
ᠦᠨᠳᠤᠰᠤᠨ
ᠪᠠᠢᠳᠠᠯ
ᠨᠡᠷ᠎ᠡ᠄ ᠹᠧᠩᠵᠸᠦ᠎ᠶ᠋ᠢᠨ ᠴᠠᠭᠠᠨ ᠰᠤᠪᠤᠷᠭ᠎ᠠ
ᠦᠭᠡᠷ᠎ᠡ ᠨᠡᠷ᠎ᠡ᠄ ᠲᠦᠮᠡᠨ ᠪᠤᠳᠢ ᠴᠡᠴᠡᠭ᠎ᠤᠨ
ᠴᠢᠮᠡᠭ᠌᠎ᠳᠤ ᠰᠤᠳᠤᠷ᠎ᠤᠨ ᠰᠤᠪᠤᠷᠭ᠎ᠠ
ᠲᠦᠮᠡᠨ ᠪᠤᠳᠢ ᠤᠯᠠᠩᠭᠢ ᠪᠤᠷᠬᠠᠨ ᠨᠤᠮ᠎ᠳᠤ ᠰᠤᠪᠤᠷᠭ᠎ᠠ
ᠪᠠᠢᠭᠤᠯᠤᠬᠰᠠᠨ ᠴᠠᠬ᠄ 983—1031 ᠤᠨ
ᠪᠦᠲᠦᠴᠡ᠄ ᠥᠨᠳᠥᠷ᠎ᠨᠢ 55.6
ᠮᠧᠲᠷ᠂ ᠨᠠᠢ᠍ᠮᠠᠨ ᠦᠨᠴᠦᠭ᠌ᠳᠤ ᠳᠣᠯᠣᠭᠠᠨ ᠳᠠᠪᠬᠤᠷᠭ᠎ᠠ᠎ᠶ᠋ᠢᠨ ᠮᠤᠳᠤ ᠲᠣᠭᠤᠰᠭᠠᠨ ᠪᠦᠳᠤᠴᠡ᠎ᠲᠠᠢ᠂
ᠰᠠᠭᠤᠷᠢᠨ᠎ᠢ ᠯᠢᠩᠬ᠍ᠸ᠎ᠠ᠎ᠶ᠋ᠢᠨ ᠳᠡᠯᠪᠢ᠎ᠶ᠋ᠢᠨ ᠬᠡᠯᠪᠡᠷᠢ᠎ᠲᠠᠢ᠂ ᠲᠡᠭ᠌ᠰᠢ ᠰᠠᠭᠤᠳᠠᠯ᠎ᠳᠤ ᠬᠡᠷᠡᠰᠭᠡ ᠪᠠ
ᠨᠢᠷᠤᠭᠤ᠎ᠪᠠᠷ ᠪᠦᠰᠡᠯᠡᠵᠤ ᠪᠠᠢᠳᠠᠭ᠃
ᠤᠨᠴᠠᠯᠢᠭ
ᠰᠢᠨᠵᠢ
ᠯᠢᠶᠣᠤ ᠤᠯᠤᠰ᠎ᠤᠨ ᠦᠶ᠎ᠡ᠎ᠶ᠋ᠢᠨ ᠬᠤᠸᠠ ᠶᠠᠨ ᠽᠦᠡᠭ᠎ᠤᠨ
ᠪᠤᠷᠬᠠᠨ᠎ᠤ ᠰᠦᠮ᠎ᠡ᠎ᠶ᠋ᠢᠨ ᠨᠢᠭᠡᠨ ᠲᠥᠪᠡᠳ ᠨᠣᠮ᠎ᠤᠨ ᠰᠤᠪᠤᠷᠭ᠎ᠠ ᠪᠣᠯᠤᠨ᠎ᠠ᠃ ᠲᠡᠷᠡ ᠨᠢ ᠬᠦᠬᠡᠬᠤᠳᠠ᠎ᠶ᠋ᠢᠨ
ᠴᠠᠭᠠᠨ ᠰᠤᠪᠤᠷᠭ᠎ᠠ ᠤᠯᠠᠨ ᠤᠯᠤᠰ᠎ᠤᠨ ᠨᠢᠰᠭᠡᠯ᠎ᠤᠨ ᠪᠠᠭᠤᠳᠠᠯ᠎ᠠᠴᠠ ᠵᠡᠭᠦᠨ ᠡᠮᠦᠨᠡᠰᠢ 6
ᠺᠢᠯᠣᠮᠧᠲᠷ ᠣᠷᠴᠢᠮ ᠪᠠᠢᠷᠢᠯᠠᠵᠤ᠂ 1000 ᠵᠢᠯ᠎ᠤᠨ ᠤᠯᠠᠷᠢᠯ
