ᠬᠢᠳᠠᠳ ᠨᠡᠷᠠ᠄ 长图
ᠡᠪᠭᠡᠮᠡᠯ
ᠵᠢᠷᠤᠬ ᠪᠤᠯ ᠱᠢᠨᠠ ᠵᠠᠭᠤᠴᠢᠯᠠᠭᠤᠷᠤᠨ ᠱᠢᠨᠡᠭᠡᠨ ᠲᠡᠯᠭᠡᠷᠡᠭ᠌ᠰᠡᠨ ᠲᠠᠮᠵᠢᠭᠤᠯᠬᠤ ᠬᠡᠯᠪᠡᠷᠢ ᠶᠤᠮ᠃ 2017
ᠤᠨᠤ 10
ᠰᠠᠷᠠᠳᠤ᠂ ᠡᠪᠭᠡᠮᠡᠯ ᠵᠢᠷᠤᠬᠢ ᠱᠢᠨᠠ ᠵᠠᠭᠤᠴᠢᠯᠠᠭᠤᠷ ᠲᠦ᠍ ᠭᠠᠷᠭᠠᠬ᠍ᠰᠠᠨ ᠬᠠᠮᠤᠭᠤᠨ ᠠᠡᠭ᠌ᠬᠠᠨᠤ
ᠪᠦᠲᠦᠭᠡᠯ 《1931》
ᠨᠠᠢ᠌ᠵᠠ ᠵᠢᠨ ᠲᠤᠭᠤᠷᠢᠭ ᠲᠦ᠍ ᠲᠠᠷᠬᠠᠵᠦ᠍᠂ ᠰᠦᠯᠵᠢᠶᠠᠴᠢᠳᠤᠨ
ᠠᠡᠭ᠌ᠬᠠᠷᠤᠯᠢ ᠶᠡᠭᠡᠪᠡᠷ ᠲᠠᠳᠠᠪᠠ᠃ ᠡᠨᠡ ᠬᠦ᠌ ᠪᠦᠳᠤᠭᠡᠯ ᠨᠢ ᠵᠦᠪᠭᠡᠨ ᠨᠢᠭᠤᠷ ᠭᠤᠶᠤᠯᠠᠬᠤ ᠡᠳ᠋ᠤᠨ ᠵᠠᠷ
ᠮᠡᠳᠡᠭᠡ ᠪᠠᠢ᠌ᠬ᠍ᠰᠠᠨ ᠪᠤᠯᠪᠠᠴᠤ᠌᠂ ᠤᠷᠢᠳ ᠪᠠᠢ᠌ᠭᠠ ᠦᠭᠡᠢ ᠬᠡᠯᠪᠡᠷᠢ ᠵᠢᠨ ᠱᠢᠨᠡᠴᠢᠯᠡᠯᠳᠡ ᠪᠡᠷ ᠵᠢᠡᠨ
ᠰᠦᠯᠵᠢᠶᠠᠨ ᠠᠨᠳᠠ ᠨᠠᠷᠢ ᠭᠠᠢ᠌ᠬᠠᠰᠢ ᠲᠦᠷᠦᠭᠦᠯᠦᠭ᠌ᠰᠡᠨ ᠪᠦᠭᠡᠳ ᠱᠢᠨᠠ ᠰᠡᠪᠡᠭᠦᠨ ᠬᠡᠯᠪᠡᠷᠢ ᠤᠨᠴᠠᠯᠢᠭ
ᠨᠢ ᠱᠢᠨᠠ ᠵᠠᠭᠤᠴᠢᠯᠠᠭᠤᠷᠤᠨ ᠬᠢᠨᠤ ᠪᠦᠲᠦᠭᠡᠭ᠌ᠳᠡᠭᠦᠨ ᠦᠢᠯᠡᠳᠭᠦ᠌ ᠰᠡᠳᠭᠢᠴᠡ ᠵᠢ ᠲᠠᠯᠠᠵᠦ᠍ ᠬᠠᠷᠠᠭᠠ
