ᠲᠡᠮᠡᠬᠡᠴᠢᠨ ᠵᠠᠯᠠᠭᠤ ᠭᠠᠷ ᠤᠷᠠᠯᠢᠬᠴᠢᠨ ᠪᠤᠯᠵᠤ 《ᠲᠡᠮᠡᠬᠡᠨ ᠰᠦᠷᠦᠭ》 ᠵᠢᠠᠨ ᠬᠤᠳᠠ ᠳ᠋ᠤ ᠨᠡᠬᠦᠯᠬᠡᠪᠠ
2022-01-24 10:01:57
ᠵᠣᠬᠢᠶᠠᠭ᠍ᠴᠢ᠄
ᠰᠡᠴᠡᠨᠪᠠᠳᠤ
ᠣᠩᠱᠢᠭ᠍ᠰᠠᠨ ᠣᠳᠠᠭ᠎ᠠ᠄
★★★☆☆

ᠲᠡᠨᠢᠬᠡᠷ ᠭᠤᠪᠢ ᠵᠢᠨ ᠲᠡᠮᠡᠬᠡ ᠮᠠᠯᠵᠢᠯ᠎ᠤᠨ ᠵᠠᠩ ᠦᠢᠯᠡ ᠰᠤᠶᠤᠯ᠎ᠢ ᠦᠪᠯᠡᠨ ᠤᠯᠠᠮᠵᠢᠯᠠᠵᠤ᠂ ᠤᠷᠠᠯᠢᠭ᠎ᠤᠨ ᠰᠤᠳᠤᠨ ᠰᠠᠢᠬᠠᠨ ᠪᠦᠳᠦᠬᠡᠯ ᠪᠤᠯᠭᠠᠵᠤ᠂ ᠬᠦᠮᠦᠰ᠎ᠤᠨ ᠬᠠᠷᠠᠭᠠᠨ ᠳ᠋ᠤ ᠲᠡᠯᠬᠡᠨ ᠰᠤᠨᠢᠷᠬᠠᠭᠤᠯᠵᠤ᠂ ᠦᠯᠡᠳᠡᠬᠡᠨ ᠬᠠᠳᠠᠭᠠᠯᠠᠬᠤ ᠵᠤᠷᠢᠯᠭ᠎ᠠ ᠪᠠᠷ ᠲᠡᠮᠡᠬᠡᠴᠢᠨ ᠵᠠᠯᠠᠭᠤ ᠡᠩᠬᠡ ᠪᠠᠶᠠᠨᠬᠤᠳᠠ ᠳ᠋ᠤ ᠲᠡᠮᠡᠬᠡᠨ ᠱᠤᠭᠤᠮᠠᠯ ᠵᠢᠠᠷ ᠠᠮᠢᠳᠤᠷᠠᠯ ᠦᠢᠯᠡᠰ ᠵᠢᠠᠨ ᠴᠤᠭᠴᠠᠯᠠᠵᠤ᠂ ᠲᠡᠮᠡᠬᠡᠨ ᠰᠦᠷᠦᠭ ᠵᠢᠠᠨ ᠬᠠᠩᠭᠠᠢ ᠠᠭᠤᠳᠠᠮ ᠭᠤᠪᠢ ᠨᠤᠳᠤᠭ ᠡᠴᠠ ᠪᠠᠨ ᠬᠤᠳᠠ ᠵᠢᠨ ᠵᠠᠬ᠎ᠠ ᠳ᠋ᠤ 《ᠨᠡᠬᠦᠳᠡᠯᠯᠡᠬᠦᠯᠵᠤ》᠂ ᠬᠤᠯᠠ ᠵᠢ ᠵᠤᠷᠢᠬᠰᠠᠠ ᠶᠡᠬᠡ ᠤᠬᠠᠭᠠᠨ ᠵᠢᠠᠷ ᠵᠢᠠᠨ ᠬᠤᠳᠠᠯᠠ ᠲᠦᠮᠡᠨ᠎ᠤ ᠪᠠᠬᠠᠷᠬᠠᠯ᠎ᠢ ᠲᠠᠳᠠᠭᠰᠠᠠ ᠬᠠᠮᠤᠭ᠎ᠢ ᠤᠯᠠᠨ ᠲᠡᠮᠡᠬᠡ ᠲᠡᠢ ᠠᠷᠠᠳ᠎ᠤᠨ ᠤᠷᠠᠯᠢᠬᠴᠢᠨ ᠪᠤᠯᠵᠤ᠂《ᠲᠤᠮᠳᠠᠳᠤ ᠤᠯᠤᠰ ᠎ᠤᠨ ᠲᠡᠮᠡᠬᠡᠳᠤ ᠨᠤᠳᠤᠭ》 ᠠᠯᠠᠱᠠ ᠵᠢ ᠠᠯᠳᠠᠷᠰᠢᠭᠤᠯᠵᠤ ᠶᠠᠪᠤᠨ᠎ᠠ᠃