ᠬᠤᠪᠢᠰᠤᠯ᠎ᠢ ᠥᠩᠭᠡᠷᠡᠭᠡᠵᠦ᠍᠂ ᠲᠠᠯ᠎ᠠ ᠨᠤᠲᠤᠭ ᠤᠨ ᠲᠣᠷᠭᠠᠨ ᠵᠠᠮ ᠤᠨ ᠬᠥᠭ᠌ᠵᠢᠯᠲᠡ ᠪᠠ ᠬᠤᠳᠠ ᠶ᠋ᠢᠨ
ᠬᠤᠪᠢᠷᠠᠯᠲᠠ᠎ᠶ᠋ᠢ ᠬᠡᠷᠡᠴᠢᠯᠡᠭ᠌ᠰᠡᠭᠡᠷ ᠢᠷᠡᠵᠠᠢ᠃
ᠹᠧᠩᠵᠸᠦ᠎ᠶ᠋ᠢᠨ ᠴᠠᠭᠠᠨ ᠰᠤᠪᠤᠷᠭ᠎ᠠ ᠳ᠋ᠤ ᠪᠤᠷᠬᠠᠨ᠎ᠤ ᠨᠤᠮ
ᠰᠤᠳᠤᠷ ᠪᠤᠯᠬᠤ 《ᠴᠡᠴᠡᠭ᠎ᠤᠨ ᠴᠢᠮᠡᠭ᠌᠎ᠳᠤ ᠰᠤᠳᠤᠷ》 ᠢ ᠲᠦᠮᠡ ᠭᠠᠷᠤᠢ ᠪᠤᠳᠢ
ᠬᠠᠳᠠᠭᠠᠯᠠᠵᠤ ᠪᠠᠢᠬ᠍ᠰᠠᠨ ᠪᠤᠯᠬᠤᠷ ᠲᠡᠬᠦᠨ᠎ᠢ 《ᠲᠦᠮᠡᠨ ᠪᠤᠳᠢ
ᠴᠡᠴᠡᠭ᠎ᠤᠨ ᠴᠢᠮᠡᠭ᠌᠎ᠳᠤ ᠰᠤᠳᠤᠷ᠎ᠤᠨ ᠰᠤᠪᠤᠷᠭ᠎ᠠ》
ᠬᠡᠮᠡᠨ ᠨᠡᠷᠡᠯᠡᠵᠠᠢ᠃
ᠰᠤᠪᠤᠷᠭ᠎ᠠ᠎ᠶ᠋ᠢᠨ ᠭᠠᠳᠠᠷᠭᠤ᠎ᠳᠤ ᠴᠠᠷᠳᠠ ᠱᠢᠷᠣᠶ
ᠲᠦᠷᠬᠢᠵᠦ᠍᠂ ᠥᠪᠴᠢ ᠪᠡᠶ᠎ᠡ᠎ᠨᠢ ᠴᠠᠪ ᠴᠠᠭᠠᠨ ᠪᠣᠯᠬᠤᠷ ᠶᠡᠷᠦ᠎ᠳᠡᠭᠡᠨ ᠬᠦᠮᠤᠰ ᠴᠠᠭᠠᠨ ᠰᠤᠪᠤᠷᠭ᠎ᠠ ᠭᠡᠳᠡᠭ᠃
ᠰᠤᠪᠤᠷᠭ᠎ᠠ᠎ᠶ᠋ᠢᠨ ᠥᠨᠳᠥᠷ᠎ᠨᠢ 55.6 ᠮᠧᠲᠷ᠂ ᠨᠠᠢ᠍ᠮᠠᠨ
ᠦᠨᠴᠦᠭ᠌ᠳᠤ ᠳᠣᠯᠣᠭᠠᠨ ᠳᠠᠪᠬᠤᠷᠭ᠎ᠠ᠎ᠶ᠋ᠢᠨ ᠮᠤᠳᠤ ᠲᠣᠭᠤᠰᠭᠠᠨ ᠪᠦᠳᠤᠴᠡ᠎ᠲᠠᠢ᠂ ᠰᠠᠭᠤᠷᠢᠨ᠎ᠢ
ᠯᠢᠩᠬ᠍ᠸ᠎ᠠ᠎ᠶ᠋ᠢᠨ ᠳᠡᠯᠪᠢ᠎ᠶ᠋ᠢᠨ ᠬᠡᠯᠪᠡᠷᠢ᠎ᠲᠠᠢ᠂ ᠲᠡᠭ᠌ᠰᠢ ᠰᠠᠭᠤᠳᠠᠯ᠎ᠳᠤ ᠬᠡᠷᠡᠰᠭᠡ ᠪᠠ ᠨᠢᠷᠤᠭᠤ᠎ᠪᠠᠷ