ᠵᠢ ᠦᠷᠭᠡᠳᠭᠡᠪᠡ᠃ ᠲᠡᠭᠦᠨᠴᠡ᠂ ᠵᠠᠭᠤᠴᠢᠯᠠᠭᠤᠷᠤᠳ ᠡᠪᠭᠡᠮᠡᠯ ᠵᠢᠷᠤᠬᠤᠨ ᠬᠡᠯᠪᠡᠷᠢ ᠵᠢ ᠮᠡᠳᠡᠭᠡᠯᠡᠯᠳᠤ
ᠦᠷᠭᠡᠨ ᠵᠢᠡᠷ ᠠᠱᠢᠬ᠍ᠯᠠᠵᠦ᠍᠂ ᠡᠪᠭᠡᠮᠡᠯ ᠵᠢᠷᠤᠬ ᠨᠢ ᠱᠢᠨᠠ ᠵᠠᠭᠤᠴᠢᠯᠠᠭᠤᠷᠤᠨ ᠰᠤᠨᠢᠨ ᠮᠡᠳᠡᠭᠡᠨᠤ
ᠢᠯᠡᠳᠭᠡᠭᠦ᠌ ᠠᠷᠭᠠ ᠪᠠᠷᠢᠯᠤᠨ ᠨᠢᠭᠡ ᠵᠦᠢᠯ ᠪᠤᠯᠤᠬ᠍ᠰᠠᠨ ᠪᠠᠢ᠌ᠨᠠ᠃

ᠱᠢᠨᠠ
ᠵᠠᠭᠤᠴᠢᠯᠠᠭᠤᠷᠤᠨ ᠡᠪᠬᠡᠮᠡᠯ ᠵᠢᠷᠤᠭᠢ ᠤᠨᠴᠠᠯᠢᠭ ᠱᠢᠨᠵᠢ ᠪᠡᠷ ᠨᠢ ᠢᠯᠭᠠᠪᠠᠯ᠂ ᠲᠡᠷᠡ ᠨᠢ ᠵᠢᠷᠤᠬ
ᠲᠦᠷᠰᠦ ᠪᠤᠯᠤᠨ ᠰᠤᠨᠢᠨ ᠮᠡᠳᠡᠭᠡᠨᠤ ᠪᠢᠴᠢᠯᠭᠡ ᠵᠢᠨ ᠤᠶᠠᠯᠳᠤᠯ ᠶᠤᠮ᠃ ᠭᠠᠷ ᠵᠢᠷᠤᠮᠠᠯ᠂ ᠵᠢᠭᠢᠷᠢᠭ
ᠵᠢᠷᠤᠬ᠂ ᠵᠢᠷᠤᠬ ᠰᠡᠭᠦᠳᠡᠷ ᠵᠢᠡᠷ ᠲᠠᠪᠢᠰᠭᠡᠷ ᠪᠤᠯᠭᠠᠵᠦ᠍᠂ ᠲᠤᠪᠴᠢ ᠠᠪᠰᠠᠷᠠᠬ᠍ᠨ ᠦᠰᠦᠭ ᠬᠠᠪᠰᠤᠷᠭᠠᠬ᠍ᠰᠠᠨ
ᠡᠪᠭᠡᠮᠡᠯ ᠵᠢᠷᠤᠬ ᠨᠢ ᠰᠤᠨᠢᠨ ᠮᠡᠳᠡᠭᠡ ᠵᠢ ᠪᠦᠷᠢᠨ ᠬᠠᠷᠠᠭᠠᠰᠦ ᠡᠴᠡ ᠢᠯᠡᠷᠡᠭᠦᠯᠵᠦ᠍᠂ ᠢᠯᠡᠳᠭᠡᠬᠦ᠌
