ᠵᠢᠷᠭᠠᠯᠳᠤ ᠠᠮᠢᠳᠤᠷᠠᠯ ᠵᠢᠳᠬᠦᠯ ᠲᠠᠮᠠᠴᠠᠯ᠎ᠢᠶᠠᠷ ᠢᠷᠡᠳᠡᠭ
2022-01-14 12:25:54
ᠵᠣᠬᠢᠶᠠᠭ᠍ᠴᠢ᠄
ᠬᠤᠢᠳ ᠰᠡᠴᠡᠨ
ᠣᠩᠱᠢᠭ᠍ᠰᠠᠨ ᠣᠳᠠᠭ᠎ᠠ᠄
★★★☆☆

ᠰᠢᠶᠦ᠋ᠩ ᠶᠢᠩ ᠪᠤᠯᠤᠨ ᠮᠠᠢᠯᠠᠰᠦ ᠬᠤᠶᠠᠷ ᠲᠦ᠍ ᠠᠪᠴᠦ ᠬᠡᠯᠡᠪᠡᠯ᠂ ᠦᠨᠭᠭᠡᠷᠡᠭᠰᠡᠨ ᠨᠢᠬᠡ ᠵᠢᠯ ᠪᠤᠯ ᠲᠡᠲᠡᠨᠡᠷ᠎ᠤᠨ ᠲᠤᠯᠭ᠎ᠠ ᠪᠠᠨ ᠪᠤᠰᠬᠠᠵᠦ ᠡᠷᠦᠬᠡ ᠪᠠᠨ ᠰᠡᠬᠦᠨ ᠰᠢᠨ᠎ᠡ ᠠᠮᠢᠲᠤᠷᠠᠯ᠎ᠶ᠋ᠢᠡᠨ ᠡᠬᠢᠯᠡᠬᠦᠯᠦᠭᠰᠡᠨ ᠲᠤᠷᠠᠳᠬᠠᠯᠲᠠᠢ ᠨᠢᠬᠡᠨ ᠵᠢᠯ ᠮᠦᠨ᠃ ᠮᠦᠨ ᠴᠸ᠋ ᠲᠡᠳᠡᠨᠡᠷ᠎ᠤᠨ ᠬᠢᠵᠢᠭ ᠲᠠᠢ ᠲᠡᠮᠡᠴᠡᠵᠦ᠂ ᠭᠡᠷ ᠤᠷᠤᠨ᠎ᠶ᠋ᠢᠡᠨ ᠬᠠᠮᠠᠭᠠᠯᠠᠨ ᠤᠲᠤᠭ᠎ᠠ ᠦᠭᠡᠢ ᠲᠠᠢᠨ᠎ᠤ ᠡᠮᠦᠨ᠎ᠡ ᠹᠷᠤᠨᠲ ᠲᠦ᠍ ᠭᠠᠪᠰᠢᠭᠠᠢᠯᠠᠬᠰᠠᠨ ᠶᠡᠷᠦ ᠪᠤᠰᠤ᠎ᠶᠢᠨ ᠨᠢᠬᠡ ᠵᠢᠯ ᠪᠤᠯᠬᠤ ᠶᠤᠮ᠃

ᠱᠢᠶᠦ᠋ᠩ ᠶᠢᠩ ᠮᠠᠢᠯᠠᠰᠤ ᠬᠤᠶᠠᠭᠤᠯᠠ ᠬᠠᠦᠯᠢ ᠴᠠᠭᠠᠵᠠ᠎ᠶ᠋ᠢᠨ ᠲᠤᠰᠭᠠᠢ ᠮᠡᠷᠭᠡᠵᠢᠯ᠎ᠢᠶᠠᠷ ᠠᠰᠫᠢᠷᠠᠨᠲ ᠲᠡᠬᠦᠰᠴᠦ᠂ᠲᠤᠰ ᠲᠤᠰ  ᠠᠯᠠᠱᠠ ᠠᠢᠮᠠᠭ᠎ᠤᠨ ᠨᠠᠮ᠎ᠤᠨ ᠬᠤᠷᠢᠶᠠᠨ᠎ᠤ ᠤᠯᠤᠰ ᠲᠥᠷᠥ᠍ ᠬᠠᠤᠯᠢ ᠴᠠᠭᠠᠵᠠ᠎ᠶ᠋ᠢᠨ ᠬᠤᠷᠢᠶ᠎ᠠ᠂ᠠᠯᠠᠱᠠ ᠠᠢᠮᠠᠭ᠎ᠤᠨ ᠬᠠᠤᠯᠢ ᠴᠠᠭᠠᠵᠠ᠎ᠶ᠋ᠢᠨ ᠲᠣᠪᠴᠢᠶᠠᠨ᠎ᠳᠤ ᠠᠵᠢᠯᠯᠠᠲᠠᠭ᠃


