ᠤᠷᠠᠨ ᠭᠠᠷ᠎ᠶ᠋ᠢᠡᠷ᠎ᠶ᠋ᠢᠡᠨ ᠤᠷᠠᠳ ᠰᠤᠶᠤᠯ᠎ᠶ᠋ᠢᠡᠨ ᠤᠯᠠᠮᠵᠢᠯᠠᠨ᠎ᠠ
2022-01-14 12:29:57
ᠵᠣᠬᠢᠶᠠᠭ᠍ᠴᠢ᠄
ᠨᠠ᠊ ·ᠰᠦᠯᠲᠠ
ᠣᠩᠱᠢᠭ᠍ᠰᠠᠨ ᠣᠳᠠᠭ᠎ᠠ᠄
★★★☆☆

ᠤᠷᠠᠳ ᠬᠤᠪᠴᠠᠰᠦ ᠵᠠᠰᠠᠯ᠎ᠤᠨ ᠪᠤᠲᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠬᠴᠢ ᠰᠢᠨᠡᠴᠡᠴᠡᠭ᠎ᠢ 《ᠤᠷᠠᠳ ᠤᠶᠤᠲᠠᠯ ᠎ᠤᠨ ᠤᠷᠠᠨ ᠰᠣᠳᠣᠨ ᠪᠦᠰᠡᠬᠦᠢ᠂ ᠰᠢᠨ᠎ᠡ ᠡᠷᠢᠨ᠎ᠤ ᠰᠢᠯᠢᠲᠡᠭ ᠥᠪᠯᠡᠨ ᠤᠯᠠᠮᠵᠢᠯᠠᠭᠴᠢ》 ᠭᠡᠵᠦ ᠲᠠᠨᠢᠲᠠᠭ ᠮᠡᠳᠡᠳᠡᠭ ᠬᠦᠮᠦᠰ ᠨᠢ ᠡᠷᠡᠭᠡᠢ ᠭᠤᠵᠤᠢᠯᠭᠠᠨ ᠮᠠᠬᠲᠠᠲᠠᠭ᠃


QQ图片20220118122258.png


ᠰᠢᠨᠡᠴᠡᠴᠡᠭ᠂ ᠤᠷᠠᠳ᠎ᠤᠨ ᠲᠤᠮᠲᠠᠲᠤ ᠬᠤᠰᠢᠭᠤᠨ ᠎ᠤ ᠰᠠᠩ ᠎ᠤᠨ ᠲᠠᠯᠠᠢ ᠰᠤᠮᠤ᠎ᠶᠢᠨ ᠠᠷᠤᠬᠤᠳᠲᠤᠭ ᠭᠠᠴᠠᠭᠠᠨ᠎ᠳᠤ ᠨᠤᠲᠤᠭᠲᠠᠢ᠃ ᠲᠡᠷᠡ ᠰᠠᠩ᠎ᠤᠨ ᠲᠠᠯᠠᠢ᠎ᠶᠢᠨ ᠬᠠᠩᠭᠠᠯᠭ᠎ᠠ᠎ᠶ᠋ᠢᠨ ᠬᠤᠷᠰᠢᠶᠠᠨ᠎ᠳᠤ ᠠᠵᠢᠯᠯᠠᠵᠦ ᠪᠠᠢᠬᠰᠠᠨ᠎ᠶ᠋ᠢᠡᠨ ᠬᠤᠵᠢᠮ ᠨᠢ ᠲᠤᠮᠲᠠᠲᠤ ᠮᠤᠩᠭᠤᠯ᠎ᠤᠨ ᠬᠤᠭᠤᠷᠤᠨᠲᠤ ᠬᠢᠯᠢ᠎ᠶᠢᠨ ᠠᠷᠠᠯᠵᠢᠶ᠎ᠠ ᠬᠢᠵᠦ᠂ ᠮᠦᠨ ᠬᠤᠵᠢᠮ ᠨᠢ ᠤᠷᠠᠳ ᠬᠤᠪᠴᠠᠰᠦ ᠵᠠᠰᠠᠯ᠎ᠶ᠋ᠢᠡᠷ ᠦᠪᠡᠷ᠎ᠤᠨ᠎ᠶ᠋ᠢᠡᠨ ᠠᠵᠢᠯ ᠦᠢᠯᠡᠰ᠎ᠶ᠋ᠢᠡᠨ ᠪᠤᠯᠭᠠᠵᠠᠢ᠃