QQ截图20220124095246.jpg   

ᠭᠤᠪᠢ ᠵᠢᠨ ᠤᠯᠠᠭᠠᠨ ᠲᠡᠮᠡᠬᠡ ᠪᠠᠷ ᠠᠯᠳᠠᠷᠰᠢᠭᠰᠠᠠ ᠪᠠᠶᠠᠠᠨᠠᠭᠤᠷ ᠬᠤᠳᠠ ᠵᠢᠨ ᠤᠷᠠᠳ᠎ᠤᠨ ᠬᠤᠢᠳᠤ ᠬᠤᠰᠢᠭᠤ ᠪᠠᠷ ᠨᠤᠳᠤᠭᠳᠠᠢ ᠲᠡᠮᠡᠬᠡᠴᠢᠨ᠂ ᠠᠷᠠᠳ᠎ᠤᠨ ᠭᠠᠷ ᠤᠷᠠᠯᠢᠬᠴᠢᠨ ᠡᠩᠬᠡ 14 ᠨᠠᠰᠤᠲᠡᠢ ᠡᠴᠠ ᠪᠠᠨ ᠭᠤᠪᠢ᠂ ᠲᠡᠮᠡᠬᠡ᠂ ᠨᠤᠳᠤᠭ ᠭᠤᠷᠪᠠ ᠡᠴᠠ ᠢᠳᠡᠬᠡᠯ᠎ᠤᠨ ᠡᠷᠴᠢ ᠠᠪᠴᠤ᠂ ᠨᠤᠳᠤᠭ᠎ᠤᠨ ᠤᠯᠠᠭᠠᠨ ᠰᠢᠪᠠᠷ ᠵᠢᠠᠷ ᠲᠡᠮᠡᠬᠡ ᠱᠤᠭᠤᠬᠤ ᠲᠤᠷ᠎ᠠ ᠲᠡᠢ ᠰᠠᠢᠬᠠᠨ ᠦᠢᠯᠡᠰ ᠵᠢᠠᠨ ᠡᠬᠢᠯᠡᠬᠦᠯᠦᠭᠰᠡᠡ ᠡᠴᠠ ᠦᠨᠦ ᠪᠤᠯᠬᠤ ᠳ᠋ᠤ ᠨᠢᠬᠡᠨᠳᠠ 23 ᠵᠢᠯ ᠪᠤᠯᠵᠤ᠂ 2014 ᠤᠨ ᠳ᠋ᠤ ᠤᠷᠠᠳ᠎ᠤᠨ ᠭᠤᠪᠢ ᠡᠴᠠ ᠤᠯᠠᠭᠠᠨ ᠲᠡᠮᠡᠬᠡᠨ᠎ᠤ ᠠᠶᠠᠨ ᠵᠢᠠᠷ ᠠᠯᠠᠱᠠ ᠳ᠋ᠤ ᠢᠷᠡᠵᠤ᠂ ᠤᠳᠤ ᠪᠠᠶᠨᠨᠬᠤᠳᠠ ᠵᠢᠨ ᠪᠡᠶ᠎ᠠ ᠵᠢᠨ ᠲᠠᠮᠢᠷ᠎ᠤᠨ ᠲᠠᠯᠠᠪᠠᠢ ᠵᠢ ᠲᠤᠭᠤᠷᠢᠬᠰᠠᠠ ᠬᠤᠳᠠᠯᠳᠤᠭᠠᠨ᠎ᠤ ᠫᠦᠰᠠ ᠳ᠋ᠤ ᠲᠡᠮᠡᠬᠡᠨ ᠱᠤᠭᠤᠮᠠᠯ᠎ᠤᠨ ᠠᠵᠢᠯᠯᠠᠬᠤ ᠦᠷᠦᠬᠡ ᠭᠠᠷᠭᠠᠵᠤ᠂ ᠲᠡᠮᠡᠬᠡ ᠮᠠᠯᠵᠢᠯ᠎ᠤᠨ ᠵᠠᠩ ᠦᠢᠯᠡ᠂ ᠰᠤᠶᠤᠯ᠎ᠤᠨ ᠦᠨᠢᠷ ᠵᠤᠵᠠᠭᠠᠨ ᠠᠮᠢᠳᠤᠷᠠᠯ᠎ᠢ ᠱᠤᠭᠤᠵᠤ ᠦᠯᠡᠳᠡᠬᠡᠬᠦ ᠬᠡᠮᠡᠨ ᠠᠵᠢᠯᠯᠠᠵᠤ ᠠᠮᠢᠳᠤᠷᠠᠭᠠᠳ ᠶᠢᠰᠦᠳᠡᠬᠢ ᠵᠢᠯ᠎ᠤᠨ ᠨᠢᠭᠤᠷ ᠦᠵᠡᠵᠤ ᠪᠠᠢᠨ᠎ᠠ᠃ ᠲᠡᠬᠦᠨ᠎ᠤ ᠠᠵᠢᠯᠯᠠᠬᠤ ᠦᠷᠦᠬᠡ ᠳ᠋ᠤ ᠰᠦᠷᠦᠭ ᠵᠢᠠᠨ ᠬᠤᠷᠢᠶᠠᠭᠰᠠᠠ ᠰᠦᠷᠯᠢᠭ ᠪᠤᠤᠷ᠎ᠠ᠂ ᠤᠶᠠᠯᠭ᠎ᠠ ᠰᠤᠢᠭᠰᠠᠠ ᠤᠨᠤᠭᠠᠨ᠎ᠤ ᠰᠠᠢᠨ ᠠᠳᠠ᠂ ᠪᠤᠳᠤᠭᠤ ᠪᠠᠨ ᠲᠠᠭᠠᠭᠤᠯᠤᠭᠰᠠᠠ ᠪᠤᠷᠤ ᠢᠩᠬᠡ᠂ ᠪᠠᠶᠠᠨ ᠰᠦᠷᠦᠭ ᠵᠢᠠᠨ ᠲᠤᠷᠠᠨᠳᠠᠭᠰᠠᠠ ᠲᠡᠮᠡᠬᠡᠴᠢᠨ᠂ ᠪᠠᠷᠢᠶᠠᠨ᠎ᠤ ᠭᠠᠵᠠᠷ ᠵᠦᠭ ᠲᠤᠪᠳᠤᠯᠤᠭᠰᠠᠠ ᠤᠷᠤᠯᠳᠤᠭᠠᠨ ᠎ᠤ ᠲᠡᠮᠡᠬᠡᠳ᠂ ᠠᠯᠤᠰ᠎ᠢ ᠵᠤᠷᠢᠬᠤ ᠠᠶᠠᠨ᠎ᠤ ᠴᠤᠪᠤᠭ᠎ᠠ ᠬᠡᠳ ᠲᠡᠮᠡᠬᠡᠨ ᠱᠤᠭᠤᠮᠠᠯ᠎ᠤᠨ ᠤᠯᠠᠨ ᠰᠠᠢᠬᠠᠨ ᠪᠦᠳᠦᠬᠡᠯ᠎ᠤᠳ ᠨᠢ ᠡᠩᠬᠡ ᠵᠢᠨ ᠪᠢᠯᠢᠭ ᠤᠬᠠᠭᠠᠨ᠂ ᠵᠢᠳᠬᠦᠯ ᠴᠢᠷᠮᠠᠢᠯᠭ᠎ᠠ᠂ ᠤᠷ᠎ᠠ ᠠᠪᠢᠶᠠᠰ᠎ᠢ ᠪᠠᠳᠠᠷᠠᠭᠠᠭᠰᠠᠠ《ᠲᠡᠮᠡᠬᠡ》ᠲᠡᠢ ᠦᠢᠯᠡᠰ᠎ᠤᠨ ᠴᠢᠮᠡᠭ ᠪᠤᠯᠵᠤ᠂ ᠲᠡᠮᠡᠬᠡᠴᠢᠨ ᠬᠦᠮᠦᠨ᠎ᠤ ᠠᠮᠢᠳᠤᠷᠠᠯ ᠦᠢᠯᠡᠰ ᠡᠢᠨ ᠬᠦ᠌ ᠤᠷᠠᠯᠢᠬᠴᠢᠨ ᠬᠦᠮᠦᠨ᠎ᠤ ᠤᠷᠠᠨ ᠭᠠᠷ᠎ᠤᠨ ᠡᠷᠳᠡᠮ ᠵᠢᠠᠷ ᠪᠦᠳᠦᠬᠡᠯ ᠪᠤᠯᠵᠤ ᠲᠡᠯᠬᠡᠭᠳᠡᠨ᠎ᠠ᠃

