ᠤᠢᠷᠠᠳᠦ ᠂ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯᠤᠨ ᠨᠡᠢᠭᠡᠮᠯᠢᠭ ᠡᠴᠡ ᠭᠤᠤᠯᠯᠠᠨ ᠡᠷᠬᠢᠯᠡᠭᠰᠡᠨ《ᠪᠤᠷᠤᠭᠠᠨᠲᠤ ᠤᠢ ᠵᠢᠨ ᠨᠢᠭᠤᠴᠠ ᠵᠢ ᠬᠠᠢᠵᠤ ᠬᠠᠯᠠᠭᠤᠨ ᠪᠦᠰᠡᠨ ᠤ ᠠᠮᠢᠳᠠᠳᠤᠨ ᠶᠢᠷᠲᠢᠨᠴᠦ ᠪᠡᠷ ᠠᠶᠠᠯᠠᠬᠤᠢ》ᠭᠤᠤᠯ ᠰᠡᠳᠦᠪᠲᠦ ᠦᠵᠡᠭᠦᠯᠭᠡ ᠦᠪᠦᠷ ᠮᠤᠩᠭᠤᠯᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯᠤᠨ ᠤᠷᠳᠤᠨ ᠳ᠋ᠤ ᠦᠵᠡᠭᠴᠢᠳ ᠤᠯᠠᠨ ᠲᠠᠢ ᠵᠤᠯᠭᠠᠵᠤ ᠬᠦᠷ ᠬᠦᠭᠵᠢᠶᠡᠨ ᠲᠡᠢ ᠶᠠᠪᠤᠭᠳᠠᠵᠤ ᠪᠤᠢ᠃
ᠦᠵᠡᠭᠦᠯᠭᠡ ᠨᠢ 1000 ᠲᠡᠭᠰᠢ ᠳᠦᠷᠪᠡᠯᠵᠢᠨ ᠮᠧᠲᠷᠤᠨ ᠲᠠᠯᠠᠪᠠᠢ ᠡᠵᠡᠯᠡᠵᠦ᠂ ᠮᠠᠨ ᠤ ᠤᠷᠤᠨᠤ ᠬᠤᠷ᠎ᠠ ᠪᠤᠷᠤᠭᠠᠨ ᠴᠦᠬᠡᠨ᠂ ᠠᠭᠤᠷ ᠠᠮᠢᠰᠬᠤᠯ ᠭᠠᠩ ᠬᠠᠭᠤᠷᠠᠢ᠂ ᠤᠯᠠᠨ ᠲᠦᠮᠡᠨ ᠬᠠᠯᠠᠭᠤᠨ ᠪᠦᠰᠡᠨ ᠤ ᠠᠮᠢᠲᠠᠨ ᠤᠷᠭᠤᠮᠠᠯᠤᠨ ᠲᠤᠬᠠᠢ ᠲᠠᠨᠢᠯᠲᠠ ᠬᠠᠷᠠᠬᠠᠨ ᠳᠤᠲᠠᠮᠠᠭ ᠪᠠᠢᠭ᠎ᠠ ᠪᠠᠢᠳᠠᠯ ᠳ᠋ᠤ ᠴᠢᠭᠯᠡᠬᠦᠯᠦᠨ᠂ ᠪᠤᠷᠤᠭᠠᠨᠲᠤ ᠤᠢ᠂ ᠡᠯᠡᠰᠦᠨ ᠴᠦᠯ᠂ ᠭᠤᠤᠯ ᠭᠤᠷᠤᠬ᠎ᠠ ᠵᠢᠨ ᠭᠤᠤᠯ ᠰᠡᠳᠦᠪᠲᠦ ᠦᠵᠡᠭᠦᠯᠭᠡ ᠵᠢᠨ ᠲᠤᠭᠤᠷᠢᠭ ᠪᠠ ᠬᠠᠷᠢᠯᠴᠠᠨ ᠦᠢᠯᠡᠳᠦᠯᠴᠡᠬᠦ ᠲᠤᠭᠤᠷᠢᠭ ᠵᠡᠷᠭᠡ 4 ᠶᠡᠬᠡ ᠦᠵᠡᠭᠦᠯᠭᠡ ᠵᠢᠨ ᠲᠤᠭᠤᠷᠢᠭ ᠲᠤᠬᠢᠷᠠᠭᠤᠯᠵᠤ᠂ ᠬᠠᠯᠠᠭᠤᠨ ᠪᠦᠰᠡ᠂ ᠳᠡᠳ᠋ ᠬᠠᠯᠠᠭᠤᠨ ᠪᠦᠰᠡ᠂ ᠡᠯᠡᠰᠦᠨ ᠴᠥᠯᠦᠨ ᠪᠠᠢᠭᠠᠯᠢ ᠶ᠋ᠢᠨ ᠠᠭᠤᠷ ᠠᠮᠢᠰᠭᠤᠯ ᠤᠨ ᠣᠷᠴᠢᠨ ᠲᠣᠭᠣᠷᠢᠨ ᠦᠩᠭᠡ ᠦᠵᠡᠮᠵᠢ ᠵᠢ ᠳᠡᠯᠭᠡᠨ ᠦᠵᠡᠭᠦᠯᠵᠦ ᠪᠤᠢ᠃ 40 ᠭᠠᠷᠤᠢ ᠵᠦᠢᠯᠤᠨ ᠬᠠᠯᠠᠭᠤᠨ ᠪᠦᠰᠡᠨᠤ ᠬᠠᠴᠢᠨ ᠭᠠᠢᠬᠠᠯᠲᠠᠢ ᠠᠮᠢᠲᠠᠨ ᠪᠠ 1200 ᠭᠠᠷᠤᠢ ᠰᠠᠭᠤᠷᠢ ᠪᠤᠷᠤᠭᠠᠨᠲᠤ ᠤᠢ ᠵᠢᠨ ᠤᠷᠭᠤᠮᠠᠯ ᠨᠢ ᠦᠵᠡᠭᠴᠢᠳ ᠤᠯᠠᠨ ᠳ᠋ᠤ ᠪᠤᠷᠤᠭᠠᠨᠲᠤ ᠤᠢ ᠵᠢᠨ ᠬᠢᠵᠠᠭᠠᠯᠠᠰᠢ ᠦᠭᠡᠢ ᠷᠢᠳᠢ ᠰᠢᠳᠢ ᠵᠢ ᠰᠤᠨᠢᠷᠬᠠᠭᠤᠯᠬᠤ ᠵᠢᠨ ᠤᠯᠠᠮ ᠵᠢᠡᠷ ᠡᠬᠡ ᠪᠠᠢᠭᠠᠯᠢ ᠲᠠᠢ ᠤᠢᠷᠠᠲᠤᠨ᠂ ᠡᠬᠡ ᠪᠠᠢᠭᠠᠯᠢ ᠵᠢ ᠭᠦᠨᠵᠡᠭᠡᠢ ᠤᠢᠯᠠᠭᠠᠬᠤ ᠲᠠᠪᠴᠠᠩ ᠬᠠᠩᠭᠠᠵᠤ᠂ ᠡᠬᠡ ᠪᠠᠢᠭᠠᠯᠢ ᠪᠠᠨ ᠨᠡᠩ ᠢᠯᠡᠭᠦᠦ ᠬᠢᠮᠠᠭᠠᠳᠠᠨ ᠬᠠᠢᠷᠠᠯᠠᠬᠤ ᠵᠢ ᠰᠠᠨᠠᠭᠠᠴᠢᠯᠠᠪᠠ᠃
ᠦᠵᠡᠭᠦᠯᠭᠡ ᠳ᠋ᠦ ᠪᠠᠰᠠ 《ᠨᠤᠶᠠᠨ ᠠᠪᠠᠷᠢᠭᠴᠢ》᠂ 《ᠬᠠᠴᠢᠨ ᠭᠦᠷᠪᠡᠯ》᠂ 《ᠭᠠᠷᠮᠠᠭᠠᠢ ᠮᠦᠯᠬᠦᠭᠴᠢ》᠂ 《ᠠᠪᠤᠷᠭᠤ ᠬᠦᠴᠦᠲᠡᠨ》ᠵᠡᠷᠭᠡ 4 ᠲᠦᠷᠦᠯᠤᠨ ᠰᠢᠨᠵᠢᠯᠡᠬᠦ ᠤᠬᠠᠭᠠᠨᠤ ᠪᠡᠶᠡᠴᠢᠯᠡᠨ ᠤᠢᠯᠠᠭᠠᠬᠤ ᠬᠢᠴᠢᠶᠡᠯ ᠲᠤᠬᠢᠷᠠᠭᠤᠯᠵᠤ᠂ ᠪᠠᠭᠰᠢ ᠨᠠᠷᠤᠨ ᠨᠠᠷᠢᠨ ᠨᠢᠮᠪᠠᠢ ᠲᠠᠢᠯᠪᠤᠷᠢᠯᠠᠯᠲᠠ ᠪᠠ ᠰᠤᠨᠢᠷᠬᠠᠯᠲᠠᠢ ᠲᠤᠷᠰᠢᠯᠲᠠ ᠪᠡᠷ ᠳᠠᠮᠵᠢᠭᠤᠯᠤᠨ ᠰᠤᠷᠤᠭᠴᠢᠳᠢ ᠬᠦᠳᠦᠯᠦᠨ ᠳᠠᠭᠠᠭᠤᠯᠵᠤ ᠪᠠᠢᠭᠠᠯᠢ ᠵᠢᠨ ᠨᠢᠭᠤᠴᠠ ᠵᠢ ᠬᠠᠢᠵᠤ᠂ ᠨᠡᠢᠭᠡᠮᠤᠨ ᠤᠯᠠᠨ ᠨᠡᠢᠲᠡ ᠳ᠋ᠤ ᠰᠢᠨᠵᠢᠯᠡᠬᠦ ᠤᠬᠠᠭᠠᠨᠤ ᠮᠡᠳᠡᠯᠭᠡ ᠵᠢ ᠲᠦᠭᠡᠮᠡᠯᠵᠢᠭᠦᠯᠵᠦ ᠪᠤᠢ᠃
ᠦᠵᠡᠭᠦᠯᠭᠡ 2022 ᠤᠨᠤ 3 ᠰᠠᠷ᠎ᠠ ᠵᠢᠨ 1ᠤ᠋ ᠡᠳᠦᠷ ᠪᠤᠯᠲᠠᠯ᠎ᠠ ᠶᠠᠪᠤᠭᠳᠠᠨ᠎ᠠ᠃