ᠱᠢᠨ᠎ᠡ ᠵᠠᠭᠤᠴᠢᠯᠠᠭᠤᠷ
2022-01-06 10:05:45
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠢᠲᠠᠳ ᠨᠡᠷ᠎ᠡ᠄ 新媒体

ᠠᠩᠭᠯᠢ ᠨᠡᠷ᠎ᠡ᠄ new media


ᠱᠢᠨ᠎ᠡ ᠵᠠᠭᠤᠴᠢᠯᠠᠭᠤᠷ ᠨᠢ ᠳᠤᠭᠠᠴᠢᠯᠠᠭ᠍ᠰᠠᠨ ᠮᠡᠷᠭᠡᠵᠢᠯ᠎ᠢ ᠠᠱᠢᠭ᠍ᠯᠠᠨ᠂ ᠺᠣᠮᠫᠢᠦ᠋ᠲ᠋ᠧᠷ ᠰᠦᠯᠵᠢᠶ᠎ᠡ᠂ ᠤᠲᠠᠰᠦᠬᠦᠢ ᠴᠢᠮᠡᠬᠡ ᠬᠤᠯᠪᠤᠭᠠᠨ᠎ᠤ ᠰᠦᠯᠵᠢᠶ᠎ᠡ᠂ ᠳᠠᠭᠠᠭᠤᠯᠢ ᠤᠳᠤ ᠵᠡᠷᠭᠡ ᠵᠠᠮ ᠰᠤᠪᠠᠭ ᠵᠢᠴᠢ ᠺᠣᠮᠫᠢᠦ᠋ᠲ᠋ᠧᠷ᠂ ᠭᠠᠷ ᠤᠲᠠᠰᠤ᠂ ᠳᠤᠭᠠᠴᠢᠯᠠᠭ᠍ᠰᠠᠨ ᠲᠧᠯᠸᠢᠰ ᠵᠡᠷᠭᠡ ᠦᠵᠦᠭᠦᠷᠯᠢᠭ᠎ᠢᠶᠡᠷ ᠳᠠᠮᠵᠢᠭᠤᠯᠤᠨ ᠬᠡᠷᠡᠭ᠌ᠯᠡᠭ᠌ᠴᠢᠳ᠎ᠲᠦ ᠮᠡᠳᠡᠭᠡ ᠵᠠᠩᠭᠢ ᠪᠠ ᠦᠢᠯᠡᠴᠢᠯᠡᠭᠡ ᠬᠠᠩᠭᠠᠳᠠᠭ᠃ ᠣᠷᠣᠨ ᠵᠠᠶ᠎ᠶ᠋ᠢᠨ ᠲᠠᠯ᠎ᠠ᠎ᠠᠴᠠ ᠠᠪᠴᠤ᠌ ᠦᠵᠡᠪᠡᠯ᠂ 《ᠱᠢᠨ᠎ᠡ ᠵᠠᠭᠤᠴᠢᠯᠠᠭᠤᠷ》 ᠭᠡᠳᠡᠭ ᠨᠢ ᠣᠳᠣᠬᠠᠨ᠎ᠳᠤ《ᠤᠯᠠᠮᠵᠢᠯᠠᠯᠲᠤ ᠵᠠᠭᠤᠴᠢᠯᠠᠭᠤᠷ》ᠲᠠᠢ ᠬᠠᠷᠠᠭᠠᠯᠵᠠᠬᠰᠠᠨ᠂ ᠲᠣᠭᠠᠨ᠎ᠤ ᠠᠪᠴᠢᠭᠤᠯᠤᠯ ᠪᠠ ᠤᠲᠠᠰᠤ ᠥᠬᠡᠶ ᠰᠦᠯᠵᠢᠶᠡᠨ᠎ᠦ ᠮᠡᠷᠭᠡᠵᠢᠯ᠎ᠳᠤ ᠲᠦᠰᠢᠭᠯᠡᠵᠦ᠂ ᠲᠡᠲᠡᠭᠡᠷ᠎ᠤᠨ ᠲᠤᠮᠤ ᠪᠠᠭ᠍ᠲᠠᠭᠠᠮᠵᠢᠲᠤ ᠴᠢᠨᠠᠷ᠂ ᠴᠠᠭ ᠲᠤᠬᠠᠢᠴᠢ ᠴᠢᠨᠠᠷ ᠪᠠ ᠰᠡᠯᠭᠦᠭᠡ ᠴᠢᠨᠠᠷ᠎ᠢ ᠠᠱᠢᠭ᠍ᠯᠠᠨ᠂ ᠭᠠᠵᠠᠷ ᠵᠦᠶ᠎ᠶ᠋ᠢᠨ ᠬᠢᠵᠠᠭᠠᠷ᠎ᠢ ᠳᠠᠪᠠᠵᠤ ᠡᠴᠦᠰ ᠲᠡᠭᠡᠨ ᠳᠡᠯᠡᠬᠡᠢᠵᠢᠯᠳᠠ ᠵᠢ ᠪᠡᠶᠡᠯᠡᠭᠦᠯᠵᠦ᠍ ᠴᠢᠳᠠᠬᠤ ᠵᠠᠭᠤᠴᠢᠯᠠᠭᠤᠷ᠎ᠢ ᠵᠢᠭᠠᠵᠤ ᠪᠠᠢᠨ᠎ᠠ᠃

 

ᠲᠠᠮᠵᠢᠭᠤᠯᠬᠤ ᠵᠠᠮ ᠰᠤᠪᠠᠭ᠄ ᠺᠤᠮᠫᠢᠦ᠋ᠲᠧᠷ ᠰᠦᠯᠵᠢᠶ᠎ᠡ᠂ ᠤᠲᠠᠰᠦᠬᠦᠢ ᠴᠢᠮᠡᠬᠡ ᠬᠤᠯᠪᠤᠭᠠᠨ᠎ᠤ ᠰᠦᠯᠵᠢᠶ᠎ᠠ ᠵᠡᠷᠭᠡ

ᠬᠠᠷᠢᠶᠠᠯᠠᠬᠲᠠᠬᠤ ᠬᠦᠷᠢᠶ᠎ᠡ ᠬᠡᠪᠴᠢᠶ᠎ᠡ᠄ ᠺᠤᠮᠫᠢᠦ᠋ᠲᠧᠷ᠎ᠤᠨ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ

 

