ᠺᠠᠷᠲ᠋ᠤᠨ
2022-01-05 10:34:56
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠢᠲᠠᠳ  ᠨᠡᠷ᠎ᠡ ᠄ 卡通

 


QQ截图20220105103758.jpg


ᠺᠠᠷᠲ᠋ᠤᠨ  ( Carton ) ᠪᠤᠯ ᠬᠦᠳᠡᠯᠭᠡᠭᠡᠨ᠎ᠤ ᠤᠷᠠᠯᠢᠭ ᠪᠠᠢ᠌ᠵᠦ᠍᠂ ᠬᠦᠳᠡᠯᠭᠡᠭᠡᠨ ᠨᠢ ᠺᠠᠷᠲ᠋ᠤᠨ᠎ᠤ ᠮᠦᠨ ᠴᠢᠨᠠᠷ ᠪᠤᠯᠤᠨ᠎ᠡ᠃ ᠲᠡᠤᠬᠡᠨ ᠲᠡᠭᠡᠷ᠎ᠡ ᠺᠠᠷᠲ᠋ᠤᠨ᠎ᠢ ᠡᠭᠦᠳᠦᠨ ᠪᠦᠲᠦᠭᠡᠭ᠌ᠰᠡᠨ ᠴᠠᠭ ᠨᠢ ᠺᠢᠨᠣ᠋ ᠪᠠ ᠲᠸᠯᠸᠢᠰ ᠡᠴᠡ ᠡᠷᠳᠡ ᠪᠠᠢ᠌ᠳᠠᠭ᠃ ᠺᠤᠮᠫᠢᠦ᠋ᠲᠸᠷ᠎ᠤᠨ ᠺᠠᠷᠲ᠋ᠤᠨ ᠮᠡᠷᠭᠡᠵᠢᠯ ᠨᠢ ᠡᠯᠸᠺᠲ᠋ᠷᠤᠨ ᠪᠠ ᠰᠦᠯᠵᠢᠶᠡᠨ᠎ᠤ ᠲᠤᠭ᠍ᠯᠠᠭᠠᠮ ᠲᠡᠷᠡᠴᠢᠯᠡᠨ ᠺᠢᠨᠣ᠋ ᠵᠢᠨ ᠤᠨᠴᠠ ᠮᠡᠷᠭᠡᠵᠢᠯ ᠪᠠ ᠺᠠᠷᠲ᠋ᠤᠨ᠎ᠤ ᠦᠢᠯᠡᠳᠦᠨ ᠪᠦᠲᠦᠭᠡᠬᠦ᠌ ᠲᠠᠯ᠎ᠡ᠎ᠳᠦ ᠱᠢᠢᠳᠪᠦᠷᠢᠯᠡᠬᠦ᠌ ᠦᠢᠯᠡᠳᠦᠯ ᠦᠵᠡᠬᠦᠯᠵᠦ᠍ ᠪᠠᠢ᠌ᠳᠠᠭ᠃ ᠺᠠᠷᠲ᠋ᠤᠨ᠎ᠢ ᠺᠢᠨᠣ᠋ ᠲᠸᠯᠸᠢᠰ ᠺᠠᠷᠲ᠋ᠤᠨ ᠪᠠ ᠰᠦᠯᠵᠢᠶᠡᠨ ᠺᠠᠷᠲ᠋ᠤᠨ ᠭᠡᠵᠦ᠍ ᠬᠤᠶᠠᠷ ᠲᠦᠷᠦᠯ᠎ᠳᠤ ᠬᠤᠪᠢᠶᠠᠵᠦ᠍᠂ ᠰᠤᠨᠢᠨ ᠮᠡᠳᠡᠭᠡᠨ᠎ᠤ ᠬᠦᠷᠢᠶ᠎ᠡ ᠬᠡᠪᠴᠢᠶᠡᠨ᠎ᠳᠦ ᠬᠡᠷᠡᠭ᠌ᠯᠡᠭ᠌ᠳᠡᠬᠦ᠌᠎ᠳᠦ ᠡᠭᠦᠳᠦᠨ ᠪᠦᠲᠦᠭᠡᠯᠴᠢ ᠴᠢᠨᠠᠷ᠂ ᠭᠤᠤᠯ ᠰᠡᠲᠦᠪᠲᠦ ᠴᠢᠨᠠᠷ᠂ ᠰᠤᠨᠢᠨ ᠮᠡᠳᠡᠭᠡᠴᠢ ᠱᠢᠨᠵᠢ᠂ ᠮᠡᠷᠭᠡᠵᠢᠯ᠎ᠤᠨ ᠱᠢᠨᠵᠢ᠂ ᠲᠠᠮᠵᠢᠭᠤᠯᠭ᠎ᠠ ᠵᠢᠨ ᠱᠢᠨᠵᠢ᠂ ᠱᠢᠯᠵᠢᠶ᠎ᠡ ᠱᠢᠨᠵᠢ ᠵᠡᠷᠭᠡ ᠤᠨᠴᠠᠯᠢᠭ ᠲᠠᠢ ᠪᠤᠯᠳᠠᠭ ᠃