QQ图片20220118122713.png


ᠲᠡᠲᠡ ᠰᠢᠬᠢᠷ ᠪᠤᠷᠠᠮ ᠮᠡᠲᠦ ᠱᠢᠨᠡᠭᠡᠨ ᠠᠮᠢᠳᠤᠷᠠᠯ᠎ᠢᠶᠠᠨ ᠡᠬᠢᠯᠡᠬᠦᠯᠦᠬᠡᠳ ᠪᠠᠢᠬᠤ᠎ᠳᠤᠨᠢ ᠡᠵᠡᠨ᠎ᠡ ᠬᠤᠱᠢᠭᠤ ᠠᠶᠤᠯᠲᠦ ᠬᠢᠵᠢᠭ᠎ᠲᠤ ᠲᠠᠭᠠᠷᠢᠬᠲᠠᠯ᠎ᠠ᠃  《ᠲᠤᠬᠠᠢ᠎ᠶ᠋ᠢᠨ ᠦᠶ᠎ᠡ᠎ᠳᠤ ᠪᠢᠳᠡ ᠬᠤᠶᠠᠭᠤᠯᠠ ᠬᠡᠨ ᠬᠡᠨ᠎ᠳᠡᠭᠡᠨ ᠬᠡᠯᠡᠭᠰᠡᠨ ᠦᠬᠡᠢ ᠪᠡᠷ ᠲᠤᠰ ᠲᠤᠰ᠎ᠤᠨ᠎ᠶ᠋ᠢᠡᠨ ᠪᠠᠢᠭᠤᠯᠭ᠎ᠠ᠎ᠳᠠᠭᠠᠨ ᠨᠡᠷ᠎ᠡ᠎ᠮᠡᠳᠡᠭᠦᠯᠦᠭᠡᠳ ᠪᠠᠢᠬᠰᠠᠨ ᠶᠤᠮ᠃ ᠬᠠᠷᠢᠨ ᠠᠵᠢᠯ ᠪᠠᠭᠤᠭᠠᠳ ᠭᠡᠷ᠎ᠲᠡᠭᠡᠨ ᠬᠠᠷᠢᠵᠦ᠍ ᠢᠷᠡᠭᠡᠳ ᠰᠠᠶᠢ ᠬᠤᠶᠠᠭᠤᠯᠠ ᠪᠦᠷ  ᠬᠢᠵᠢᠭ᠎ᠢ ᠰᠡᠷᠬᠡᠢᠯᠡᠨ ᠡᠵᠡᠮᠳᠡᠬᠦ᠌ ᠨᠢᠬᠡᠳᠦᠬᠡᠷ ᠹᠷᠤᠨᠲ᠎ᠲᠤ ᠶᠠᠪᠤᠬᠤ ᠪᠤᠯᠤᠬᠰᠠᠨ᠎ᠶ᠋ᠢᠡᠨ ᠮᠡᠳᠡᠭ᠌ᠰᠡᠨ ᠶᠤᠮ᠂〈ᠨᠢᠭᠡ ᠭᠡᠷ᠎ᠤᠨ ᠬᠦᠮᠦᠨ ᠪᠣᠯᠬᠤᠷ ᠪᠤᠲᠤᠵᠦ ᠰᠡᠳᠬᠢᠳᠡᠭ ᠨᠢ ᠴᠦ᠍ ᠠᠳᠠᠯᠢ ᠪᠠᠢᠨ᠎ᠠ〉 ᠭᠡᠵᠦ ᠬᠤᠶᠠᠭᠤᠯᠠ ᠢᠨᠢᠶᠡᠯᠳᠦᠵᠦ᠍ ᠪᠠᠢᠭ᠍ᠰᠠᠨ》ᠭᠡᠵᠦ᠍ ᠮᠠᠢᠯᠠᠰᠤ ᠨᠡᠷ᠎ᠡ ᠮᠡᠳᠡᠭᠦᠯᠦᠭ᠌ᠰᠡᠨ ᠦᠶ᠎ᠡ᠎ᠶ᠋ᠢᠨ ᠪᠠᠢᠳᠠᠯ᠎ᠢᠶᠠᠨ ᠶᠠᠷᠢᠨ᠎ᠠ᠃

ᠢᠨᠭᠬᠢᠬᠡᠳ ᠲᠠᠳᠠ ᠡᠵᠡᠨ᠎ᠡ  ᠬᠤᠱᠢᠭᠤᠨ᠎ᠤ ᠬᠢᠵᠢᠭ᠎ᠢ ᠰᠡᠷᠭᠡᠢᠯᠡᠨ ᠡᠵᠡᠮᠳᠡᠬᠦ᠌ ᠡᠮᠤᠨ᠎ᠡ ᠹᠷᠣᠨᠲ᠎ᠢ ᠲᠤᠰᠠᠯᠠᠬᠤ ᠠᠵᠢᠯ᠎ᠳᠤ ᠱᠢᠭᠤᠷᠬᠠᠢ ᠨᠡᠷ᠎ᠠ ᠮᠡᠳᠡᠬᠦᠯᠵᠦ ᠣᠷᠣᠯᠴᠠᠨ᠂ ᠲᠠᠯᠠᠢᠬᠦᠪ ᠪᠠᠯᠭᠠᠰᠤᠨ᠎ᠤ ᠦᠢᠯᠡᠳᠪᠦᠷᠢ ᠬᠤᠳᠠᠯᠳᠤᠭᠠᠨ᠎ᠤ ᠪᠠᠭ᠎ᠠ ᠲᠣᠭᠤᠷᠢᠭ᠂ ᠵᠡᠭᠡᠯᠢ ᠳᠠᠭᠠᠤ ᠵᠣᠴᠢᠳ᠎ᠤᠨ ᠪᠠᠭᠤᠳᠠᠯ᠂ ᠬᠤᠳᠠᠯᠳᠤᠭᠠᠨ᠎ᠤ ᠳᠡᠯᠭᠡᠭᠦᠷ᠎ᠢ  ᠲᠠᠩᠰᠠᠯᠠᠨ ᠪᠦᠷᠢᠳᠭᠡᠬᠦ᠂ ᠡᠳ᠋ ᠪᠠᠷᠠᠭ᠎ᠠ ᠵᠥᠭᠡᠭᠡᠪᠦᠷᠢᠯᠡᠬᠦ᠂ ᠵᠡᠭᠡᠯᠢ ᠳᠠᠭᠠᠤ ᠴᠠᠭ᠍ᠳᠠᠬᠤ᠂ ᠠᠷᠢᠭᠤᠳᠭᠠᠬᠤ᠂ ᠪᠥᠭᠡᠮ ᠬᠦᠴᠢᠯ᠎ᠤᠨ ᠪᠠᠢᠴᠠᠭᠠᠯᠲᠠ ᠬᠢᠭᠦ᠌ ᠵᠡᠷᠭᠡ ᠠᠵᠢᠯ᠎ᠳᠤ ᠬᠠᠮᠵᠢᠯᠴᠠᠬ᠍ᠰᠠᠨ ᠪᠠᠢᠨ᠎ᠠ᠃