ᠤᠷᠠᠳ ᠬᠤᠪᠴᠠᠰᠦ ᠵᠠᠰᠠᠯ᠎ᠳᠤ ᠪᠤᠷᠬᠠᠨ ᠱᠠᠰᠢᠨ᠂ ᠦᠨᠲᠦᠰᠦᠳᠡᠨ᠎ᠤ  ᠭᠤᠸ᠎ᠠ ᠬᠦᠷᠳᠡᠭᠡᠯ᠎ᠤᠨ ᠤᠢᠯᠠᠭᠠᠭᠲᠠᠬᠤᠨ ᠠᠭᠤᠯᠤᠬᠲᠠᠵᠦ᠂ ᠤᠷᠠᠳᠴᠤᠳ᠎ᠤᠨ ᠠᠮᠢᠲᠤᠷᠠᠯ᠎ᠤᠨ ᠵᠠᠩ ᠲᠠᠳᠬᠠᠯ ᠪᠠ ᠭᠠᠵᠠᠷ ᠤᠷᠤᠨ᠎ᠤ ᠤᠨᠴᠠᠭᠠᠢ ᠰᠤᠶᠤᠯ᠎ᠢ ᠲᠦᠯᠦᠬᠡᠯᠡᠵᠦ ᠪᠠᠢᠲᠠᠭ᠃ ᠤᠷᠠᠳ ᠬᠤᠪᠴᠠᠰᠦ ᠵᠠᠰᠠᠯ᠎ᠤᠨ ᠤᠷᠠᠯᠠᠵᠦ ᠬᠢᠭᠰᠡᠨ ᠨᠢ ᠤᠷᠠᠨ ᠨᠠᠷᠢᠨ᠂ ᠤᠶᠤᠲᠠᠯ ᠱᠠᠭᠯᠠᠭᠠᠰᠦ ᠨᠢ ᠨᠠᠷᠢᠯᠢᠭ ᠲᠡᠭᠰᠢᠭᠡᠨ ᠪᠠᠢᠵᠦ᠂ ᠤᠶᠤᠲᠠᠯ ᠤᠷᠠᠯᠠᠯ ᠪᠠ ᠦᠨᠭᠭᠡ ᠪᠤᠲᠤᠭ ᠲᠡᠭᠡᠷ᠎ᠡ ᠪᠠᠨ ᠤᠷᠠᠳᠴᠤᠳ᠎ᠤᠨ ᠲᠡᠦᠭᠡ ᠰᠤᠶᠤᠯ᠎ᠢ ᠢᠯᠡᠷᠡᠬᠦᠯᠵᠦ ᠪᠠᠢᠲᠠᠭ᠃ ᠤᠷᠠᠳ ᠤᠯᠠᠮᠵᠢᠯᠠᠯᠲᠦ ᠬᠤᠪᠴᠠᠰᠦ ᠵᠠᠰᠠᠯ᠎ᠤᠨ ᠰᠤᠶᠤᠯ᠎ᠤᠨ᠎ᠶ᠋ᠢᠡᠨ ᠦᠨ᠎ᠡ ᠴᠡᠨ᠎ᠡ᠎ᠶᠢ ᠮᠡᠳᠡᠵᠦ᠂ ᠡᠨᠡ ᠬᠦ᠌ ᠦᠨᠡᠲᠦ ᠰᠤᠶᠤᠯ᠎ᠶ᠋ᠢᠡᠨ ᠦᠪᠯᠡᠨ ᠤᠯᠠᠮᠵᠢᠯᠠᠶ᠎ᠠ ᠬᠡᠰᠡᠨ ᠪᠤᠲᠤᠯ᠎ᠶ᠋ᠢᠡᠷ ᠰᠢᠨᠡᠴᠡᠴᠡᠭ ᠦᠢᠯᠡ ᠤᠶᠤᠲᠠᠯ᠎ᠳᠤ ᠭᠠᠷᠮᠠᠭᠠᠢᠯᠠᠨ᠂ ᠤᠷᠠᠳ ᠬᠤᠪᠴᠠᠰᠦ ᠵᠠᠰᠠᠯ᠎ᠤᠨ ᠵᠢᠷᠤᠭ ᠲᠦᠯᠦᠪᠯᠡᠭᠡ᠂ ᠡᠰᠬᠡᠵᠦ ᠤᠶᠤᠬᠤ ᠡᠴᠡ ᠤᠷᠠᠯᠠᠵᠦ ᠬᠠᠳᠬᠤᠬᠤ ᠬᠦᠷᠳᠡᠯ᠎ᠡ ᠰᠠᠨᠠᠭ᠎ᠠ ᠲᠠᠯᠪᠢᠨ᠂ ᠡᠲᠦᠷ᠎ᠤᠨ ᠤᠲᠠᠭᠠᠨ᠎ᠳᠠᠭᠠᠨ ᠭᠠᠷᠰᠢᠵᠦ ᠴᠠᠭᠠᠷᠠᠭᠰᠠᠨ ᠤᠶᠤᠲᠠᠯᠴᠢᠨ ᠪᠤᠯᠵᠠᠢ᠃