ᠡᠬᠦᠰᠦᠯ

ᠬᠢᠲᠠᠳ ᠬᠡᠯᠡᠨ᠎ᠦ 《ᠱᠢᠨ᠎ᠡ ᠵᠠᠭᠤᠴᠢᠯᠠᠭᠤᠷ》 ᠭᠡᠳᠡᠭ ᠦᠭᠡ ᠪᠣᠯ ᠠᠨᠭ᠌ᠭ᠌ᠯᠢ ᠬᠡᠯᠡᠨ᠎ᠦ 《New Media》᠎ᠶᠢᠨ ᠱᠢᠭᠤᠳ ᠣᠷᠴᠢᠭᠤᠯᠭ᠎ᠠ ᠪᠣᠯᠤᠨ᠎ᠠ᠂ ᠡᠢᠮᠦ᠍᠎ᠡᠴᠡ 《ᠱᠢᠨ᠎ᠡ ᠵᠠᠭᠤᠴᠢᠯᠠᠭᠤᠷ》᠎ᠤᠨ ᠡᠭᠦᠰᠦᠯ᠎ᠢ ᠣᠢᠯᠠᠭᠠᠬᠤ᠎ᠳᠤ 《New Media》 ᠭᠡᠳᠡᠭ ᠦᠭᠡ᠎ᠶ᠋ᠢᠨ ᠢᠷᠡᠯᠲᠡ᠎ᠡᠴᠡ ᠶᠠᠷᠢᠬᠤ ᠬᠡᠷᠡᠭ᠌ᠲᠡᠶ᠃ ᠶᠡᠷᠦ᠍᠎ᠳᠡᠭᠡᠨ 《ᠱᠢᠨ᠎ᠡ ᠵᠠᠭᠤᠴᠢᠯᠠᠭᠤᠷ》 ᠨᠢ ᠲᠠᠮᠵᠢᠭᠤᠯᠭ᠎ᠠ᠎ᠶᠢᠨ ᠵᠠᠭᠤᠴᠢ᠎ᠶ᠋ᠢᠨ ᠲᠤᠰᠭᠠᠶ ᠨᠡᠷ᠎ᠡ ᠲᠣᠮᠢᠶ᠎ᠠ ᠪᠣᠯᠤᠭ᠍ᠰᠠᠨ᠎ᠤ ᠬᠤᠪᠢ᠎ᠳᠤ᠂ ᠬᠠᠮᠤᠭ᠎ᠤᠨ ᠡᠷᠲᠡ᠎ᠳᠡᠭᠡᠨ ᠠᠮᠧᠷᠢᠺᠠ᠎ᠶ᠋ᠢᠨ ᠨᠢᠭᠡᠨ P.ᠭᠧᠦ᠋ᠳ᠋ᠮᠠᠷᠺ ( Peter Carl Goldmark) ᠭᠡᠳᠡᠭ ᠬᠥᠮᠦᠨ ᠳᠤᠷᠠᠳᠴᠤ᠌ ᠭᠠᠷᠭᠠᠭ᠍ᠰᠠᠨ ᠶᠤᠮ᠃ ᠲᠡᠷᠡ 1967 ᠣᠨ᠎ᠳᠤ EVR ᠲᠠᠸᠠᠷ ᠨᠡᠭᠡᠭᠡᠨ ᠠᠱᠢᠭ᠍ᠯᠠᠬᠤ ᠲᠥᠯᠥᠪᠯᠡᠭᠡ ᠨᠡᠢᠲᠡᠯᠡᠵᠦ᠍᠂ ᠡᠨᠡ ᠲᠥᠯᠥᠪᠯᠡᠭᠡ᠎ᠳᠡᠭᠡᠨ 《ᠱᠢᠨ᠎ᠡ ᠵᠠᠭᠤᠴᠢᠯᠠᠭᠤᠷ》 ᠭᠡᠬᠦ᠌ ᠦᠭᠡ᠎ᠶ᠋ᠢ ᠠᠩᠬ᠎ᠠ ᠳᠤᠷᠠᠳᠤᠭ᠍ᠰᠠᠨ᠎ᠤ ᠳᠠᠷᠠᠭ᠎ᠠ᠂ᠠᠮᠧᠷᠢᠺᠠ᠎ᠶ᠋ᠢᠨ ᠳᠠᠮᠵᠢᠭᠤᠯᠭ᠎ᠠ᠎ᠶ᠋ᠢᠨ ᠲᠥᠷᠥ᠎ᠶ᠋ᠢᠨ ᠪᠣᠳᠣᠯᠭ᠎ᠠ᠎ᠶ᠋ᠢᠨ ᠶᠡᠷᠦᠩᠬᠡᠢᠯᠡᠭ᠌ᠴᠢ᠎ᠶ᠋ᠢᠨ ᠣᠨᠴᠠᠭᠠᠶ ᠵᠥᠪᠯᠡᠯ᠎ᠦᠨ ᠲᠡᠷᠢᠭᠦᠯᠡᠭ᠌ᠴᠢ ᠪᠠᠢᠬᠰᠠᠨ E ᠷᠤᠰᠲ᠋ᠤ᠋  (E Rostow ) ᠭᠡᠳᠡᠭ ᠬᠥᠮᠦᠨ 1969 ᠣᠨ᠎ᠳᠤ ᠲᠤᠬᠠᠢ᠎ᠶ᠋ᠢᠨ ᠦᠶ᠎ᠡ᠎ᠶ᠋ᠢᠨ ᠠᠮᠧᠷᠢᠺᠠ᠎ᠶ᠋ᠢᠨ ᠶᠡᠷᠦᠩᠬᠡᠢᠯᠡᠭ᠌ᠴᠢ ᠨᠢᠺᠰᠦᠨ᠎ᠳᠤ ᠳᠡᠪᠱᠢᠭᠦᠯᠦᠭ᠌ᠰᠡᠨ ᠮᠡᠳᠡᠭᠦᠯᠦᠯᠲᠡ᠎ᠶ᠋ᠢᠨ ᠪᠢᠴᠢᠭ᠎ᠲᠡᠬᠡᠨ ᠪᠠᠰᠠ ᠮᠠᠰᠢ ᠤᠯᠠᠨ ᠤᠲᠠᠭ᠎ᠠ 《New Media》 ( ᠱᠢᠨ᠎ᠡ ᠵᠠᠭᠤᠴᠢᠯᠠᠭᠤᠷ ) ᠭᠡᠬᠦ᠌ ᠦᠭᠡ᠎ᠶ᠋ᠢ ᠬᠡᠷᠡᠭ᠌ᠯᠡᠵᠡᠢ᠃

ᠡᠬᠦᠨ ᠡᠴᠡ ᠰᠡᠬᠦᠯᠡᠷ᠂ 《ᠱᠢᠨ᠎ᠡ ᠵᠠᠭᠤᠴᠢᠯᠠᠭᠤᠷ》 ᠭᠡᠬᠦ᠌ ᠦᠭᠡ ᠠᠮᠧᠷᠢᠺᠠ᠎ᠶ᠋ᠢᠨ ᠨᠡᠢᠭᠡᠮ᠎ᠳᠦ ᠳᠡᠯᠭᠡᠷᠡᠭᠰᠡᠨ ᠪᠦᠬᠡᠳ ᠪᠦᠬᠦ᠌ ᠳᠡᠯᠡᠬᠡᠢ᠎ᠳᠦ ᠤᠯᠠᠮᠵᠢᠯᠠᠭ᠍ᠳᠠᠵᠤ᠂ ᠠᠭᠠᠵᠢᠮ᠎ᠢᠶᠠᠷ ᠪᠦᠬᠦ᠌ ᠳᠡᠯᠡᠬᠡᠢ᠎ᠶ᠋ᠢᠨ ᠬᠠᠯᠠᠮᠱᠢᠯ ᠰᠡᠳᠦᠪ ᠪᠣᠯᠪᠠ᠃