《ᠲᠡᠮᠡᠬᠡᠨ ᠳ᠋ᠤ ᠤᠨᠴᠠ ᠵᠢᠨ ᠬᠠᠢᠷᠠᠳᠠᠢ ᠡᠴᠠ ᠮᠢᠨᠤ ᠦᠢᠯᠡᠰ ᠲᠡᠮᠡᠬᠡ ᠪᠠᠷ ᠰᠡᠳᠦᠪ ᠠᠪᠤᠭᠰᠠᠠ ᠨᠢ ᠦᠨᠡᠨ ᠶᠤᠮ᠂ ᠮᠠᠨ᠎ᠤ ᠳ᠋ᠤ ᠲᠡᠮᠡᠬᠡ ᠲᠡᠢ ᠪᠠᠢᠬᠰᠠᠠ ᠡᠴᠠ ᠰᠦᠷᠦᠭ᠎ᠤᠨ ᠰᠠᠢᠬᠠᠨ ᠲᠡᠮᠡᠬᠡᠳ ᠵᠢᠠᠨ ᠵᠢᠷᠤᠬᠤ᠂ ᠱᠤᠭᠤᠬᠤ᠂ ᠰᠡᠢᠯᠵᠤ ᠦᠯᠡᠳᠡᠬᠡᠬᠦ ᠬᠡᠰᠡᠡ ᠪᠤᠳᠤᠯ ᠦᠪᠡᠷ᠎ᠤᠨ ᠡᠷᠬᠡ ᠦᠬᠡᠢ ᠤᠷᠤᠵᠤ ᠢᠷᠡᠬᠦ ᠪᠠᠷ ᠪᠢ ᠲᠤᠳᠤᠭᠠᠳᠤ ᠰᠡᠳᠬᠢᠯ᠎ᠤᠨ ᠲᠤᠷᠠᠯᠠᠭᠰᠠᠠ ᠵᠦᠢᠯ ᠵᠢᠠᠨ ᠤᠷᠠᠯᠢᠭ ᠵᠢᠠᠷ ᠢᠯᠡᠳᠬᠡᠶ᠎ᠠ ᠬᠡᠵᠤ ᠨᠤᠳᠤᠭ᠎ᠤᠨ ᠪᠤᠷᠤ᠂ ᠤᠯᠠᠭᠠᠨ ᠰᠢᠪᠠᠷ᠎ᠲᠤ ᠲᠡᠮᠡᠬᠡᠨ ᠨᠤᠤᠰᠤ ᠬᠤᠯᠢᠵᠤ ᠨᠤᠬᠤᠭᠠᠳ ᠲᠡᠮᠡᠬᠡᠨ ᠱᠤᠭᠤᠮᠠᠯ ᠬᠢᠵᠤ᠂ ᠲᠡᠮᠡᠬᠡᠨ᠎ᠤ ᠦᠰᠦ ᠰᠦᠨᠡᠰᠤ ᠨᠢ ᠰᠢᠩᠬᠡᠭᠰᠡᠡ ᠨᠤᠳᠤᠭ᠎ᠤᠨ ᠰᠢᠪᠠᠷ᠎ᠤᠨ ᠦᠨᠦᠷ ᠲᠡᠢ ᠲᠡᠮᠡᠬᠡᠨ ᠰᠦᠷᠦᠭ ᠵᠢᠠᠨ ᠪᠦᠳᠦᠬᠡᠵᠤ ᠪᠠᠢᠯ᠎ᠠ᠂ ᠤᠳᠤ ᠵᠦᠪᠬᠡᠨ ᠲᠡᠮᠡᠬᠡ ᠲᠡᠳᠦᠢ ᠪᠢᠰᠢ᠂ ᠬᠠᠷᠢᠨ ᠲᠡᠮᠡᠬᠡ ᠮᠠᠯᠵᠢᠯ ᠲᠡᠢ ᠬᠤᠯᠪᠤᠭᠳᠠᠭᠰᠠᠠ ᠠᠶᠠᠨ ᠵᠢᠩ᠂ ᠲᠡᠮᠡᠬᠡᠨ ᠤᠷᠤᠯᠳᠤᠭᠠᠨ᠂ ᠲᠡᠮᠡᠬᠡᠨ ᠪᠦᠮᠪᠦᠬᠡ᠂ ᠲᠡᠮᠡᠬᠡᠨ ᠨᠠᠮᠨᠠᠭ᠎ᠠ᠂ ᠲᠡᠮᠡᠬᠡ ᠨᠤᠤᠯᠠᠬᠤ᠂ ᠢᠩᠬᠡ ᠰᠠᠭᠠᠬᠤ᠂ ᠲᠠᠢᠯᠤᠭ ᠪᠤᠭᠤᠬᠤ᠂ ᠡᠮᠨᠢᠭ ᠰᠤᠷᠭᠠᠬᠤ᠂ ᠲᠡᠮᠡᠬᠡ ᠪᠤᠢᠯᠠᠯᠠᠬᠤ᠂ ᠪᠤᠳᠤᠭᠤ ᠲᠤᠰᠴᠤ ᠤᠶᠠᠬᠤ ᠬᠡᠳ ᠭᠤᠪᠢ ᠵᠢᠨ ᠲᠡᠮᠡᠬᠡᠴᠢᠨ ᠠᠢᠯ᠎ᠤᠨ ᠦᠵᠡᠭᠳᠡᠯ ᠪᠦᠬᠦᠨ᠎ᠢ ᠪᠦᠳᠦᠬᠡᠯ ᠳ᠋ᠡᠬᠡᠨ ᠰᠢᠩᠬᠡᠬᠡᠨ ᠤᠷᠤᠭᠤᠯᠵᠤ᠂ ᠮᠠᠯᠵᠢᠬᠤ ᠰᠤᠶᠤᠯ᠂ ᠮᠠᠯᠴᠢᠨ ᠬᠦᠮᠦᠨ᠎ᠤ ᠦᠨᠡᠨ ᠪᠤᠳᠠᠳᠤ ᠠᠮᠢᠳᠤᠷᠠᠯ᠎ᠢ ᠤᠷᠠᠯᠢᠭ᠎ᠤᠨ ᠬᠡᠯᠪᠡᠷᠢ ᠪᠠᠷ ᠬᠦᠮᠦᠰ᠎ᠲᠤ ᠨᠠᠩ ᠲᠤᠳᠤᠷᠬᠠᠢ ᠦᠢᠯᠠᠭᠠᠮᠵᠢᠳᠠᠢ ᠮᠡᠳᠡᠬᠦᠯᠵᠤ ᠲᠠᠨᠢᠭᠤᠯᠬᠤ ᠪᠠᠷ ᠠᠵᠢᠯᠯᠠᠵᠤ ᠪᠠᠢᠨ᠎ᠠ》ᠬᠡᠵᠤ ᠡᠩᠬᠡ ᠦᠪᠡᠷ᠎ᠤᠨ ᠠᠵᠢᠯ᠎ᠤᠨ ᠲᠤᠬᠠᠢ ᠪᠠᠨ ᠶᠠᠷᠢᠨ᠎ᠠ᠃ ᠬᠦᠮᠦᠨ ᠲᠤᠷ᠎ᠠ ᠲᠡᠢ ᠵᠦᠢᠯ᠎ᠤᠨ ᠵᠢᠠᠨ ᠲᠦᠯᠦᠬᠡ ᠴᠦᠬᠦᠷᠡᠰᠢ ᠦᠬᠡᠢ ᠴᠢᠷᠮᠠᠢᠳᠠᠭ ᠬᠡᠳᠡᠭᠴᠢᠯᠡᠨ ᠡᠩᠬᠡ ᠬᠤᠷᠢᠭᠠᠳ ᠵᠢᠯ ᠲᠡᠮᠡᠬᠡᠨ ᠱᠤᠭᠤᠮᠠᠯ ᠱᠤᠭᠤᠵᠤ ᠬᠢᠬᠦ ᠪᠠᠷ ᠲᠡᠮᠵᠢᠨ《ᠲᠡᠮᠡᠬᠡ》ᠲᠡᠢ ᠦᠢᠯᠡᠰ ᠲᠡᠬᠡᠨ ᠨᠡᠩ ᠶᠡᠬᠡ ᠬᠠᠢᠷ᠎ᠠ ᠰᠡᠳᠬᠢᠯ ᠲᠡᠢ ᠪᠤᠯᠵᠤ᠂ ᠪᠦᠳᠦᠬᠡᠯ ᠵᠢᠠᠨ ᠠᠮᠢᠳᠤᠯᠢᠭ ᠲᠦᠷᠰᠦᠯᠢᠭ ᠪᠤᠯᠭᠠᠬᠤ ᠵᠢᠨ ᠲᠦᠯᠦᠬᠡ ᠵᠢᠯ ᠪᠤᠯᠭᠠᠨ ᠠᠵᠢᠯ᠎ᠤᠨ ᠴᠢᠯᠦᠬᠡ ᠪᠠᠷ ᠬᠡᠷ ᠲᠡᠬᠡᠨ ᠬᠠᠷᠢᠬᠤ ᠪᠤᠶᠤ ᠲᠡᠮᠡᠬᠡᠨ ᠰᠤᠶᠤᠯ ᠎ᠤᠨ ᠨᠠᠢᠷ ᠵᠢᠠᠷ ᠬᠦᠷᠴᠤ᠂ ᠭᠠᠵᠠᠷ ᠭᠠᠵᠠᠷ ᠨᠤᠳᠤᠭ ᠨᠤᠳᠤᠭ᠎ᠤᠨ ᠲᠡᠮᠡᠬᠡ ᠵᠢᠨ ᠰᠢᠨᠵᠢ ᠪᠠᠢᠳᠠᠯ᠎ᠢ ᠰᠠᠨᠠᠭᠠᠴᠢᠯᠠᠭ᠎ᠠ ᠲᠡᠢ ᠪᠠᠷ ᠠᠵᠢᠬᠯᠠᠨ ᠰᠢᠨᠵᠢᠵᠤ᠂ ᠤᠷᠠᠯᠠᠨ ᠪᠦᠳᠦᠬᠡᠬᠦ ᠵᠢᠨ ᠲᠤᠮᠳᠠ ᠦᠪᠡᠷ᠎ᠤᠨ ᠮᠡᠷᠬᠡᠵᠢᠯ ᠵᠢᠠᠨ ᠲᠡᠬᠡᠭᠰᠢᠯᠡᠬᠦᠯᠦᠨ᠂ ᠪᠦᠳᠦᠬᠡᠯ ᠨᠢᠬᠡᠪᠦᠷᠢ ᠪᠠᠷ ᠲᠡᠮᠵᠢᠭᠤᠯᠤᠨ ᠲᠡᠮᠡᠬᠡᠨ᠎ᠤ ᠤᠤᠯ ᠦᠩᠬᠡ ᠲᠦᠷᠬᠦ᠂ ᠤᠨᠴᠠᠯᠢᠭ ᠰᠢᠨᠵᠢ ᠵᠢ ᠪᠦᠷᠢᠨ ᠬᠦᠢᠴᠡᠳ ᠢᠯᠡᠷᠡᠬᠦᠯᠬᠦ ᠵᠢ ᠤᠨᠴᠠ ᠬᠢᠴᠢᠶᠡᠵᠤ᠂ ᠦᠬᠡᠷ᠎ᠠ ᠪᠤᠰᠤᠳ᠎ᠤᠨ ᠬᠢ ᠵᠢ ᠲᠠᠭᠤᠷᠢᠶᠠᠬᠤ ᠦᠬᠡᠢ᠂ ᠵᠢᠷᠤᠭ ᠦᠵᠡᠵᠤ ᠱᠤᠭᠤᠬᠤ ᠦᠬᠡᠢ᠂ ᠦᠪᠡᠷ᠎ᠤᠨ ᠪᠤᠳᠤᠯ ᠰᠡᠳᠬᠢᠬᠦᠢ᠂ ᠤᠢᠯᠠᠭᠠᠮᠵᠢ ᠮᠡᠳᠡᠷᠡᠮᠵᠢ ᠪᠠᠷ ᠪᠦᠳᠦᠬᠡᠬᠦ ᠵᠢ ᠪᠠᠷᠢᠮᠳᠠᠯᠠᠳᠠᠭ ᠡᠴᠠ ᠲᠡᠬᠦᠨ᠎ᠤ ᠱᠤᠭᠤᠵᠤ ᠭᠠᠷᠭᠠᠭᠰᠠᠠ ᠪᠦᠳᠦᠬᠡᠯ ᠎ᠤᠳ ᠨᠢ ᠬᠤᠭᠤᠷᠤᠨᠳᠤ ᠪᠠᠨ ᠠᠳᠠᠯᠢ ᠦᠬᠡᠢ᠂ ᠲᠤᠰᠪᠤᠷᠢ ᠵᠢᠨ ᠤᠨᠴᠠᠯᠢᠭ ᠎ᠢ ᠲᠤᠪᠤᠢᠯᠭᠠᠵᠤ ᠴᠢᠳᠠᠭᠰᠠᠠ ᠪᠠᠢᠳᠠᠭ᠃