2004 ᠤᠨ᠎ᠳᠤ ᠲᠡᠷᠡ ᠬᠤᠰᠢᠭᠤᠨ ᠲᠦᠪ ᠬᠠᠯᠢᠭᠤᠲᠤ ᠪᠠᠯᠭᠠᠰᠤᠨ᠎ᠳᠠᠭᠠᠨ《ᠤᠷᠠᠨ ᠤᠷᠠᠳ ᠤᠶᠤᠲᠠᠯ᠎ᠤᠨ ᠦᠷᠦᠭᠡ》 ᠪᠠᠨ ᠨᠡᠭᠡᠭᠡᠵᠦ᠂ ᠲᠤᠰᠬᠠᠢᠯᠠᠨ ᠤᠷᠠᠳ ᠤᠨᠴᠠᠯᠢᠬ ᠲᠠᠢ ᠬᠤᠪᠴᠠᠰᠦ ᠵᠠᠰᠠᠯ ᠡᠰᠭᠡᠵᠦ ᠤᠶᠤᠨ᠂ ᠵᠠᠬᠢᠶᠠᠯᠠᠭ᠎ᠠ ᠲᠤᠰᠬᠤ ᠪᠤᠯᠵᠠᠢ᠃  ᠲᠡᠬᠦᠨ᠎ᠤ ᠲᠡᠯᠭᠡᠬᠦᠷ ᠨᠢ ᠤᠶᠤᠲᠠᠯ ᠵᠠᠰᠠᠯ᠎ᠤᠨ᠎ᠶ᠋ᠢᠡᠨ ᠤᠷᠠᠯᠠᠯ  ᠬᠢᠴᠡ᠂ ᠦᠨᠭᠭᠡ ᠪᠤᠲᠤᠭ᠎ᠤᠨ ᠲᠤᠬᠢᠷᠠᠭᠤᠯᠤᠯᠲᠠ᠎ᠪᠠᠷ᠎ᠢᠶᠠᠨ ᠬᠤᠯᠠ ᠤᠢᠷ᠎ᠠ᠎ᠳᠠᠭᠠᠨ ᠠᠯᠲᠠᠷᠰᠢᠵᠦ᠂ ᠠᠭᠠᠵᠢᠮ᠎ᠳᠠᠭᠠᠨ ᠦᠢᠯᠡ ᠤᠶᠤᠲᠠᠯ᠎ᠢ ᠨᠢ ᠰᠤᠷᠬᠤ ᠪᠡᠷ ᠢᠷᠡᠬᠦ  ᠬᠦᠮᠦᠰ ᠤᠯᠠᠰᠢᠷᠠᠵᠦ ᠡᠬᠢᠯᠡᠵᠡᠢ᠃                 