QQ图片20220118122725.png


ᠬᠢᠵᠢᠭ᠎ᠢ ᠰᠡᠷᠭᠡᠢᠯᠡᠨ ᠡᠵᠡᠮᠳᠡᠬᠦ ᠠᠵᠢᠯ᠎ᠳᠤ ᠤᠷᠤᠯᠴᠠᠬᠰᠠᠨ ᠡᠳᠤᠷ ᠬᠤᠨᠤᠭ᠎ᠤᠳ᠎ᠢᠶᠠᠨ ᠡᠷᠭᠢᠴᠡᠭᠦᠯᠬᠦ᠎ᠳᠤ᠂ ᠬᠡᠳᠤᠢᠪᠡᠷ ᠡᠳᠤᠷ ᠪᠦᠷᠢ ᠶᠠᠳᠠᠷᠠᠯᠲᠠᠢ ᠪᠠᠢᠭ᠍ᠰᠠᠨ ᠴᠦ᠍ ᠨᠤᠳᠤᠭ ᠣᠷᠣᠨ᠎ᠤ᠎ᠪᠠᠨ ᠬᠢᠵᠢᠭ᠎ᠢ ᠰᠡᠷᠭᠡᠢᠯᠡᠨ ᠡᠵᠡᠮᠳᠡᠬᠦ᠌ ᠠᠵᠢᠯ᠎ᠳᠤ ᠨᠢᠬᠡ ᠮᠦᠷᠦ᠎ᠶᠢᠨ ᠬᠦᠴᠦ᠍᠎ᠪᠠᠨ ᠡᠷᠭᠦᠵᠦ᠍ ᠶᠠᠪᠤᠬᠰᠠᠨ᠎ᠳᠠᠭᠠᠨ ᠠᠮᠠᠷᠠᠭ ᠬᠤᠤᠰ᠎ᠤᠨ ᠰᠡᠳᠭᠢᠯ᠎ᠳᠤ ᠲᠠᠭᠠᠲᠠᠢ  ᠪᠠᠢᠬ᠍ᠰᠠᠨ᠎ᠨᠢ ᠦᠨᠠᠨ᠃《ᠡᠨᠡ ᠨᠢᠬᠡ ᠵᠢᠯ ᠪᠢᠳᠡᠨ᠎ᠳᠤ ᠮᠠᠰᠢ ᠣᠯᠠᠨ ᠨᠠᠨᠳᠢᠨ ᠳᠤᠷᠠᠳᠭᠠᠯ ᠦᠯᠡᠳᠡᠭᠡᠵᠦ᠂ ᠪᠢᠳᠡᠨ᠎ᠤ ᠠᠮᠢᠳᠤᠷᠠᠯ᠎ᠤᠨ ᠥᠩᠭᠡᠷᠡᠯᠲᠡ  ᠪᠠ ᠲᠤᠷᠱᠢᠯᠭ᠎ᠠ᠎ᠶ᠋ᠢ ᠪᠠᠶᠠᠯᠢᠭ᠍ᠵᠢᠭᠤᠯᠵᠤ᠂ ᠮᠠᠷᠲᠠᠭ᠍ᠳᠠᠰᠢ ᠦᠬᠡᠢ ᠭᠦᠨ ᠰᠠᠭᠤᠬᠲᠠᠯ ᠦᠯᠡᠳᠡᠭᠡᠭᠰᠡᠨ ᠶᠤᠮ》ᠭᠡᠵᠦ᠍ ᠲᠡᠲᠡ ᠦᠨᠭᠭᠡᠷᠡᠭᠰᠡᠨ ᠨᠢᠬᠡ ᠵᠢᠯ᠎ᠶ᠋ᠢᠡᠨ᠎ᠳ᠋ᠦᠨᠭᠨᠡᠭᠰᠡᠨ ᠪᠢᠯᠡ᠃