ᠪᠦᠰᠡᠯᠡᠵᠤ᠂ ᠯᠢᠶᠣᠤ ᠤᠯᠤᠰ᠎ᠤᠨ ᠦᠶ᠎ᠡ᠎ᠶ᠋ᠢᠨ ᠪᠤᠷᠬᠠᠨ᠎ᠤ ᠰᠤᠪᠤᠷᠭ᠎ᠠ᠎ᠶ᠋ᠢᠨ ᠨᠡᠢᠲᠡᠯᠢᠭ ᠣᠨᠴᠠᠯᠢᠭ᠎ᠢ
ᠪᠦᠷᠢᠯᠳᠤᠬᠦᠯᠵᠠᠢ᠃ ᠰᠤᠪᠤᠷᠭ᠎ᠠ᠎ᠶ᠋ᠢᠨ ᠨᠢᠭᠡᠳᠦᠭᠡᠷ᠂ ᠬᠤᠶᠠᠳᠤᠭᠠᠷᠳᠠᠪᠬᠤᠷᠭᠠᠶ᠋ᠢᠨ ᠭᠠᠳᠠᠷ
ᠬᠠᠨ᠎ᠠ᠎ᠳᠤᠨᠢ ᠸᠠᠭᠠᠷ᠎ᠢᠶᠠᠷ ᠰᠡᠢᠯᠦᠭ᠌ᠰᠡᠨ ᠪᠤᠷᠬᠠᠨ᠂ ᠪᠣᠳᠢᠰᠠᠳ᠋ᠸ᠎ᠠ᠂ ᠮᠠᠬᠠᠷᠠᠨᠽᠠ᠂ ᠠᠪᠤᠷᠭᠤ ᠬᠦᠴᠦᠲᠡᠨᠤ
ᠬᠥᠷᠥᠭ᠎ᠢ
ᠱᠢᠭᠢᠳᠭᠡᠵᠦ᠍᠂ ᠳᠦᠷᠰᠦ ᠪᠦᠲᠦᠭᠡᠯᠲᠡ ᠨᠢ ᠠᠮᠢᠳᠤᠯᠢᠭ ᠰᠠᠢᠬᠠᠨ᠂ ᠵᠢᠷᠤᠭᠠᠰᠤ ᠨᠢ ᠤᠷᠤᠰᠤᠮ᠎ᠠ ᠱᠢᠯᠤᠭᠤᠨ᠂ ᠤᠷᠠᠯᠢᠬ᠎ᠤᠨ ᠦᠨ᠎ᠠ ᠦᠷᠳᠡᠭ ᠨᠢ
ᠮᠠᠰᠢ ᠥᠨᠳᠥᠷ ᠪᠠᠢᠳᠠᠬ᠃ ᠨᠢᠭᠡᠳᠦᠭᠡᠷ ᠳᠠᠪᠬᠤᠷᠭ᠎ᠠ ᠵᠢᠨ ᠡᠮᠦᠨ᠎ᠠ ᠲᠠᠯ᠊ᠠ ᠳ᠋ᠤ ᠰᠤᠪᠤᠷᠭ᠎ᠠ ᠳ᠋ᠤ ᠤᠷᠤᠬᠤ
ᠡᠭᠦᠳᠡ ᠲᠠᠢ᠂ ᠡᠬᠦᠳᠡᠨ ᠲᠡᠭᠡᠷ᠎ᠠ ᠨᠢ《ᠲᠦᠮᠡᠨ ᠪᠤᠳᠢ ᠴᠡᠴᠡᠭ᠎ᠤᠨ ᠴᠢᠮᠡᠭ᠌᠎ᠳᠤ ᠰᠤᠳᠤᠷ᠎ᠤᠨ
ᠰᠤᠪᠤᠷᠭ᠎ᠠ》 ᠭᠡᠬᠦ᠌ ᠴᠢᠯᠠᠭᠤᠨ ᠢᠯᠡᠷᠭᠡᠢᠯᠡᠯᠲᠠ ᠪᠤᠢ᠃
ᠤᠳᠤᠬᠠᠨ᠎ᠳᠤ ᠮᠠᠨ᠎ᠤ ᠤᠯᠤᠰ᠎ᠤᠨ ᠤᠮᠠᠷᠠᠲᠤ ᠣᠷᠣᠨ᠎ᠳᠤ 100
ᠭᠠᠷᠤᠢ ᠯᠢᠶᠣᠤ ᠤᠯᠤᠰ᠎ᠤᠨ ᠦᠶ᠎ᠡ᠎ᠶ᠋ᠢᠨ ᠪᠤᠷᠬᠠᠨ᠎ᠤ ᠰᠤᠪᠤᠷᠭ᠎ᠠ ᠦᠯᠡᠳᠡᠵᠤ ᠪᠤᠶ᠃ ᠡᠬᠦᠨ᠎ᠤ ᠲᠤᠳᠤᠷ᠎ᠠ
ᠲᠦᠮᠡᠨ ᠪᠤᠳᠢ ᠴᠡᠴᠡᠭ᠎ᠤᠨ ᠴᠢᠮᠡᠭ᠌᠎ᠳᠤ ᠰᠤᠳᠤᠷ᠎ᠤᠨ ᠰᠤᠪᠤᠷᠭ᠎ᠠ ᠪᠣᠯ ᠤᠳᠤᠬᠠᠨ ᠪᠤᠯᠳᠠᠯ᠎ᠠ ᠦᠯᠡᠳᠡᠭ᠌ᠳᠡᠵᠦ᠍
ᠪᠠᠢᠭ᠎ᠠ ᠬᠠᠮᠤᠭ᠎ᠤᠨ ᠪᠦᠷᠢᠨ ᠪᠦᠲᠦᠨ ᠯᠢᠶᠣᠤ ᠤᠯᠤᠰ᠎ᠤᠨ ᠦᠶ᠎ᠡ᠎ᠶ᠋ᠢᠨ ᠲᠥᠪᠡᠳ ᠰᠤᠳᠤᠷ᠎ᠤᠨ ᠰᠤᠪᠤᠷᠭ᠎ᠠ
ᠪᠣᠯᠤᠨ᠎ᠠ᠃ ᠲᠤᠰ ᠰᠤᠪᠤᠷᠭ᠎ᠠ ᠡᠷᠲᠡᠨ᠎ᠤ ᠪᠠᠷᠢᠯᠭ᠎ᠠ᠎ᠶ᠋ᠢᠨ ᠬᠡᠲᠦᠢᠳᠦᠭ᠌ᠰᠡᠨ ᠤᠷ᠎ᠠ ᠮᠡᠷᠭᠡᠵᠢᠯ᠎ᠢ
ᠭᠠᠢᠬᠠᠭᠤᠯᠵᠤ ᠪᠠᠢᠬᠤ᠎ᠪᠠᠷ ᠪᠠᠷᠠᠬᠤ ᠦᠬᠡᠢ ᠲᠦᠢᠯ᠎ᠤᠨ ᠶᠡᠭᠡ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ
ᠦᠨ᠎ᠡ ᠥᠷᠲᠡᠭ᠎ᠲᠠᠢ ᠶᠤᠮ᠃

ᠤᠯᠠᠷᠢᠯ
ᠬᠤᠪᠢᠰᠤᠯ
ᠹᠸᠡᠭ᠌ᠵᠸᠤ
ᠬᠤᠲᠠ᠎ᠶ᠋ᠢ ᠯᠢᠶᠣᠤ ᠤᠯᠤᠰ᠎ᠤᠨ ᠱᠧᠨ ᠴᠧᠩ᠎ᠤᠨ ᠲᠠᠪᠤᠳᠤᠭᠠᠷ ᠤᠨ (920 ᠤᠨ)᠎ᠳ᠋ᠤ ᠡᠬᠢᠯᠡᠨ ᠪᠠᠢᠭᠤᠯᠵᠤ᠂ ᠯᠢᠶᠣᠤ
ᠤᠯᠤᠰ᠎ᠤᠨ ᠲᠢᠶᠠᠨ ᠳ᠋ᠧ ᠵᠢᠶᠦ᠋ᠨ ᠴᠡᠷᠢᠭ᠎ᠤᠨ ᠰᠠᠭᠤᠭ᠎ᠠ ᠭᠠᠵᠠᠷ ᠪᠣᠯᠭᠠᠨ᠂ ᠴᠢᠬᠤᠯᠠ ᠵᠠᠮ ᠬᠠᠷᠢᠯᠴᠠᠭ᠎ᠠ