ᠴᠠᠬ ᠦᠶ᠎ᠡ ᠪᠠ ᠱᠢᠨᠵᠢᠯᠡᠬᠦ᠌ ᠤᠬᠠᠭᠠᠨ ᠲᠸᠭᠨᠢᠢᠡ᠋ ᠮᠡᠷᠭᠡᠵᠢᠯ᠎ᠤᠨ ᠬᠦᠭ᠌ᠵᠢᠯᠲᠡ ᠵᠢ ᠲᠠᠭᠠᠯᠳᠤᠨ ᠺᠠᠷᠲ᠋ᠤᠨ ᠨᠢ ᠡᠯᠪᠡᠭ ᠪᠠᠶᠠᠯᠢᠭ ᠢᠯᠡᠷᠡᠭᠦᠯᠬᠦ᠌ ᠠᠷᠭ᠎ᠠ ᠠᠪᠴᠠᠯ ᠡᠴᠡ ᠪᠡᠨ ᠪᠤᠯᠵᠦ᠍᠂ ᠰᠤᠨᠢᠨ ᠮᠡᠳᠡᠭᠡ ᠲᠠᠮᠵᠢᠭᠤᠯᠭ᠎ᠠ ᠵᠢᠨ ᠤᠬᠠᠭᠠᠨ᠎ᠤ ᠲᠤᠬᠠᠢ᠌ᠯᠠᠬ᠍ᠰᠠᠨ ᠠᠵᠢᠯ ᠪᠠ ᠡᠷᠲᠡᠮ ᠱᠢᠨᠵᠢᠯᠡᠭᠡᠨ᠎ᠤ ᠬᠦᠷᠢᠶ᠎ᠡ ᠴᠠᠷᠠᠭ᠎ᠠ᠎ᠳᠦ ᠡᠳᠦᠷ ᠢᠷᠡᠬᠦᠶ᠎ᠡ ᠦᠷᠭᠡᠨ ᠵᠢᠡᠷ ᠬᠡᠷᠡᠭ᠌ᠯᠡᠭ᠌ᠳᠡᠬᠦ᠌ ᠪᠤᠯᠵᠠᠢ᠃ ᠰᠤᠨᠢᠨ ᠰᠡᠳᠭᠦᠯ ᠲᠡᠭᠡᠷ᠎ᠡ ᠺᠠᠷᠲ᠋ᠤᠨ ᠨᠢ ᠱᠤᠭ ᠵᠢᠷᠤᠭ᠎ᠤᠨ ᠬᠡᠯᠪᠡᠷᠢ ᠪᠠᠷ ᠢᠯᠡᠷᠡᠵᠦ᠍᠂ ᠲᠸᠯᠸᠢᠰ ᠪᠠ ᠰᠦᠯᠵᠢᠶᠡᠨ ᠵᠠᠭᠤᠴᠢᠯᠠᠭᠤᠷ ᠲᠦ᠍ ᠭᠤᠤᠯᠳᠠᠭᠤ ᠺᠠᠷᠲ᠋ᠤᠨ᠎ᠦ ᠬᠡᠯᠪᠡᠷᠢ ᠵᠢ ᠬᠡᠷᠡᠭ᠌ᠯᠡᠳᠡᠭ ᠪᠠᠢ᠌ᠨ᠎ᠡ᠃ ᠤᠨᠴᠠᠭᠠᠢ᠌ᠯᠠᠨ ᠱᠢᠨ᠎ᠡ ᠵᠠᠭᠤᠴᠢᠯᠠᠭᠤᠷ᠎ᠤᠨ ᠨᠢᠰᠭᠦ ᠮᠡᠲᠦ ᠬᠦᠭ᠌ᠵᠢᠯᠲᠡ ᠵᠢ ᠲᠠᠭᠠᠯᠳᠦᠨ ᠺᠠᠷᠲ᠋ᠤᠨ ᠨᠢ ᠮᠠᠰᠢ ᠴᠢᠬᠤᠯᠠ ᠲᠦᠷᠢ ᠵᠢ ᠲᠤᠭ᠍ᠯᠠᠬᠤ ᠪᠤᠯᠵᠠᠢ᠃ ᠲᠡᠷᠡ ᠨᠢ ᠰᠤᠨᠢᠨ ᠮᠡᠳᠡᠭᠡᠨ᠎ᠤ ᠮᠡᠳᠡᠭᠡᠯᠡᠯ᠎ᠳᠦ ᠬᠠᠪᠰᠤᠷᠤᠮᠵᠢ ᠵᠢᠨ ᠦᠢᠯᠡᠲᠦᠯ ᠦᠵᠡᠬᠦᠯᠬᠦ᠌ ᠵᠢᠨ ᠬᠠᠮᠲᠦ ᠬᠡᠢ᠌ᠰᠪᠦᠷᠢ ᠠᠭᠤᠯᠭ᠎ᠠ ᠵᠢ ᠪᠤᠳᠠᠳᠠᠢ᠌ᠵᠢᠭᠤᠯᠤᠨ ᠲᠠᠮᠵᠢᠭᠤᠯᠭ᠎ᠠ ᠵᠢᠨ ᠴᠢᠨᠠᠷ ᠴᠢᠨᠰᠠᠭ᠎ᠠ ᠵᠢ ᠲᠡᠭᠡᠭ᠌ᠰᠢᠯᠡᠬᠦᠯᠵᠦ᠍᠂ ᠰᠤᠨᠢᠨ ᠮᠡᠳᠡᠭᠡᠨ᠎ᠤ ᠲᠤᠰᠭᠠᠢ ᠬᠡᠯᠪᠡᠷᠢ ᠪᠤᠯᠳᠠᠭ᠃ ᠤᠯᠠᠨ ᠵᠦᠢᠯ᠎ᠤᠨ ᠲᠠᠮᠵᠢᠭᠤᠯᠭ᠎ᠠ ᠵᠢᠨ ᠠᠷᠭ᠎ᠠ ᠠᠪᠴᠠᠯ᠎ᠢ ᠨᠢᠭᠡᠳᠭᠡᠭ᠌ᠰᠡᠨ ᠺᠠᠷᠲ᠋ᠤᠨ᠎ᠢ ᠰᠤᠨᠢᠨ ᠮᠡᠳᠡᠭᠡᠨ᠎ᠦ ᠮᠡᠳᠡᠭᠡᠯᠡᠯ᠎ᠳᠦ ᠬᠡᠷᠡᠭ᠌ᠯᠡᠬᠦ᠌ ᠨᠢ ᠤᠳᠤᠬᠠᠨ᠎ᠤ ᠲᠤᠭᠠᠴᠢᠯᠠᠬ᠍ᠰᠠᠨ ᠵᠠᠭᠤᠴᠢᠯᠠᠭᠤᠷ᠎ᠤᠨ ᠡᠷᠢᠨ᠎ᠦ ᠴᠢᠬᠤᠯᠠ ᠨᠢᠭᠡᠨ ᠬᠠᠨᠲᠤᠰᠢ ᠪᠤᠯᠤᠭ᠍ᠰᠠᠨ ᠪᠠᠢ᠌ᠨ᠎ᠡ ᠃