ᠱᠢᠶᠦ᠋ᠩ ᠶᠢᠩ ᠮᠠᠢᠯᠠᠰᠤ ᠬᠤᠶᠠᠭᠤᠯᠠ ᠪᠣᠯ ᠬᠢᠵᠢᠭ᠎ᠢ ᠰᠡᠷᠭᠡᠢᠯᠡᠨ ᠡᠵᠡᠮᠳᠡᠬᠦ᠌ ᠤᠳᠤᠭ᠎ᠠ ᠦᠬᠡᠢ ᠲᠠᠢᠨ᠎ᠤ ᠡᠮᠣᠨ᠎ᠡ ᠹᠷᠣᠨᠲ᠎ᠲᠤ ᠭᠠᠪᠰᠢᠭᠠᠢᠯᠠᠬᠰᠠᠨ ᠡᠵᠡᠨ᠎ᠡ ᠬᠤᠰᠢᠭᠤᠨ᠎ᠤ ᠦᠢ ᠣᠯᠠᠨ ᠭᠡᠷ ᠪᠦᠯᠢ᠎ᠶ᠋ᠢᠨ ᠲᠣᠳᠣᠷᠠᠬᠢ ᠨᠢᠭᠡ ᠬᠡᠰᠢᠬᠦᠨ᠎ᠨᠢ  ᠪᠤᠯᠬᠤ ᠶᠤᠮ᠃ ᠭᠡᠷ ᠪᠦᠯᠢ ᠪᠠᠢᠭᠤᠯᠤᠨ ᠱᠢᠨ᠎ᠠ ᠠᠮᠢᠳᠤᠷᠠᠯ᠎ᠢᠶᠠᠨ ᠪᠤᠰᠬᠠᠬᠰᠠᠨ ᠲᠡᠷᠡ ᠬᠤᠶᠠᠭᠤᠯᠠ᠎ᠳᠤ᠂ ᠦᠨᠭᠭᠡᠷᠡᠭᠰᠡᠨ ᠨᠢᠬᠡ ᠵᠢᠯ᠎ᠤᠨ ᠶᠡᠷᠦ ᠪᠤᠰᠤ᠎ᠶᠢᠨ ᠦᠨᠭᠭᠡᠷᠡᠯᠳᠡ ᠨᠢ ᠠᠵᠢᠯ᠎ᠳᠤᠨᠢ ᠲᠤᠷᠰᠢᠯᠭ᠎ᠠ ᠪᠤᠯᠵᠦ ᠠᠮᠢᠲᠤᠷᠠᠯ᠎ᠳᠤᠨᠢ ᠲᠤᠷᠠᠳᠬᠠᠯ ᠦᠯᠡᠳᠡᠭᠡᠭᠰᠡᠨ᠎ᠶ᠋ᠢᠡᠷ ᠪᠠᠷᠠᠬᠤ ᠦᠬᠡᠢ᠂ ᠭᠡᠴᠡᠬᠦᠦ ᠴᠠᠭ ᠬᠦᠷᠴᠦ ᠢᠷᠡᠬᠦ᠎ᠳᠤ ᠬᠠᠷᠢᠴᠠᠨ ᠲᠦᠰᠢᠯᠴᠡᠵᠦ ᠠᠮᠢᠲᠤᠷᠠᠬᠤ ᠬᠠᠢᠷ᠎ᠠ᠎ᠶᠢᠨ ᠢᠳᠡᠭᠡᠯ ᠤᠯᠭᠤᠭᠰᠠᠨ ᠪᠢᠯᠡ᠃

《ᠱᠢᠨ᠎ᠡ ᠨᠢᠭᠡᠨ ᠵᠢᠯ᠎ᠳᠤ ᠠᠪᠤ ᠡᠵᠢ᠎ᠶ᠋ᠢᠨ ᠮᠢᠨᠢ ᠪᠡᠶ᠎ᠡ ᠮᠠᠬᠠᠪᠤᠳ ᠡᠷᠡᠭᠦᠯ ᠴᠢᠬᠢᠷᠠᠭ᠂ ᠪᠢᠳᠡᠨ᠎ᠤ ᠪᠠᠭ᠎ᠠ ᠭᠡᠷ ᠪᠦᠯᠢ  ᠵᠤᠯ ᠵᠢᠷᠭᠠᠯ᠎ᠢᠶᠠᠷ ᠲᠦᠬᠦᠷᠡᠩ᠂ ᠬᠠᠷᠢᠭᠤᠴᠠᠭ᠍ᠰᠠᠨ ᠠᠵᠢᠯ ᠮᠠᠨᠢ ᠲᠡᠬᠦᠰ ᠠᠮᠵᠢᠯᠲᠠ ᠲᠠᠢ ᠪᠤᠯᠤᠭᠠᠰᠠᠢ!》ᠭᠡᠵᠦ ᠰᠤᠷᠪᠤᠯᠵᠢᠯᠠᠭ᠎ᠠ᠎ᠶᠢᠨ ᠡᠴᠦᠰ ᠲᠦ᠍ ᠠᠮᠠᠷᠠᠭ ᠬᠤᠤᠰ ᠮᠠᠨᠢ 2022 ᠤᠨ᠎ᠤ  ᠬᠦᠰᠡᠯ ᠡᠷᠡᠮᠡᠯᠵᠠᠯ᠎ᠶ᠋ᠢᠡᠨ ᠶᠠᠷᠢᠵᠦ ᠪᠢᠯᠡ᠃


QQ图片20220118122735.png


ᠮᠡᠷᠭᠡᠨ ᠴᠤᠬᠤᠷ᠎ᠢ ᠰᠢᠷᠪᠢᠵᠦ ᠨᠠᠷᠢᠨ ᠠᠭᠤᠯᠭ᠎ᠠ᠎ᠶᠢ ᠨᠢ ᠦᠵᠡᠭᠡᠷᠡᠢ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号