ᠪᠠ ᠴᠡᠷᠢᠭ᠎ᠤᠨ ᠶᠠᠪᠤᠳᠠᠯ᠎ᠤᠨ ᠪᠠᠢᠷᠢ ᠰᠠᠭᠤᠷᠢ᠎ᠲᠠᠢ ᠪᠠᠢᠪᠠ᠃ ᠯᠢᠶᠣᠤ ᠤᠯᠤᠰ᠎ᠤᠨ ᠦᠶ᠎ᠡ᠎ᠳᠤ ᠠᠳᠡ ᠵᠧᠦ
ᠱᠢᠶᠠᠨ ᠪᠣᠯᠤᠨ ᠴᠡᠷᠢᠭ᠎ᠤᠨ ᠶᠠᠪᠤᠳᠠᠯ᠎ᠤᠨ ᠰᠠᠬᠢᠨ ᠬᠠᠮᠠᠭᠠᠯᠠᠬᠤ ᠪᠠᠢᠭᠤᠯᠤᠮᠵᠢ ᠭᠠᠷᠭᠠᠵᠤ᠂ ᠬᠢᠯᠢ
ᠬᠢᠵᠠᠭᠠᠷ᠎ᠤᠨ ᠠᠮᠤᠷ ᠲᠣᠭ᠍ᠲᠠᠭᠤᠨ᠎ᠢ ᠪᠠᠲᠤᠯᠠᠭ᠍ᠰᠠᠨ ᠪᠥᠭᠡᠳ ᠲᠠᠯ᠎ᠠ ᠨᠤᠲᠤᠭ᠎ᠤᠨ ᠲᠣᠷᠭᠠᠨ ᠵᠠᠮ᠎ᠤᠨ
ᠰᠠᠭᠠᠳ ᠦᠭᠡᠢ ᠨᠡᠪᠲᠡᠷᠡᠬᠦ᠌᠎ᠶ᠋ᠢ ᠪᠠᠲᠤᠯᠠᠨ᠂ ᠠᠵᠤ ᠠᠬᠤᠢ ᠰᠣᠶᠣᠯ᠎ᠤᠨ ᠰᠣᠯᠢᠯᠴᠠᠭ᠎ᠠ ᠪᠣᠯᠤᠨ ᠤᠯᠠᠨ
ᠦᠨᠳᠦᠰᠦᠲᠡᠨ᠎ᠤ ᠠᠭᠤᠰᠤᠯᠴᠠᠯ᠎ᠢ ᠠᠬᠢᠭᠤᠯᠵᠦ᠍᠂ ᠯᠢᠶᠣᠤ ᠤᠯᠤᠰ᠂ ᠠᠯᠳᠠᠨ ᠤᠯᠤᠰ᠂ ᠶᠤᠸᠠᠨ ᠤᠯᠤᠰ ᠭᠤᠷᠪᠠᠨ
ᠤᠯᠤᠰ᠎ᠤᠨ ᠦᠶ᠎ᠡ᠎ᠳᠤ ᠦᠷᠭᠦᠯᠵᠢᠯᠡᠨ ᠬᠡᠷᠡᠭ᠌ᠯᠡᠭ᠌ᠳᠡᠵᠦ᠍᠂ 450 ᠵᠢᠯ ᠦᠷᠭᠦᠯᠵᠢᠯᠡᠭ᠌ᠰᠡᠨ ᠪᠠᠢᠨ᠎ᠠ᠃ ᠹᠸᠡᠭ᠌ᠵᠸᠤ ᠬᠤᠳᠠ ᠴᠡᠷᠢᠭ ᠲᠠᠢᠨ᠎ᠤ
ᠡᠪᠳᠡᠯᠡᠭᠡ᠎ᠳᠤ ᠰᠦᠨᠦᠭ᠌ᠰᠡᠨ ᠴᠤ᠌ ᠬᠤᠳᠠ᠎ᠶ᠋ᠢᠨ ᠪᠠᠷᠠᠭᠤᠨ ᠬᠤᠢᠳᠤ ᠦᠨᠴᠦᠭ᠎ᠲᠤ ᠪᠠᠢᠷᠢᠯᠠᠭ᠎ᠠ ᠴᠠᠭᠠᠨ
ᠰᠤᠪᠤᠷᠭ᠎ᠠ ᠲᠡᠷᠡ ᠬᠡᠪ᠎ᠢᠶᠠᠷ᠎ᠢᠶᠠᠨ ᠰᠡᠬᠦ᠋ᠢᠨ ᠦᠯᠡᠳᠡᠵᠠᠢ᠃
ᠴᠠᠭᠠᠨ