 

ᠠᠭᠤᠯᠤᠬᠲᠠᠬᠤᠨ

ᠳᠡᠯᠭᠡᠷᠡᠩᠭᠦᠶ ᠤᠳᠭ᠎ᠠ᠎ᠶ᠋ᠢᠨ ᠱᠢᠨ᠎ᠡ ᠵᠠᠭᠤᠴᠢᠯᠠᠭᠤᠷ᠎ᠲᠤ ᠬᠣᠶᠠᠷ ᠶᠡᠬᠡ ᠲᠥᠷᠥᠯ᠎ᠢ ᠪᠠᠭ᠍ᠲᠠᠭᠠᠨ᠎ᠠ᠄

ᠨᠢᠭᠡ᠎ᠳᠦ᠂ ᠮᠡᠷᠭᠡᠵᠢᠯ᠎ᠦᠨ ᠳᠠᠪᠱᠢᠯᠲᠠ᠎ᠳᠤ ᠰᠠᠭᠤᠷᠢᠯᠠᠬᠰᠠᠨ ᠵᠠᠭᠤᠴᠢᠯᠠᠭᠤᠷ᠎ᠤᠨ ᠬᠡᠯᠪᠡᠷᠢ᠎ᠶ᠋ᠢᠨ ᠬᠤᠪᠢᠰᠤᠯᠲᠠ᠂ ᠢᠯᠠᠩᠭᠤᠶ᠎ᠠ ᠤᠲᠠᠰᠦᠬᠦᠢ ᠴᠢᠮᠡᠬᠡ ᠬᠤᠯᠪᠤᠭᠠᠨ᠎ᠤ ᠮᠡᠷᠭᠡᠵᠢᠯ ᠪᠠ ᠰᠦᠯᠵᠢᠶᠡᠨ᠎ᠦ ᠮᠡᠷᠭᠡᠵᠢᠯ᠎ᠳᠦ ᠰᠠᠭᠤᠷᠢᠯᠠᠭ᠍ᠰᠠᠨ ᠵᠠᠭᠤᠴᠢᠯᠠᠭᠤᠷ᠎ᠤᠨ ᠬᠡᠯᠪᠡᠷᠢ᠎ᠶᠢ ᠵᠢᠭᠠᠨ᠎ᠠ᠂ ᠵᠢᠱ᠌ᠢᠶᠡᠯᠡᠪᠡᠯ᠂ ᠲᠣᠭᠠᠴᠢᠯᠠᠭ᠍ᠰᠠᠨ ᠲᠧᠯᠸᠢᠰ᠂ IPTV ( ᠰᠡᠯᠬᠦᠬᠡ ᠬᠡᠯᠪᠡᠷᠢ᠎ᠶᠢᠨ ᠰᠦᠯᠵᠢᠶᠡᠨ᠎ᠦ ᠲᠧᠯᠸᠢᠰ )᠂ ᠭᠠᠷ ᠤᠲᠠᠰᠤ ᠵᠡᠷᠭᠡ᠃

ᠬᠣᠶᠠᠷ᠎ᠲᠤ᠂ ᠠᠮᠢᠳᠤᠷᠠᠯ᠎ᠤᠨ ᠠᠷᠭ᠎ᠠ ᠮᠠᠶᠢᠭ᠎ᠤᠨ ᠬᠤᠪᠢᠷᠠᠬᠤ᠎ᠶ᠋ᠢ ᠳᠠᠭᠠᠯᠳᠤᠨ᠂ ᠥᠩᠭᠡᠷᠡᠭ᠌ᠰᠡᠨ᠎ᠳᠦ ᠨᠢᠭᠡᠨᠲᠡ ᠣᠷᠣᠱᠢᠵᠤ ᠪᠠᠢᠭ᠍ᠰᠠᠨ ᠪᠤᠯᠪᠠᠴᠦ ᠣᠳᠣ ᠰᠠᠶᠢ ᠮᠡᠳᠡᠭᠡ ᠵᠠᠩᠭᠢ ᠳᠠᠮᠵᠢᠭᠤᠯᠬᠤ᠎ᠳᠤ ᠠᠰᠢᠬᠯᠠᠬᠰᠠᠨ ᠠᠴᠢᠶᠠᠯᠠᠬᠴᠢ᠎ᠶᠢ ᠵᠢᠭᠠᠨ᠎ᠠ᠃ ᠵᠢᠱ᠌ᠢᠶᠡᠯᠡᠪᠡᠯ᠂ ᠠᠰᠠᠷ ᠲᠠᠭ᠍ᠲᠤ᠎ᠶ᠋ᠢᠨ ᠲᠧᠯᠸᠢᠰ᠂ ᠲᠡᠷᠭᠡᠨ ᠳᠡᠭᠡᠷᠡᠬᠢ ᠲᠧᠯᠸᠢᠰ ᠵᠡᠷᠭᠡ᠃ ᠢᠪᠴᠦᠦ ᠤᠳᠭ᠎ᠠ᠎ᠶ᠋ᠢᠨ ᠱᠢᠨ᠎ᠡ ᠵᠠᠭᠤᠴᠢᠯᠠᠭᠤᠷ ᠭᠡᠳᠡᠭ ᠨᠢ ᠵᠥᠪᠬᠡᠨ ᠲᠡᠭᠡᠷᠡᠬᠢ ᠨᠢᠭᠡᠳᠦᠭᠡᠷ ᠲᠥᠷᠥᠯ᠎ᠦᠨ ᠵᠠᠭᠤᠴᠢᠯᠠᠭᠤᠷ᠂ ᠲᠠᠷᠤᠢ ᠮᠡᠷᠭᠡᠵᠢᠯ᠎ᠦᠨ ᠳᠠᠪᠱᠢᠯᠲᠠ᠎ᠳᠤ ᠰᠠᠭᠤᠷᠢᠯᠠᠨ ᠡᠭᠦᠰᠦᠭ᠌ᠰᠡᠨ ᠵᠠᠭᠤᠴᠢᠯᠠᠭᠤᠷ᠎ᠤᠨ ᠬᠡᠯᠪᠡᠷᠢ᠎ᠶ᠋ᠢ ᠵᠢᠭᠠᠵᠤ ᠪᠠᠢᠨ᠎ᠠ᠃