ᠡᠩᠬᠡ ᠵᠢᠨ ᠬᠢᠭᠰᠡᠡ ᠪᠦᠳᠦᠬᠡᠯ ᠨᠢ ᠦᠪᠡᠷᠮᠢᠴᠠ ᠬᠡᠪ ᠵᠠᠭᠪᠤᠷ᠂ ᠬᠡᠯᠪᠡᠷᠢ ᠲᠦᠷᠬᠦ᠂ ᠦᠷᠦᠬᠡᠯ ᠡᠴᠠ ᠢᠯᠭᠠᠭᠳᠠᠬᠤ ᠤᠨᠴᠠᠯᠢᠭ ᠰᠢᠨᠵᠢ ᠲᠡᠢ ᠪᠤᠯᠤᠭᠰᠠᠠ ᠡᠴᠠ ᠬᠦᠮᠦᠰ᠎ᠤᠨ ᠲᠠᠭᠠᠰᠢᠶᠠᠯ ᠳ᠋ᠤ ᠬᠦᠷᠴᠤ᠂ ᠠᠯᠠᠱᠠ᠂ ᠪᠠᠶᠠᠠᠨᠠᠭᠤᠷ᠂ ᠬᠦᠬᠡᠬᠤᠳᠠ᠂ ᠾᠸᠪᠸᠢ ᠵᠡᠷᠬᠡ ᠭᠠᠵᠠᠷ ᠤᠷᠤᠨ ᠳ᠋ᠤ ᠪᠤᠷᠤᠯᠠᠭᠤᠯᠤᠭᠳᠠᠵᠤ᠂ ᠬᠤᠢᠰᠢᠳᠠ ᠵᠠᠬ᠎ᠠ ᠲᠡᠯᠬᠡᠬᠦᠷ᠎ᠤᠨ ᠬᠡᠷᠡᠭᠴᠡᠬᠡ ᠵᠢ ᠦᠨᠳᠦᠰᠦᠯᠡᠵᠤ ᠪᠡᠯᠡᠭ ᠰᠠᠯᠳᠠ᠂ ᠲᠤᠷᠠᠰᠬᠠᠯ᠎ᠤᠨ ᠪᠤᠳᠠᠰ᠎ᠤᠨ ᠪᠦᠳᠦᠬᠡᠯ ᠭᠠᠷᠭᠠᠵᠤ᠂ ᠲᠡᠯᠬᠡᠬᠦᠷ ᠪᠤᠯᠤᠨ ᠰᠦᠯᠵᠢᠶᠠᠨ ᠬᠤᠳᠠᠯᠳᠤᠭ᠎ᠠ ᠪᠠᠷ ᠪᠤᠷᠤᠯᠠᠭᠤᠯᠭ᠎ᠠ ᠬᠢᠬᠦ ᠪᠠᠷ ᠲᠦᠯᠦᠪᠯᠡᠵᠤ ᠪᠤᠢ᠃

ᠮᠡᠷᠭᠡᠨ ᠴᠤᠬᠤᠷ᠎ᠢ ᠰᠢᠷᠪᠢᠵᠦ ᠨᠠᠷᠢᠨ ᠠᠭᠤᠯᠭ᠎ᠠ ᠎ᠶ᠋ᠢ ᠨᠢ ᠦᠵᠡᠭᠡᠷᠡᠢ!


QQ截图20220124101028.jpg

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号