ᠰᠡᠳᠭᠢᠮᠵᠢ ᠰᠡᠳᠭᠢᠭᠦᠢ ᠨᠢ ᠦᠯᠢᠭᠡᠷᠯᠢᠭ ᠮᠦᠷᠳᠡᠭᠡᠨ ᠯᠤᠭᠢᠭ ᠴᠢᠨᠠᠷ ᠵᠢᠡᠷ ᠴᠤ᠌ ᠴᠢᠡᠭ᠌ᠭᠠ ᠪᠠᠢ᠌ᠳᠠᠬ᠃
ᠡᠪᠭᠡᠮᠡᠯ ᠵᠢᠷᠤᠬ ᠨᠢ ᠰᠤᠨᠢᠨ ᠮᠡᠳᠡᠭᠡ ᠵᠢᠨ ᠱᠢᠨᠠ ᠵᠠᠭᠤᠴᠢᠯᠠᠭᠤᠷᠤᠨ ᠬᠡᠷᠡᠭ᠌ᠯᠡᠭᠡᠨᠳᠡᠭᠢ ᠨᠢᠭᠡᠨ
ᠱᠢᠨᠠ ᠬᠡᠯᠪᠡᠷᠢ᠂ ᠮᠦᠨ ᠴᠤ᠌ ᠰᠤᠨᠢᠨ ᠮᠡᠳᠡᠭᠡᠨᠤ
ᠪᠢᠴᠢᠯᠭᠡ ᠵᠢᠨ ᠤᠨᠳᠤᠤ ᠨᠢᠭᠡ ᠵᠦᠢᠯᠤᠨ ᠢᠯᠡᠷᠡᠭᠦᠯᠭᠦ᠌ ᠠᠷᠭᠠ ᠬᠡᠯᠪᠡᠷᠢ ᠪᠤᠯᠬᠤ ᠪᠡᠷ ᠪᠠᠷᠠᠬᠤ ᠦᠭᠡᠢ᠂ ᠱᠢᠨᠠ ᠵᠠᠭᠤᠴᠢᠯᠠᠭᠤᠷᠤᠨ ᠬᠦᠨᠴᠡ ᠮᠡᠳᠡᠭᠡᠯᠡᠯ ᠭᠡᠵᠦ᠍ ᠪᠤᠯᠤᠨᠠ᠃ ᠡᠪᠭᠡᠮᠡᠯ ᠵᠢᠷᠤᠬ ᠨᠢ ᠠᠭᠤᠯᠭᠠ
ᠬᠡᠯᠪᠡᠷᠢ ᠵᠢᠨ ᠬᠤᠪᠢᠳᠤ ᠦᠰᠦᠭ ᠵᠢᠷᠤᠬᠢ ᠤᠶᠠᠯᠳᠤᠭᠤᠯᠵᠦ᠍᠂ ᠤᠷᠳᠤ ᠰᠤᠨᠵᠤᠷᠠᠭᠤᠨ ᠮᠡᠳᠡᠭᠡ
ᠵᠠᠡᠭ᠌ᠭᠢᠵᠢ ᠠᠬ᠍ᠰᠢᠭᠠᠨ ᠱᠢᠷᠭᠠᠭᠠᠵᠦ᠍᠂ ᠵᠢᠷᠤᠬ ᠲᠦᠷᠰᠦ ᠬᠠᠪᠰᠤᠷᠭᠠᠨ ᠬᠤᠶᠠᠳᠡᠭᠢ ᠤᠳᠠᠭᠠᠨᠤ
ᠱᠢᠭ᠌ᠰᠢᠯᠳᠡ ᠪᠤᠯᠪᠠᠰᠤᠷᠠᠭᠤᠯᠤᠯᠳᠠ ᠪᠡᠷ ᠲᠠᠮᠵᠢᠨ ᠬᠠᠷᠠᠭᠠᠨ ᠰᠠᠷᠡᠯᠳᠤ ᠲᠠᠭᠠᠱᠢᠶᠠᠬ᠍ᠳᠠᠬ᠍ᠰᠠᠨ᠂