ᠳᠤᠤᠷᠠᠬᠢ ᠳᠥᠷᠪᠡᠨ ᠳᠠᠪᠬᠤᠷᠭ᠎ᠠ᠎ᠠᠴᠠ ᠱᠢᠨ᠎ᠡ ᠵᠠᠭᠤᠴᠢᠯᠠᠭᠤᠷ᠎ᠤᠨ ᠤᠬᠠᠭ᠍ᠳᠠᠬᠤᠨ᠎ᠢ ᠣᠢᠯᠠᠭᠠᠵᠤ ᠪᠣᠯᠤᠨ᠎ᠠ᠄

ᠮᠡᠷᠭᠡᠵᠢᠯ᠎ᠦᠨ ᠳᠠᠪᠬᠤᠷᠭ᠎ᠠ᠄ ᠲᠣᠭᠠᠴᠢᠯᠠᠭ᠍ᠰᠠᠨ ᠮᠡᠷᠭᠡᠵᠢᠯ᠂ ᠰᠦᠯᠵᠢᠶᠡᠨ᠎ᠦ ᠮᠡᠷᠭᠡᠵᠢᠯ ᠪᠠ ᠱᠢᠯᠵᠢᠮᠡᠯ ᠬᠣᠯᠪᠣᠭᠠᠨ᠎ᠤ ᠮᠡᠷᠭᠡᠵᠢᠯ᠎ᠢ ᠠᠱᠢᠭ᠍ᠯᠠᠨ᠎ᠠ ;

ᠵᠠᠮ ᠰᠤᠪᠠᠭ᠎ᠤᠨ ᠳᠠᠪᠬᠤᠷᠭ᠎ᠠ᠄ ᠢᠨᠲ᠋ᠸᠷ ᠰᠦᠯᠵᠢᠶ᠎ᠡ᠂ ᠥᠷᠭᠡᠨ ᠪᠦᠰᠡᠲᠦ ᠬᠡᠰᠡᠭ ᠬᠡᠪᠴᠢᠶᠡᠨ᠎ᠦ ᠰᠦᠯᠵᠢᠶ᠎ᠡ᠂ ᠤᠲᠠᠰᠦᠬᠦᠶ ᠴᠢᠮᠡᠬᠡ ᠬᠣᠯᠪᠣᠭᠠᠨ᠎ᠤ ᠰᠦᠯᠵᠢᠶ᠎ᠡ ᠪᠠ ᠳᠠᠭᠠᠭᠤᠯᠢ ᠣᠲᠣ ᠵᠡᠷᠭᠡ ᠵᠠᠮ ᠰᠤᠪᠠᠭ᠎ᠢᠶᠠᠷ ᠳᠠᠮᠵᠢᠭᠤᠯᠤᠨ᠎ᠠ ;

ᠦᠵᠦᠭᠦᠷᠯᠢᠭ᠎ᠦᠨ ᠳᠠᠪᠬᠤᠷᠭ᠎ᠠ᠄ ᠲᠧᠯᠸᠢᠰ᠂ ᠺᠣᠮᠫᠢᠦ᠋ᠲ᠋ᠧᠷ ᠪᠠ ᠭᠠᠷ ᠤᠲᠠᠰᠤ ᠵᠡᠷᠭᠡ᠎ᠪᠡᠷ ᠦᠵᠦᠭᠦᠷᠯᠢᠭ ᠪᠣᠯᠭᠠᠨ᠎ᠠ︔

ᠦᠶ᠋ᠯᠡᠴᠢᠯᠡᠭᠡᠨ᠎ᠦ ᠲᠠᠪᠬᠤᠷᠭ᠎ᠠ᠄ ᠬᠡᠷᠡᠭ᠌ᠯᠡᠭ᠌ᠴᠢᠳ᠎ᠲᠦ ᠸᠢᠳᠢᠣ᠋᠂ ᠠᠦ᠋ᠳᠢᠣ᠋᠂ ᠠᠪᠢᠶᠠᠨ᠎ᠤ ᠲᠣᠭ᠎ᠠ ᠪᠠᠷᠢᠮᠲᠠ᠎ᠶ᠋ᠢᠨ ᠦᠶ᠋ᠯᠡᠴᠢᠯᠡᠭᠡ᠂ ᠠᠯᠤᠰ ᠡᠵᠡᠮᠱᠢᠯᠲᠦ ᠰᠤᠷᠭᠠᠨ ᠬᠥᠮᠦᠵᠢᠯ ᠵᠡᠷᠭᠡ ᠬᠤᠷᠠᠮᠠᠯ ᠮᠡᠳᠡᠭᠡ ᠵᠠᠩᠭᠢ ᠪᠠ ᠵᠤᠭ᠎ᠠ ᠴᠡᠩᠭᠡᠯ᠎ᠦᠨ ᠦᠶ᠋ᠯᠡᠴᠢᠯᠡᠭᠡ ᠬᠠᠩᠭᠠᠨ᠎ᠠ᠃

 

ᠤᠨᠴᠠᠯᠢᠭ

ᠲᠣᠭᠠᠴᠢᠯᠠᠭ᠍ᠰᠠᠨ ᠮᠡᠷᠭᠡᠵᠢᠯ᠎ᠢᠶᠡᠷ ᠲᠥᠯᠥᠭᠡᠯᠡᠭᠦᠯᠦᠭ᠌ᠰᠡᠨ ᠱᠢᠨ᠎ᠡ ᠵᠠᠭᠤᠴᠢᠯᠠᠭᠤᠷ᠎ᠤᠨ ᠬᠠᠮᠤᠭ᠎ᠤᠨ ᠶᠡᠬᠡ ᠣᠨᠴᠠᠯᠢᠭ ᠪᠣᠯ ᠵᠠᠭᠤᠴᠢᠯᠠᠭᠤᠷ᠎ᠤᠨ ᠬᠣᠭᠣᠷᠣᠨᠳᠣᠬᠢ ᠪᠡᠬᠢᠯᠡᠯᠲᠡ᠎ᠶ᠋ᠢ ᠡᠪᠳᠡᠵᠦ᠍᠂ ᠵᠠᠭᠤᠴᠢᠯᠠᠭᠤᠷ᠎ᠤᠨ ᠬᠣᠭᠣᠷᠣᠨᠳᠣᠬᠢ᠂ ᠭᠠᠵᠠᠷ ᠣᠷᠣᠨ᠂ ᠵᠠᠰᠠᠭ ᠵᠠᠬᠢᠷᠭᠠᠨ᠎ᠤ ᠬᠣᠭᠣᠷᠣᠨᠳᠣᠬᠢ᠂ ᠴᠠᠭᠠᠰᠢᠯᠠᠪᠠᠯ ᠤᠯᠠᠮᠵᠢᠯᠠᠭ᠍ᠴᠢ ᠪᠣᠯᠤᠨ ᠬᠦᠯᠢᠶᠡᠨ ᠠᠪᠤᠭ᠍ᠴᠢ᠎ᠶ᠋ᠢᠨ ᠬᠣᠭᠣᠷᠣᠨᠳᠣᠬᠢ ᠵᠠᠭᠠᠭ᠎ᠢ ᠪᠠᠯᠠᠷᠬᠠᠢᠰᠢᠭᠤᠯᠤᠬᠰᠠᠨ ᠶᠠᠪᠤᠳᠠᠯ ᠪᠣᠯᠤᠨ᠎ᠠ᠃