ᠲᠡᠷᠡ ᠤᠷᠢᠳ ᠬᠤᠵᠢᠳ ᠠᠷᠪᠠᠭᠠᠳ ᠱᠠᠪᠢ ᠲᠠᠭᠠᠭᠤᠯᠵᠤ ᠦᠨᠭᠭᠡᠷᠡᠭᠰᠡᠨ ᠪᠦᠬᠡᠳ ᠦᠪᠡᠷ᠎ᠤᠨ ᠦᠬᠢᠨ᠎ᠶ᠋ᠢᠠᠨ ᠤᠶᠤᠲᠠᠯᠴᠢᠨ᠎ᠶ᠋ᠢᠡᠷ ᠬᠦᠮᠦᠵᠢᠬᠦᠯᠦᠨ᠂ ᠤᠷᠤᠨ᠎ᠤ ᠲᠤᠲᠤᠨ᠎ᠠ ᠭᠠᠲᠠᠨᠠᠬᠢ ᠤᠯᠠᠨ ᠤᠲᠠᠭᠠᠨ᠎ᠤ ᠬᠤᠪᠴᠠᠰᠦ ᠵᠠᠰᠠᠯ᠎ᠤᠨ ᠤᠷᠤᠯᠲᠤᠭᠠᠨ᠎ᠳᠤ ᠲᠡᠷᠯᠢᠭ ᠵᠠᠰᠠᠯ ᠬᠠᠩᠭᠠᠵᠤ᠂ ᠮᠦᠨ ᠱᠠᠩᠨᠠᠯ ᠬᠦᠬᠢᠬᠦᠯᠦᠯ᠎ᠢ ᠤᠯᠠᠨᠲᠠ ᠲᠣᠰᠴᠦ ᠦᠨᠭᠭᠡᠷᠡᠭᠰᠡᠨ ᠶᠤᠮ᠃  2018 ᠤᠨ᠎ᠳᠤ ᠰᠢᠶᠠᠩᠭᠠᠩ᠎ᠳᠤ ᠪᠤᠯᠤᠭᠰᠠᠨ ᠬᠤᠪᠴᠠᠰᠤ ᠵᠠᠰᠠᠯ ᠎ᠤᠨ ᠦᠵᠡᠬᠦᠯᠭᠡ᠎ᠳᠤ ᠲᠡᠬᠦᠨ᠎ᠤ ᠤᠶᠤᠬᠰᠠᠨ ᠤᠷᠠᠳ ᠲᠡᠷᠯᠢᠭ ᠠᠯᠲᠠᠨ ᠮᠧᠲᠠᠯ ᠲᠤᠰᠴᠤ᠂ ᠮᠦᠨ ᠲᠤᠰ ᠵᠢᠯ᠎ᠳᠤᠨᠢ ᠲᠡᠷᠡ ᠪᠠᠰᠠ ᠪᠠᠶᠠᠠᠨᠠᠭᠤᠷ ᠬᠤᠲᠠ᠎ᠶ᠋ᠢᠨ《ᠤᠷᠠᠳ᠎ᠤᠨ ᠬᠤᠪᠴᠠᠰᠤ ᠵᠠᠰᠠᠯ》᠎ᠤᠨ ᠪᠤᠲᠠᠰ᠎ᠤᠨ ᠪᠤᠰᠤ ᠰᠤᠶᠤᠯ᠎ᠤᠨ ᠦᠪ᠎ᠤᠨ ᠲᠦᠯᠦᠬᠡᠯᠡᠭᠴᠢ ᠦᠪᠯᠡᠨ ᠤᠯᠠᠮᠵᠢᠯᠠᠭᠴᠢ ᠪᠤᠯᠵᠦ᠂ 2020 ᠤᠨ᠎ᠳᠤ ᠦᠪᠡᠷᠲᠡᠭᠡᠨ ᠵᠠᠰᠠᠬᠤ ᠤᠷᠤᠨ᠎ᠤ ᠪᠤᠲᠠᠰ᠎ᠤᠨ ᠪᠤᠰᠤ ᠰᠤᠶᠤᠯ ᠎ᠤᠨ ᠦᠪ᠎ᠤᠨ ᠮᠤᠩᠭᠤᠯ ᠦᠨᠲᠦᠰᠦᠲᠡᠨ ᠎ᠤ ᠬᠤᠪᠴᠠᠰᠤ ᠵᠠᠰᠠᠯ (ᠤᠷᠠᠳ ᠎ᠤᠨ ᠬᠤᠪᠴᠠᠰᠤ  ᠵᠠᠰᠠᠯ)᠎ᠤᠨ ᠲᠦᠯᠦᠭᠡᠯᠡᠭᠴᠢ ᠦᠪᠯᠡᠨ ᠤᠯᠠᠮᠵᠢᠯᠠᠭᠴᠢ᠎ᠪᠠᠷ ᠨᠡᠷᠡᠢᠳᠥᠭᠳᠡᠪᠡ᠃

ᠡᠷᠬᠢᠯᠡᠵᠦ ᠬᠢᠭᠰᠡᠨ ᠦᠢᠯᠡᠰ᠎ᠶ᠋ᠢᠡᠨ ᠨᠡᠩ ᠴᠠᠭᠠᠰᠢ ᠬᠦᠭᠵᠢᠬᠦᠯᠵᠦ᠂ ᠦᠨᠲᠦᠰᠦᠳᠡᠨ᠎ᠤ ᠰᠤᠶᠤᠯ᠎ᠤᠨ ᠲᠠᠯᠠᠰᠲᠦ ᠪᠤᠯᠤᠬᠰᠠᠨ ᠤᠷᠠᠳ ᠬᠤᠪᠴᠠᠰᠦ ᠵᠠᠰᠠᠯ᠎ᠶ᠋ᠢᠡᠨ ᠨᠡᠩ ᠤᠯᠠᠨ ᠬᠦᠮᠦᠰ ᠲᠦ᠍ ᠲᠠᠨᠢᠭᠤᠯᠬᠤ  ᠬᠡᠮᠡᠨ ᠰᠢᠨᠡᠴᠡᠴᠡᠭ ᠮᠦᠨ ᠯᠡ ᠪᠤᠷᠪᠢ ᠪᠤᠬᠢᠰᠬᠢᠯ ᠦᠬᠡᠢ ᠶᠠᠭᠠᠷᠠᠭᠰᠠᠭᠠᠷ  ᠁


QQ图片20220118123041.png


ᠮᠡᠷᠭᠡᠨ ᠴᠤᠬᠤᠷ᠎ᠢ ᠰᠢᠷᠪᠢᠵᠦ ᠨᠠᠷᠢᠨ ᠠᠭᠤᠯᠭ᠎ᠠ᠎ᠶᠢ ᠨᠢ ᠦᠵᠡᠭᠡᠷᠡᠢ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号