ᠮᠡᠳᠡᠷᠡᠮᠵᠢ ᠰᠤᠨᠢᠷᠬᠠᠮᠵᠢ ᠵᠢᠨ ᠲᠠᠳᠭᠠᠯᠳᠤ ᠨᠡᠢ᠌ᠴᠡᠭᠦᠯᠦᠭ᠌ᠰᠡᠨ ᠰᠤᠨᠢᠨ ᠮᠡᠳᠡᠭᠡᠨᠤ ᠪᠦᠲᠦᠭᠡᠯ
ᠪᠤᠯᠭᠠᠨᠠ᠃
ᠱᠢᠨᠠ
ᠵᠠᠭᠤᠴᠢᠯᠠᠭᠤᠷᠤᠨ ᠬᠢᠨ ᠡᠨᠡ ᠬᠦ᠌ ᠦᠰᠦᠭ ᠵᠢᠷᠤᠬ ᠵᠢᠡᠷ ᠪᠦᠷᠢᠨ ᠠᠭᠤᠯᠭᠠ ᠵᠢ ᠢᠯᠡᠳᠭᠡᠬᠦ᠌ ᠰᠤᠨᠢᠨ
ᠮᠡᠳᠡᠭᠡ ᠵᠢᠨ ᠪᠢᠴᠢᠯᠭᠡ ᠵᠢᠨ ᠬᠡᠯᠪᠡᠷᠢ ᠵᠢ ᠤᠯᠠᠨ ᠵᠦᠢᠯᠤᠨ ᠮᠡᠳᠡᠭᠡᠯᠡᠯᠳᠤ ᠠᠱᠢᠬ᠍ᠯᠠᠨ
ᠬᠡᠷᠡᠭ᠌ᠯᠡᠵᠦ᠍ ᠪᠤᠢ᠃ ᠵᠢᠱ᠌ᠢᠶᠡᠯᠡᠪᠡᠯ᠄ ᠲᠠᠢ᠌ᠯᠤᠮᠵᠢ
ᠬᠢᠭᠦ᠌᠃ ᠲᠦᠷᠦ᠍ ᠵᠢᠨ ᠪᠤᠳᠤᠯᠭᠠᠳᠤ ᠲᠠᠢ᠌ᠯᠤᠮᠵᠢ ᠬᠢᠭᠦᠳᠤ᠂ ᠦᠰᠦᠭ ᠵᠢᠷᠤᠬ ᠬᠠᠪᠰᠤᠷᠭᠠᠬ᠍ᠰᠠᠨ
ᠡᠪᠭᠡᠮᠡᠯ ᠵᠢᠷᠤᠬ ᠨᠢ ᠬᠠᠭᠤᠳᠠᠰᠦ ᠨᠢᠭᠤᠷᠤᠨ ᠬᠤᠪᠢᠳᠤ ᠮᠠᠰᠢ ᠲᠤᠬᠢᠷᠠᠮᠵᠢᠳᠠᠢ ᠨᠢᠭᠡᠨ ᠵᠦᠢᠯᠤᠨ
ᠢᠯᠡᠳᠭᠡᠭᠦ᠌ ᠬᠡᠯᠪᠡᠷᠢ ᠪᠤᠯᠬᠤ ᠶᠤᠮ᠃ ᠬᠤᠶᠠᠷ ᠲᠦ᠍᠂ ᠦᠯᠢᠭᠡᠷ ᠶᠠᠷᠢᠬᠤ᠃ ᠴᠠᠭ ᠲᠦᠷᠦ᠍ ᠵᠢᠨ ᠰᠤᠨᠢᠨ