ᠱᠢᠨ᠎ᠡ ᠵᠠᠭᠤᠴᠢᠯᠠᠭᠤᠷ ᠲᠦ᠍ ᠪᠠᠰᠠ ᠳᠤᠤᠷᠠᠬᠢ ᠬᠡᠳᠦᠨ ᠣᠨᠴᠠᠯᠢᠭ ᠲᠠᠢ ᠄

( ᠨᠢᠭᠡ ) ᠵᠠᠭᠤᠴᠢᠯᠠᠭᠤᠷ᠎ᠤᠨ ᠤᠨᠴᠠᠯᠢᠭ ᠲᠣᠪᠣᠢᠮ᠎ᠠ

ᠮᠡᠷᠭᠡᠵᠢᠯ᠎ᠦᠨ ᠱᠢᠯᠲᠠᠭᠠᠨ᠎ᠠᠴᠠ ᠪᠣᠯᠵᠤ᠂ ᠥᠩᠭᠡᠷᠡᠭ᠌ᠰᠡᠨ᠎ᠳᠦ ᠠᠯᠢᠪᠠ ᠵᠠᠭᠤᠴᠢᠯᠠᠭᠤᠷ ᠪᠦᠷ ᠣᠯᠠᠨ ᠲᠦᠮᠡᠨᠴᠢᠯᠡᠭ᠌ᠰᠡᠨ ᠤᠨᠴᠠᠯᠢᠭ ᠲᠠᠢ ᠪᠠᠢᠵᠠᠢ᠃ ᠬᠠᠷᠢᠨ ᠱᠢᠨ᠎ᠡ ᠵᠠᠭᠤᠴᠢᠯᠠᠭᠤᠷ ᠨᠢ ᠨᠠᠩ ᠨᠠᠷᠢᠨ ᠬᠤᠪᠢᠶᠠᠷᠢᠯᠠᠬᠰᠠᠨ ᠭᠥᠯᠢᠶᠡᠨ ᠠᠪᠤᠭ᠍ᠴᠢᠳ᠎ᠲᠤ ᠬᠠᠨᠳᠤᠭᠤᠯᠵᠤ ᠂ ᠬᠤᠪᠢ ᠬᠥᠮᠦᠨ᠎ᠳᠦ ᠬᠠᠨᠳᠤᠭᠤᠯᠤᠬᠰᠠᠨ ᠤᠨᠴᠠᠯᠢᠭ ᠲᠠᠢ ᠪᠠᠢᠵᠦ ᠂ ᠬᠤᠪᠢ ᠬᠥᠮᠦᠨ ᠨᠢ ᠱᠢᠨ᠎ᠡ ᠵᠠᠭᠤᠴᠢᠯᠠᠭᠤᠷ᠎ᠢᠶᠠᠷ ᠳᠠᠮᠵᠢᠭᠤᠯᠤᠨ ᠥᠪᠡᠷ᠎ᠦᠨ ᠬᠡᠷᠡᠭ᠌ᠰᠡᠬᠦ᠌ ᠰᠣᠨᠢᠨ ᠮᠡᠳᠡᠭᠡ᠎ᠪᠡᠨ ᠲᠣᠭ᠍ᠲᠠᠭᠠᠵᠤ ᠪᠣᠯᠤᠨ᠎ᠠ᠃ ᠥᠭᠡᠷ᠎ᠡ᠎ᠪᠡᠷ ᠬᠡᠯᠡᠪᠡᠯ᠂ ᠱᠢᠨ᠎ᠡ ᠵᠠᠭᠤᠴᠢᠯᠠᠭᠤᠷ᠎ᠤᠨ ᠬᠦᠯᠢᠶᠡᠨ ᠠᠪᠤᠭ᠍ᠴᠢᠳ᠎ᠤᠨ ᠭᠠᠷ᠎ᠲᠠᠬᠢ ᠬᠠᠮᠤᠭ᠎ᠤᠨ ᠡᠴᠦᠰ᠎ᠦᠨ ᠬᠦᠯᠢᠶᠡᠨ ᠠᠪᠤᠭ᠍ᠰᠠᠨ ᠮᠡᠳᠡᠭᠡ ᠵᠠᠩᠭᠢ᠎ᠶ᠋ᠢᠨ ᠠᠭᠤᠯᠭ᠎ᠠ ᠨᠢ ᠠᠳᠠᠯᠢ ᠪᠠᠢᠵᠤ ᠪᠣᠯᠤᠨ᠎ᠠ ᠂ ᠪᠦᠷᠢᠮᠦᠰᠦᠨ ᠠᠳᠠᠯᠢ ᠪᠤᠰᠤ ᠴᠤ᠌ ᠪᠠᠢᠵᠦ ᠪᠣᠯᠤᠨ᠎ᠠ᠃ ᠤᠯᠠᠮᠵᠢᠯᠠᠯᠲᠤ ᠵᠠᠭᠤᠴᠢᠯᠠᠭᠤᠷ ᠨᠢ ᠬᠦᠯᠢᠶᠡᠨ ᠠᠪᠤᠭ᠍ᠴᠢᠳ᠎ᠢ ᠤᠲᠤᠷᠢᠲᠤᠨ ᠲᠠᠭᠠᠭᠤᠯᠲᠠᠭ ᠪᠤᠯ᠂ ᠰᠢᠨ᠎ᠡ ᠵᠠᠭᠤᠴᠢᠯᠠᠭᠤᠷ᠎ᠢ ᠪᠤᠯ ᠬᠦᠯᠢᠶᠡᠨ ᠠᠪᠤᠬᠴᠢᠳ ᠤᠲᠤᠷᠢᠲᠤᠨ ᠲᠠᠭᠠᠭᠤᠯᠲᠠᠭ᠃ 

