠭᠣᠯ ᠪᠠ ᠬᠥᠬᠡᠬᠣᠲᠠ ᠳ᠋ᠤ ᠭᠦᠨ ᠵᠤᠵᠠᠭᠠᠨ ᠬᠠᠢᠷ᠎ᠠ ᠰᠡᠳᠭᠢᠯᠭᠡ᠎ᠲᠡᠶ ᠪᠠᠢᠵᠤ᠂ ᠦᠵᠡᠭ᠌ᠴᠢᠳ᠎ᠦᠨ ᠴᠡᠭᠡᠵᠢᠨ ᠳ᠋ᠤ ᠬᠠᠳᠠᠩᠱᠢᠭ᠍ᠰᠠᠨ《ᠲᠩᠷᠢᠯᠢᠭ ᠦᠵᠡᠰᠬᠦᠯᠡᠩ》᠂ 《ᠱᠢᠨ᠎ᠡ ᠬᠠᠳᠤᠨ ᠰᠠᠷᠬᠤᠳ ᠵᠤᠭᠤᠭᠯᠠᠭᠰᠠᠨ ᠨᠢ》᠂ 《ᠪᠠᠳᠮ᠎ᠠ》ᠵᠡᠷᠬᠡ ᠪᠦᠳᠦᠬᠡᠯ ᠲᠠᠢ ᠶᠤᠮ᠃ ᠢᠯᠠᠩᠭᠤᠶ᠎ᠠ ᠲᠡᠭᠦᠨ᠎ᠦ ᠤᠢ᠍ᠢᠷ᠎ᠠ᠎ᠳᠤ ᠭᠠᠷᠭᠠᠭ᠍ᠰᠠᠨ ᠰᠢᠨ᠎ᠠ ᠲᠠᠭᠤᠤ 《ᠦᠯᠵᠡᠢ ᠬᠤᠳᠤᠭ ᠡᠬᠦᠷᠢᠳᠡ ᠤᠷᠤᠰᠢᠬᠤ》ᠨᠢ ᠰᠦᠯᠵᠢᠶᠡᠨ ᠳᠡᠭᠡᠷ᠎ᠡ ᠨᠡᠪᠳᠡᠷᠡᠬᠦᠯᠦᠭᠰᠡᠨ ᠲᠤᠭ᠎ᠠ ᠪᠡᠷ 200 ᠳ᠋ᠦᠩᠱᠢᠭᠤᠷ᠎ᠢ ᠳᠠᠪᠠᠵᠤ᠂ 《ᠠᠷᠠᠳ ᠤ᠋ᠨ ᠡᠳᠦᠷ᠎ᠦᠨ ᠰᠣᠨᠢᠨ》ᠳ᠋ᠤ ᠨᠡᠷ᠎ᠡ ᠨᠢᠳᠡᠷ᠎ᠲᠡᠬᠡᠨ ᠨᠡᠢᠴᠡᠭ᠌ᠰᠡᠨ《ᠤᠯᠤᠰ ᠤ᠋ᠨ ᠢᠷᠭᠡᠳ᠎ᠦᠨ ᠳᠠᠭᠤᠤ》 ᠬᠡᠮᠡᠭ᠌ᠳᠡᠭ᠌ᠰᠡᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号