ᠮᠡᠳᠡᠭᠡ᠂ ᠨᠡᠢ᠌ᠭᠡᠮᠤᠨ ᠰᠤᠨᠢᠨ ᠮᠡᠳᠡᠭᠡ ᠵᠢ ᠵᠢᠷᠤᠭ ᠵᠢᠡᠷ ᠭᠤᠤᠯᠯᠠᠭᠤᠯᠵᠦ᠍ ᠦᠰᠦᠭ ᠵᠢᠡᠷ ᠬᠠᠪᠰᠤᠷᠭᠠᠨ᠂
ᠦᠰᠦᠭ ᠵᠢᠷᠤᠬᠤᠨ ᠭᠤᠴᠤᠯᠢᠭ ᠤᠶᠠᠯᠳᠤᠯᠤᠨ ᠲᠤᠮᠳᠠ ᠦᠵᠡᠭ᠌ᠳᠡᠯ᠂ ᠰᠠᠨᠠᠭᠠ᠂ ᠠᠬᠤᠢ ᠵᠢ ᠪᠦᠷᠢᠨ ᠲᠡᠯᠭᠡᠨ
ᠭᠦᠢᠴᠡᠳ ᠢᠯᠡᠷᠡᠭᠦᠯᠵᠦ᠍᠂ ᠬᠦᠯᠢᠶᠠᠨ ᠠᠪᠤᠬ᠍ᠴᠢᠳ ᠲᠦ᠍ ᠬᠦᠷᠳᠡᠭᠡᠯ ᠤᠯᠭᠤᠳᠠᠭ᠃ ᠭᠤᠷᠪᠠᠳᠤ᠂ ᠤᠬᠠᠭᠤᠯᠭᠠ ᠬᠢᠭᠦ᠌᠃ ᠱᠢᠨᠵᠢᠯᠡᠭᠦ᠌ ᠤᠬᠠᠭᠠᠨ᠂
ᠬᠠᠤᠯᠢ ᠴᠠᠭᠠᠵᠠ᠂ ᠲᠦᠷᠦ᠍ ᠵᠢᠨ ᠪᠤᠳᠤᠯᠭᠠ ᠵᠢᠨ ᠤᠬᠠᠭᠤᠯᠭᠠ ᠵᠢᠨ ᠬᠤᠪᠢᠳᠤ᠂ ᠡᠪᠭᠡᠮᠡᠯ ᠵᠢᠷᠤᠭ ᠪᠤᠯ
ᠮᠡᠳᠡᠭᠡ ᠵᠠᠡᠭ᠌ᠭᠢ ᠵᠢᠨ ᠠᠭᠤᠯᠤᠬ᠍ᠳᠠᠴᠠ ᠶᠡᠭᠡ ᠮᠦᠷᠳᠡᠭᠡᠨ ᠲᠤᠳᠤ ᠲᠤᠳᠤᠷᠠᠭᠤᠨ᠂ ᠤᠬᠤᠷ ᠠᠪᠰᠠᠷᠠᠬ᠍ᠨ
ᠪᠠᠢ᠌ᠵᠦ᠍᠂ ᠬᠦᠯᠢᠶᠠᠨ ᠠᠪᠤᠬ᠍ᠴᠢᠳᠤᠨ ᠮᠡᠳᠡᠭᠡ ᠵᠠᠡᠭ᠌ᠭᠢ
ᠵᠢ ᠰᠠᠭᠠᠳ ᠦᠭᠡᠢ ᠬᠦᠯᠢᠶᠠᠨ ᠠᠪᠬᠤᠳᠤ ᠠᠮᠢᠳᠤᠯᠢᠭ ᠮᠦᠷᠳᠡᠭᠡᠨ ᠲᠦᠭᠦᠮ ᠲᠦᠳᠡ ᠠᠷᠭᠠ ᠪᠠᠷᠢᠯ ᠪᠤᠯᠵᠠᠢ᠃
ᠡᠮᠬᠢᠯᠡᠭᠴᠢ᠄ ᠰᠢᠶᠠᠡᠭ ᠲᠤᠤ