(ᠬᠣᠶᠠᠷ) ᠬᠦᠯᠢᠶᠡᠨ ᠠᠪᠤᠭ᠍ᠴᠢᠳ᠎ᠤᠨ ᠰᠣᠩᠭᠣᠯᠲᠠ ᠨᠡᠮᠡᠭᠳᠡᠪᠡ

ᠮᠡᠷᠭᠡᠵᠢᠯ᠎ᠦᠨ ᠲᠠᠯ᠎ᠠ᠎ᠠᠴᠠ ᠠᠪᠴᠤ᠌ ᠬᠡᠯᠡᠪᠡᠯ᠂ ᠱᠢᠨ᠎ᠡ ᠵᠠᠭᠤᠴᠢᠯᠠᠭᠤᠷ᠎ᠤᠨ ᠴᠠᠭ ᠦᠶ᠎ᠡ᠎ᠳᠤ ᠬᠥᠮᠦᠨ ᠪᠣᠯᠭᠠᠨ ᠮᠡᠳᠡᠭᠡ ᠵᠠᠩᠭᠢ᠎ᠶ᠋ᠢ ᠭᠥᠯᠢᠶᠡᠨ ᠠᠪᠴᠤ᠌ ᠪᠣᠯᠤᠨ᠎ᠠ᠂ ᠬᠥᠮᠦᠨ ᠪᠣᠯᠭᠠᠨ ᠮᠡᠳᠡᠭᠡ ᠵᠠᠩᠭᠢ᠎ᠶᠢᠨ ᠨᠡᠢᠲᠡᠯᠡᠭ᠌ᠴᠢ ᠪᠣᠯᠵᠣ ᠪᠣᠯᠤᠨ᠎ᠠ᠂ ᠬᠡᠷᠡᠭ᠌ᠯᠡᠭ᠌ᠴᠢ ᠨᠢᠭᠡ ᠲᠠᠯ᠎ᠠ᠎ᠪᠠᠷ ᠲᠧᠯᠸᠢᠰ ᠫᠷᠤᠭ᠌ᠷᠠᠮ ᠦᠵᠡᠵᠦ᠍᠂ ᠨᠥᠭᠥᠭᠡ ᠲᠠᠯ᠎ᠠ᠎ᠪᠠᠷ ᠳᠠᠭᠤᠤ ᠬᠥᠭ᠌ᠵᠢᠮ ᠰᠤᠨᠤᠰᠴᠦ ᠪᠣᠯᠤᠨ᠎ᠠ᠂ ᠪᠠᠰᠠ ᠫᠷᠤᠭ᠌ᠷᠠᠮ᠎ᠳᠤ ᠪᠢᠯᠧᠲ ᠦᠭᠴᠦ ᠪᠣᠯᠤᠨ᠎ᠠ᠂ ᠮᠡᠳᠡᠭᠡ ᠵᠠᠩᠭᠢ ᠴᠦ᠍ ᠡᠷᠢᠵᠦ᠍ ᠪᠣᠯᠤᠨ᠎ᠠ᠃ ᠡᠳᠡᠭᠡᠷ ᠨᠢ ᠰᠣᠨᠢᠨ ᠮᠡᠳᠡᠭᠡᠨ᠎ᠦ ᠪᠠᠢᠭᠤᠯᠤᠮᠵᠢ ᠰᠠᠶᠢ ᠰᠣᠨᠢᠨ ᠮᠡᠳᠡᠭᠡ ᠨᠡᠢᠲᠡᠯᠡᠵᠦ ᠪᠤᠯᠲᠠᠭ ᠬᠢᠵᠠᠭᠠᠷᠯᠠᠯ᠎ᠢ ᠡᠪᠳᠡᠪᠡ᠃

( ᠭᠤᠷᠪᠠ ) ᠢᠯᠡᠷᠡᠬᠦᠯᠬᠦ ᠬᠡᠯᠪᠡᠷᠢ ᠨᠢ ᠤᠯᠡᠠ ᠶᠠᠩᠵᠤ᠎ᠶ᠋ᠢᠨ ᠪᠤᠯᠪᠠ

ᠱᠢᠨ᠎ᠡ ᠵᠠᠭᠤᠴᠢᠯᠠᠭᠤᠷ᠎ᠤᠨ ᠬᠡᠯᠪᠡᠷᠢ ᠣᠯᠠᠨ ᠶᠠᠩᠵᠤ᠎ᠶ᠋ᠢᠨ ᠪᠠᠢᠵᠤ᠂ ᠢᠯᠡᠷᠡᠬᠦᠯᠬᠦ ᠬᠡᠯᠪᠡᠷᠢ ᠨᠢ ᠴᠦ᠍ ᠤᠯᠠᠨ ᠶᠠᠨᠭᠵᠦ᠎ᠶᠢᠨ ᠪᠠᠢᠲᠠᠭ᠂ ᠦᠰᠦᠭ ᠪᠢᠴᠢᠭ᠂ ᠠᠦᠳᠢᠤ᠋᠂ ᠵᠢᠷᠤᠭ ᠳᠦᠷᠰᠦ᠎ᠶ᠋ᠢ ᠠᠭᠤᠰᠭᠠᠨ᠂ ᠠᠭᠤᠯᠭ᠎ᠠ ᠎ᠶᠢ ᠴᠠᠭ ᠲᠤᠬᠠᠶ᠎ᠳᠤᠨᠢ᠂ ᠬᠢᠵᠠᠭᠠᠷ ᠦᠭᠡᠶ ᠥᠷᠭᠡᠳᠭᠡᠭᠡᠳ ᠂ ᠠᠭᠤᠯᠭ᠎ᠠ᠎ᠶ᠋ᠢ ᠨᠡᠩ ᠠᠮᠢᠲᠤᠯᠢᠭ ᠪᠣᠯᠭᠠᠳᠠᠭ᠃

(ᠳᠥᠷᠪᠡ) ᠮᠡᠳᠡᠭᠡ ᠵᠠᠩᠭᠢ᠎ᠶᠢ ᠴᠠᠭ ᠲᠤᠬᠠᠢ᠎ᠳᠤ ᠨᠡᠢᠳᠡᠯᠡᠳᠡᠭ᠃

ᠷᠠᠳᠢᠣ᠋᠂ ᠲᠧᠯᠸᠢᠰ᠎ᠲᠡᠶ ᠬᠠᠷᠢᠴᠠᠭᠤᠯᠪᠠᠯ᠂ ᠱᠢᠨ᠎ᠡ ᠵᠠᠭᠤᠴᠢᠯᠠᠭᠤᠷ ᠯᠠ ᠰᠠᠶᠢ ᠦᠨᠡᠨᠬᠦ᠌ ᠴᠠᠭ᠎ᠤᠨ ᠬᠢᠵᠠᠭᠠᠷᠯᠠᠯ ᠥᠬᠡᠶ ᠪᠠᠢᠵᠦ᠂ ᠴᠠᠭ ᠢᠮᠠᠭ᠍ᠲᠠ ᠮᠡᠳᠡᠭᠡ ᠵᠠᠡᠭᠭᠢ᠎ᠶᠢ ᠪᠣᠯᠪᠠᠰᠤᠷᠠᠭᠤᠯᠤᠨ ᠨᠡᠢᠲᠡᠯᠡᠵᠦ᠍ ᠪᠣᠯᠲᠠᠭ᠃ ᠱᠢᠨ᠎ᠡ ᠵᠠᠭᠤᠴᠢᠯᠠᠭᠤᠷ ᠨᠢ ᠬᠦᠴᠦᠷᠬᠡᠭ ᠶᠡᠬᠡ ᠵᠥᠭᠡᠯᠡᠨ ᠲᠣᠨᠣᠭ ᠪᠠ ᠰᠦᠯᠵᠢᠶᠡᠨ ᠬᠠᠭᠤᠳᠠᠰᠤ᠎ᠪᠠᠷ ᠠᠭᠤᠯᠭ᠎ᠠ᠎ᠪᠠᠨ ᠢᠯᠡᠷᠡᠭᠦᠯᠵᠦ᠍᠂ ᠭᠡᠷᠡᠭᠯᠡᠭᠴᠢᠳ ᠭᠡᠷᠡᠭᠳᠡᠢ ᠮᠡᠳᠡᠭᠡ ᠪᠠᠨ 24 ᠴᠠᠭ ᠲᠦ᠍ ᠰᠦᠯᠵᠢᠶᠡᠨ ᠡᠴᠡ ᠴᠢᠯᠦᠭᠡᠳᠡᠢ ᠡᠷᠢᠵᠦ ᠪᠤᠯᠤᠨ᠎ᠠ᠃