ᠰᠤᠪᠤᠷᠭ᠎ᠠ᠎ᠨᠢ ᠯᠢᠶᠤᠤ ᠱᠸᠡᠭ᠌ᠽᠦ᠋ᠡᠭ ᠬᠠᠭᠠᠨ᠎ᠤ ᠦᠶ᠎ᠠ (983 — 1031 ᠤᠨ) ᠳ᠋ᠤ
ᠪᠠᠢᠭᠤᠯᠤᠬ᠍ᠳᠠᠵᠠᠢ᠃ ᠯᠢᠶᠤᠤ ᠤᠯᠤᠰ ᠠᠯᠳᠠᠨ ᠤᠯᠤᠰ᠎ᠤᠨ ᠦᠶ᠎ᠠ᠎ᠶ᠋ᠢᠨ ᠹᠸᠡᠭ᠌ᠵᠸᠤ ᠬᠤᠳᠠ ᠪᠤᠯ ᠬᠢᠯᠢ
ᠬᠢᠵᠠᠭᠠᠷ ᠤᠷᠤᠨ᠎ᠤ ᠴᠡᠷᠢᠭ᠎ᠤᠨ ᠶᠠᠪᠤᠳᠠᠯ᠎ᠤᠨ ᠴᠢᠬᠤᠯᠠ ᠪᠠᠯᠭᠠᠰᠤ ᠪᠠᠢᠬ᠍ᠰᠠᠨ ᠲᠤᠯᠡ ᠰᠤᠪᠤᠷᠭᠠᠨ
ᠲᠡᠭᠡᠷ᠎ᠠ ᠤᠴᠢᠵᠤ ᠪᠠᠷᠠᠳᠠᠨ ᠵᠢᠭᠤᠯᠴᠢᠯᠠᠬᠤ ᠬᠦᠮᠤᠨ ᠴᠦᠭᠡᠨ ᠪᠠᠢᠯ᠎ᠠ᠃ ᠬᠠᠷᠢᠨ ᠶᠤᠸᠠᠨ ᠤᠯᠤᠰ᠎ᠤᠨ
ᠦᠶ᠎ᠠ᠎ᠶ᠋ᠢᠨ ᠹᠸᠡᠭ᠌ᠵᠸᠤ ᠬᠤᠳᠠ ᠪᠤᠯ ᠡᠮᠤᠨᠠᠳᠤ ᠤᠮᠠᠷᠠᠳᠤ ᠪᠠ ᠵᠠᠬᠦᠨ ᠪᠠᠷᠠᠭᠤᠨ ᠤᠷᠤᠨ᠎ᠤ ᠵᠠᠮ
ᠬᠠᠷᠢᠯᠴᠠᠭᠠᠨ᠎ᠤ ᠠᠭᠤᠯᠵᠠᠷ ᠴᠡᠭ ᠪᠤᠯᠬᠤᠷ ᠡᠯ᠎ᠠ ᠦᠨᠳᠤᠰᠤᠳᠡᠨ ᠡᠯ᠎ᠠ ᠲᠠᠪᠬᠤᠷᠭ᠎ᠠ ᠶ᠋ᠢᠨ ᠬᠦᠮᠤᠰ ᠹᠧᠩᠵᠸᠦ
ᠬᠤᠳᠠ ᠪᠠᠷ ᠦᠩᠭᠡᠷᠡᠬᠦ᠌᠎ᠳᠡᠭᠡᠨ ᠰᠤᠪᠤᠷᠭ᠎ᠠ ᠲᠡᠭᠡᠷ᠎ᠠ ᠤᠴᠢᠵᠤ ᠪᠠᠷᠠᠳᠠᠨ ᠵᠤᠯᠭᠠᠬᠤ ᠪᠠ ᠲᠤᠭᠤᠷᠢᠨ
ᠵᠢᠭᠤᠯᠴᠢᠯᠠᠳᠠᠭ᠃ ᠲᠡᠳᠡ ᠰᠤᠪᠤᠷᠭ᠎ᠠ ᠵᠢᠨ ᠲᠤᠳᠤᠷ ᠬᠠᠨ᠎ᠠ ᠳ᠋ᠤ ᠮᠠᠰᠢ ᠤᠯᠠᠨ ᠦᠨ᠎ᠠ ᠦᠷᠳᠡᠭ ᠲᠠᠢ ᠪᠢᠴᠢᠭᠡᠰᠤ ᠲᠡᠮᠳᠡᠭ᠌ᠯᠡᠯ ᠦᠯᠡᠳᠡᠭᠡᠵᠤ᠂ ᠡᠳᠡᠭᠡᠷ