ᠺᠠᠷᠲ᠋ᠤᠨ᠎ᠨᠢ ᠤᠢ᠍ᠢᠷ᠎ᠡ ᠵᠢᠨ ᠵᠢᠯ᠎ᠳᠦ ᠮᠤᠩᠭᠤᠯ ᠰᠤᠨᠢᠨ ᠮᠡᠳᠡᠭᠡᠨ᠎ᠤ ᠲᠤᠬᠠᠢ᠌ᠯᠠᠭ᠍ᠰᠠᠨ ᠠᠵᠢᠯ᠎ᠤᠨ ᠬᠦᠷᠢᠶ᠎ᠡ ᠴᠠᠷᠠᠭᠠᠨ᠎ᠳᠦ ᠦᠷᠭᠡᠨ ᠵᠢᠡᠷ ᠬᠡᠷᠡᠭ᠌ᠯᠡᠭ᠌ᠳᠡᠵᠠᠢ᠃ ᠮᠤᠩᠭᠤᠯ ᠰᠤᠨᠢᠨ ᠨᠢ ᠤᠯᠠᠩᠬᠢ᠎ᠳᠠᠭᠠᠨ ᠱᠤᠭ ᠵᠢᠷᠤᠭ᠎ᠤᠨ ᠬᠡᠯᠪᠡᠷᠢ ᠵᠢ ᠬᠡᠷᠡᠭ᠌ᠯᠡᠵᠦ᠍᠂ ᠦᠪᠤᠷ ᠮᠤᠡᠭᠭᠤᠯ᠎ᠤᠨ ᠮᠤᠩᠭᠤᠯ ᠤᠳᠤᠨ ᠲᠸᠯᠸᠢᠰ ᠲᠦ᠍ ᠭᠤᠤᠯᠳᠠᠭᠤ ᠺᠠᠷᠲ᠋ᠤᠨ᠎ᠦ ᠬᠡᠯᠪᠡᠷᠢ ᠵᠢ ᠬᠡᠷᠡᠭ᠌ᠯᠡᠵᠦ᠍᠂ ᠮᠤᠩᠭᠤᠯ ᠱᠢᠨ᠎ᠡ ᠵᠠᠭᠤᠴᠢᠯᠠᠭᠤᠷ ᠲᠦ᠍ ᠤᠷᠲᠦ ᠵᠢᠷᠤᠭ᠂ ᠵᠢᠷᠤᠮᠠᠯ ᠵᠢᠷᠤᠭ᠂ H5 ᠂ ᠺᠠᠷᠲ᠋ᠤᠨ ᠵᠡᠷᠭᠡ ᠵᠢ ᠬᠠᠮᠲᠤᠷᠠᠭᠤᠯᠤᠨ ᠬᠡᠷᠡᠭ᠌ᠯᠡᠵᠦ᠍ ᠪᠠᠢ᠌ᠨ᠎ᠡ ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号