 

ᠲᠦᠷᠦᠯ ᠵᠦᠢᠯ

( ᠨᠢᠭᠡ ) ᠭᠠᠷ ᠤᠲᠠᠰᠤᠨ᠎ᠤ ᠵᠠᠭᠤᠴᠢᠯᠠᠭᠤᠷ

ᠭᠠᠷ ᠤᠲᠠᠰᠤᠨ᠎ᠤ ᠵᠠᠭᠤᠴᠢᠯᠠᠭᠤᠷ ᠪᠣᠯ ᠭᠠᠷ ᠤᠲᠠᠰᠤ᠎ᠶ᠋ᠢ ᠠᠱᠢᠭ᠍ᠯᠠᠨ ᠮᠡᠳᠡᠭᠡ ᠵᠠᠩᠭᠢ ᠳᠠᠮᠵᠢᠭᠤᠯᠬᠤ ᠪᠠᠭᠠᠵᠢ ᠮᠦᠨ᠃ ᠴᠢᠮᠡᠬᠡ ᠬᠣᠯᠪᠣᠭᠠᠨ᠎ᠤ ᠮᠡᠷᠭᠡᠵᠢᠯ (ᠵᠢᠱ᠌ᠢᠶᠡᠯᠡᠪᠡᠯ 5 G)᠎ᠪᠠ ᠺᠣᠮᠫᠢᠦ᠋ᠲ᠋ᠧᠷ᠎ᠦᠨ ᠮᠡᠷᠭᠡᠵᠢᠯ᠎ᠦᠨ ᠬᠥᠭ᠌ᠵᠢᠯᠲᠡ ᠪᠠ ᠲᠦᠭᠡᠮᠡᠯᠵᠢᠯᠳᠠ ᠵᠢ ᠳᠠᠭᠠᠯᠳᠤᠵᠦ᠂ ᠭᠠᠷ ᠤᠲᠠᠰᠤ ᠨᠢ ᠠᠭᠠᠵᠢᠮ᠎ᠢᠶᠠᠷ ᠮᠡᠳᠡᠭᠡ ᠬᠣᠯᠪᠣᠭᠠᠨ᠎ᠤ ᠴᠢᠳᠠᠮᠵᠢ᠎ᠲᠠᠶ ᠪᠢᠴᠢᠯ ᠺᠣᠮᠫᠢᠦ᠋ᠲ᠋ᠧᠷ ᠪᠤᠯᠵᠠᠢ᠃ ᠭᠠᠷ ᠤᠲᠠᠰᠤᠨ᠎ᠤ ᠵᠠᠭᠤᠴᠢᠯᠠᠭᠤᠷ ᠪᠣᠯ ᠰᠦᠯᠵᠢᠶᠡᠨ᠎ᠦ ᠵᠠᠭᠤᠴᠢᠯᠠᠭᠤᠷ᠎ᠤᠨ ᠦᠷᠭᠦᠯᠵᠢᠯᠡᠯ ᠪᠠᠢᠵᠦ᠂ ᠲᠡᠷᠡ ᠨᠢ ᠰᠦᠯᠵᠢᠶᠡᠨ᠎ᠦ ᠵᠠᠭᠤᠴᠢᠯᠠᠭᠤᠷ᠎ᠤᠨ ᠳᠠᠪᠠᠭᠤᠯᠢᠭ ᠪᠠᠢᠬᠤ᠎ᠠᠴᠠ ᠭᠠᠳᠠᠨ᠎ᠠ ᠪᠠᠰᠠ ᠠᠪᠴᠤ᠌ ᠶᠠᠪᠤᠬᠤ᠎ᠳᠤ ᠳᠥᠭᠥᠮ ᠵᠡᠷᠭᠡ ᠣᠨᠴᠠᠯᠢᠭ᠎ᠲᠠᠶ᠃

( ᠬᠣᠶᠠᠷ ) ᠲᠣᠭᠠᠴᠢᠯᠠᠭ᠍ᠰᠠᠨ ᠲᠧᠯᠸᠢᠰ

ᠲᠣᠭᠠᠴᠢᠯᠠᠬᠰᠠᠨ ᠲᠧᠯᠸᠢᠰ ᠪᠣᠯ ᠨᠡᠪᠲᠡᠷᠡᠭᠦᠯᠬᠦ᠌ ᠲᠡᠰᠦᠬ᠎ᠠᠴᠠ ᠰᠠᠴᠤᠷᠠᠭᠤᠯᠬᠤ᠂ ᠳᠠᠮᠵᠢᠭᠤᠯᠬᠤ᠂ ᠬᠤᠷᠢᠶᠠᠬᠤ ᠬᠦᠷᠲᠡᠯᠡᠬᠢ ᠪᠦᠬᠦ᠌ ᠭᠣᠭ᠍ᠴᠣᠭ᠎ᠠ ᠨᠢ ᠪᠦᠷ ᠲᠣᠭᠠᠴᠢᠯᠠᠬᠰᠠᠨ ᠲᠧᠯᠸᠢᠰ᠎ᠦᠨ ᠲᠤᠬᠢᠶ᠎ᠠ᠎ᠶ᠋ᠢ ᠬᠡᠷᠡᠭ᠌ᠯᠡᠳᠡᠭ ᠪᠤᠶᠤ ᠲᠤᠰ ᠱᠢᠰᠲ᠋ᠧᠮ᠎ᠦᠨ ᠪᠤᠢ ᠪᠦᠬᠦᠢ ᠲᠤᠬᠢᠶ᠎ᠠ᠎ᠶ᠋ᠢ ᠳᠠᠮᠵᠢᠭᠤᠯᠬᠤ᠎ᠳᠤ ᠪᠦᠷ 0 ᠪᠠ 1 ᠬᠡᠮᠡᠬᠦ ᠲᠣᠭᠠᠨ᠎ᠤ ᠬᠡᠯᠬᠢᠶ᠎ᠡ᠎ᠪᠡᠷ ᠪᠦᠷᠢᠯᠲᠦᠭᠰᠡᠨ ᠲᠣᠭᠠᠴᠢᠯᠠᠬᠰᠠᠨ ᠬᠦᠶᠦᠳᠡᠯ᠎ᠢᠶᠡᠷ ᠲᠡᠮᠵᠢᠭᠤᠯᠬᠤ ᠲᠧᠯᠸᠢᠰ᠎ᠦᠨ ᠲᠦᠷᠦᠯ ᠪᠤᠯᠤᠨ᠎ᠠ᠃