ᠪᠢᠴᠢᠭᠡᠰᠤ ᠨᠢ ᠬᠤᠵᠢᠮ᠎ᠤᠨ ᠬᠦᠮᠤᠰ᠎ᠤᠨ ᠰᠤᠳᠤᠯᠭᠠᠨ ᠦᠷᠨᠢᠬᠦᠯᠬᠦ ᠳ᠋ᠤ ᠮᠠᠰᠢ ᠶᠡᠭᠡ ᠦᠢᠯᠡᠳᠦᠯ
ᠦᠵᠡᠬᠦᠯᠵᠡᠢ᠃
ᠡᠳᠡᠭᠡᠷ
ᠪᠢᠴᠢᠭᠡᠰᠤ ᠲᠡᠮᠳᠡᠭ᠌ᠯᠡᠯ ᠨᠢ ᠠᠯᠲᠠᠨ ᠤᠯᠤᠰ᠎ᠤᠨ ᠦᠶ᠎ᠠ ᠡᠴᠡ ᠢᠷᠭᠡᠨ ᠤᠯᠤᠰ᠎ᠤᠨ ᠦᠶ᠎ᠠ ᠬᠦᠷᠳᠠᠯ᠎ᠠ
ᠦᠷᠬᠦᠯᠵᠢᠯᠡᠵᠠᠢ᠃ ᠬᠢᠳᠠᠨ ᠦᠰᠦᠭ᠂ ᠵᠦᠷᠴᠢᠨ ᠦᠰᠦᠭ᠂ ᠮᠣᠩᠭᠤᠯ ᠦᠰᠦᠭ᠂ ᠫᠠᠭ᠍ᠪᠠ ᠦᠰᠦᠭ ᠵᠢᠡᠷ ᠬᠢᠲᠠᠳ
ᠦᠰᠦᠭ᠎ᠢ ᠠᠪᠢᠶᠠᠴᠢᠯᠠᠨ ᠪᠢᠴᠢᠭ᠌ᠰᠡᠨ ᠪᠤᠶᠤ ᠫᠠᠭ᠍ᠪᠠ ᠦᠰᠦᠭ ᠪᠠ ᠬᠢᠲᠠᠳ ᠦᠰᠦᠭ᠎ᠢ ᠬᠠᠷᠢᠴᠠᠭᠤᠯᠤᠨ
ᠪᠢᠴᠢᠭ᠌ᠰᠡᠨ᠂ ᠴᠢᠨᠠᠭ᠍ᠰᠢᠯᠠᠨ ᠡᠷᠲᠡᠨ᠎ᠤ ᠱᠢᠷᠢᠶᠠ ᠦᠰᠦᠭ᠂ ᠡᠷᠲᠡᠨ᠎ᠤ ᠫᠧᠷᠰ ᠦᠰᠦᠭ ᠵᠡᠷᠭᠡ ᠪᠠᠢᠵᠤ᠂ ᠹᠧᠩᠵᠸᠤ ᠣᠷᠣᠨ᠎ᠤ ᠣᠯᠠᠨ
ᠦᠨᠳᠦᠰᠦᠲᠡᠨ ᠤ ᠰᠣᠶᠣᠯ᠎ᠤᠨ ᠰᠣᠯᠢᠯᠴᠠᠭ᠎ᠠ
ᠠᠭᠤᠰᠤᠯᠴᠠᠯ᠎ᠤᠨ ᠭᠡᠷᠡᠴᠢ ᠪᠤᠯᠤᠭ᠍ᠰᠠᠨ ᠪᠠᠢᠨ᠎ᠠ᠃
ᠶᠤᠸᠠᠨ
ᠤᠯᠤᠰ᠎ᠤᠨ ᠡᠬᠢᠨ᠎ᠤ ᠦᠶ᠎ᠠ ᠳ᠋ᠤ ᠨᠡᠷᠡᠲᠦ ᠲᠦᠱᠢᠮᠡᠯ ᠯᠢᠦ ᠪᠢᠩ ᠵᠥᠩ ᠹᠸᠡᠭ᠌ᠵᠸᠤ ᠪᠠᠷ ᠦᠩᠬᠡᠷᠡᠬᠦ᠌
ᠳ᠋ᠡᠭᠡᠨ 《ᠹᠸᠡᠭ᠌ᠵᠸᠤ ᠪᠠᠷ ᠥᠩᠭᠡᠷᠡᠭ᠌ᠰᠡᠡ ᠬᠤᠶᠠᠷ ᠪᠠᠳᠠᠭ》 ᠬᠡᠮᠡᠬᠦ᠌ ᠱᠢᠯᠦᠭ ᠪᠢᠴᠢᠵᠠᠢ᠃ ᠡᠨᠡ ᠱᠢᠯᠦᠭ ᠲᠤ ᠬᠠᠮᠤᠭ᠎ᠤᠨ ᠲᠦᠷᠦᠭᠦᠨ ᠳᠤ