( ᠭᠤᠷᠪᠠ ) ᠢᠨᠲ᠋ᠸᠷ ᠰᠦᠯᠵᠢᠶᠡᠨ᠎ᠦ ᠱᠢᠨ᠎ᠡ ᠵᠠᠭᠤᠴᠢᠯᠠᠭᠤᠷ

ᠢᠨᠲ᠋ᠧᠷ ᠰᠦᠯᠵᠢᠶᠡᠨ᠎ᠦ ᠱᠢᠨ᠎ᠡ ᠵᠠᠭᠤᠴᠢᠯᠠᠭᠤᠷ᠎ᠲᠤ᠄ ᠰᠦᠯᠵᠢᠶᠡᠨ᠎ᠦ ᠲᠧᠯᠸᠢᠰ᠂ ᠪᠦᠷᠭᠡ ᠂ ᠸᠢᠳᠢᠣ᠋ ᠂ ᠡᠯᠧᠺᠲᠷᠣᠨ ᠰᠡᠳᠬᠦᠯ ᠵᠡᠷᠭᠡ ᠪᠠᠭ᠍ᠲᠠᠨ᠎ᠠ᠃

( ᠳᠥᠷᠪᠡ ) ᠭᠡᠷ᠎ᠦᠨ ᠭᠠᠳᠠᠨᠠᠬᠢ ᠱᠢᠨ᠎ᠡ ᠵᠠᠭᠤᠴᠢᠯᠠᠭᠤᠷ

ᠭᠡᠷ᠎ᠦᠨ ᠭᠠᠳᠠᠨᠠᠬᠢ ᠱᠢᠨ᠎ᠡ ᠵᠠᠭᠤᠴᠢᠯᠠᠭᠤᠷ ᠪᠣᠯ ᠱᠢᠨ᠎ᠡ᠎ᠪᠡᠷ ᠪᠤᠶ ᠪᠣᠯᠤᠭ᠍ᠰᠠᠨ᠂ ᠤᠯᠠᠮᠵᠢᠯᠠᠯᠲᠤ ᠭᠡᠷ᠎ᠦᠨ ᠭᠠᠳᠠᠨᠠᠬᠢ ᠵᠠᠭᠤᠴᠢᠯᠠᠭᠤᠷ᠎ᠤᠨ ᠬᠡᠯᠪᠡᠷᠢ (ᠵᠠᠷ ᠮᠡᠳᠡᠭᠡ᠎ᠶ᠋ᠢᠨ ᠫᠠᠢᠰᠠ᠂ ᠳ᠋ᠧᠩ᠎ᠦᠨ ᠬᠠᠢᠷᠴᠠᠭ᠂ ᠮᠠᠰᠢᠨ ᠲᠡᠷᠭᠡ ᠵᠡᠷᠭᠡ)᠎ᠡᠴᠡ ᠢᠯᠭᠠᠭ᠍ᠳᠠᠬᠤ ᠱᠢᠨ᠎ᠡ ᠮᠠᠶᠢᠭ᠎ᠤᠨ ᠭᠡᠷ᠎ᠦᠨ ᠭᠠᠳᠠᠨᠠᠬᠢ ᠵᠠᠭᠤᠴᠢᠯᠠᠭᠤᠷ ᠪᠣᠯᠤᠨ᠎ᠠ᠃ ᠬᠡᠷ᠎ᠦᠨ ᠭᠠᠳᠠᠨᠠᠬᠢ ᠱᠢᠨ᠎ᠡ ᠵᠠᠭᠤᠴᠢᠯᠠᠭᠤᠷ ᠨᠢ ᠱᠢᠩᠭᠡᠨ ᠲᠠᠯᠠᠰᠲᠤ ᠲᠧᠯᠸᠢᠰ᠎ᠢᠶᠡᠷ ᠠᠴᠢᠶᠠᠯᠠᠭ᠍ᠴᠢ ᠪᠣᠯᠭᠠᠳᠠᠭ᠂ ᠵᠢᠱ᠌ᠢᠶᠡᠯᠡᠪᠡᠯ᠂ ᠠᠰᠠᠷ ᠲᠠᠭ᠍ᠲᠤ᠎ᠶ᠋ᠢᠨ ᠲᠧᠯᠸᠢᠰ᠂ ᠨᠡᠢᠲᠡ᠎ᠶ᠋ᠢᠨ ᠵᠠᠮ ᠬᠠᠷᠢᠯᠴᠠᠭᠠᠨ᠎ᠤ ᠲᠧᠯᠸᠢᠰ᠂ ᠵᠢᠮᠲᠦ ᠲᠡᠮᠦᠷ ᠵᠠᠮ᠎ᠤᠨ ᠲᠧᠯᠸᠢᠰ᠂ ᠭᠠᠯᠲᠤ ᠲᠡᠷᠭᠡᠨ᠎ᠦ ᠲᠧᠯᠸᠢᠰ᠂ ᠠᠭᠠᠷ ᠠᠶᠠᠯᠠᠯ᠎ᠤᠨ ᠲᠧᠯᠸᠢᠰ᠂ ᠲᠣᠮᠣ ᠬᠡᠯᠪᠡᠷᠢ᠎ᠶ᠋ᠢᠨ LED ᠳᠡᠯᠭᠡᠴᠡ ᠵᠡᠷᠭᠡ ᠪᠠᠬᠲᠠᠨ᠎ᠠ᠃ ᠡᠳᠡᠭᠡᠷ ᠨᠢ ᠭᠤᠤᠯᠳᠠᠭᠤ ᠱᠢᠨ᠎ᠡ ᠮᠠᠲ᠋ᠧᠷᠢᠶᠠᠯ᠂ ᠱᠢᠨ᠎ᠡ ᠮᠡᠷᠭᠡᠵᠢᠯ᠂ ᠱᠢᠨ᠎ᠡ ᠵᠠᠭᠤᠴᠢᠯᠠᠭᠤᠷ᠂ ᠱᠢᠨ᠎ᠡ ᠲᠥᠬᠥᠭᠡᠷᠦᠮᠵᠢ᠎ᠶ᠋ᠢᠨ ᠬᠡᠷᠡᠭ᠌ᠯᠡᠯᠲᠡ ᠪᠤᠶᠤ ᠤᠯᠠᠮᠵᠢᠯᠠᠯᠲᠤ ᠬᠡᠷ᠎ᠦᠨ ᠭᠠᠳᠠᠨᠠᠬᠢ ᠵᠠᠭᠤᠴᠢᠯᠠᠭᠤᠷ᠎ᠤᠨ ᠬᠡᠯᠪᠡᠷᠢ᠎ᠲᠡᠶ ᠤᠶᠠᠯᠳᠤᠵᠤ᠂ ᠤᠯᠠᠮᠵᠢᠯᠠᠯᠲᠤ ᠬᠡᠷ᠎ᠦᠨ ᠭᠠᠳᠠᠨᠠᠬᠢ ᠵᠠᠭᠤᠴᠢᠯᠠᠭᠤᠷ᠎ᠤᠨ ᠬᠡᠯᠪᠡᠷᠢ᠎ᠶ᠋ᠢ ᠴᠢᠨᠠᠷ᠎ᠤᠨ ᠳᠡᠭᠡᠭ᠌ᠰᠢᠯᠡᠯᠲᠡ᠎ᠲᠡᠶ ᠪᠣᠯᠭᠠᠬᠰᠠᠨ ᠪᠠᠢᠲᠠᠭ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号