ᠹᠸᠡᠭ᠌ᠵᠸᠤ ᠶ᠋ᠢᠨ ᠱᠢᠨᠵᠢ ᠲᠡᠮᠳᠡᠭ ᠪᠤᠯᠬᠤ 《ᠰᠦᠮ᠎ᠠ ᠵᠢᠨ
ᠳᠤᠮᠳᠠᠬᠢ ᠰᠤᠪᠤᠷᠭ᠎ᠠ》 ᠶ᠋ᠢ ᠳᠤᠷᠠᠳᠤᠭ᠍ᠰᠠᠨ ᠪᠠᠢᠨ᠎ᠠ᠃
ᠶᠤᠸᠠᠨ
ᠤᠯᠤᠰ᠎ᠤᠨ ᠦᠶ᠎ᠠ ᠳ᠋ᠤ᠂ ᠲᠠᠯ᠎ᠠ ᠨᠤᠳᠤᠭ᠎ᠤᠨ ᠲᠣᠷᠭᠠᠨ ᠵᠠᠮ ᠨᠡᠩ ᠴᠡᠴᠡᠭ᠌ᠯᠡᠨ ᠬᠥᠭ᠌ᠵᠢᠵᠦ᠍᠂ ᠤᠯᠠᠩᠬᠢ
ᠠᠷᠠᠯᠵᠢᠶᠠᠴᠢᠨ ᠲᠠᠯ᠎ᠠ ᠨᠤᠳᠤᠭ᠎ᠢ ᠲᠤᠭᠤᠯᠤᠨ ᠧᠦ᠋ᠷᠣᠫᠠ ᠠᠽᠢᠶ᠎ᠠ ᠳ᠋ᠤ ᠬᠦᠷᠴᠦ᠍ ᠢᠷᠡᠵᠠᠢ᠃ ᠧᠦ᠋ᠷᠣᠫᠠ
ᠶ᠋ᠢᠨ ᠵᠢᠭᠤᠯᠴᠢᠨ ᠮᠠᠷᠺᠤ ᠫᠣᠯᠣ ᠡᠨᠡ ᠵᠠᠮ ᠵᠢᠡᠷ ᠳᠤᠮᠳᠠᠳᠤ ᠤᠯᠤᠰ ᠲᠤ ᠢᠷᠡᠵᠦ᠍᠂ ᠹᠧᠩᠵᠸᠦ ᠪᠣᠯᠤᠨ
ᠲᠡᠭᠦᠨ᠎ᠤ ᠤᠢ᠍ᠢᠷ᠎ᠠ ᠬᠠᠪᠢ ᠪᠠᠷ ᠪᠠᠭᠤᠳᠠᠯᠯᠠᠨ᠂ ᠹᠧᠩᠵᠸᠦ ᠡᠴᠡ ᠵᠡᠭᠦᠨᠰᠢ ᠶᠤᠸᠠᠨ ᠤ ᠳᠡᠭᠡᠳᠦ ᠨᠡᠢᠰᠯᠡᠯ ᠳᠤ ᠬᠦᠷᠴᠡᠶ᠃ 《ᠮᠠᠷᠺᠤ ᠫᠣᠯᠣ ᠶ᠋ᠢᠨ ᠠᠶᠠᠯᠠᠯ᠎ᠤᠨ ᠲᠡᠮᠳᠡᠭ᠌ᠯᠡᠯ》᠎ᠳᠤ ᠹᠧᠩᠵᠸᠦ ᠶ᠋ᠢ 《ᠲᠢᠶᠠᠨ ᠳ᠋ᠧ ᠵᠧᠤ》 ᠭᠡᠮᠡᠨ ᠲᠡᠮᠳᠡᠭ᠌ᠯᠡᠵᠦ᠍ ᠪᠠᠢᠪᠠ᠃
ᠴᠠᠭᠠᠨ ᠰᠤᠪᠤᠷᠭ᠎ᠠ᠎ᠶ᠋ᠢ
ᠠᠯᠲᠠᠨ ᠤᠯᠤᠰ᠎ᠤᠨ ᠦᠶ᠎ᠡ᠎ᠳᠤ ᠳᠠᠬᠢᠨ ᠵᠠᠰᠠᠵᠤ ᠥᠩᠭᠡᠷᠡᠭ᠌ᠰᠡᠨ ᠪᠠᠢᠨ᠎ᠠ᠃ ᠬᠠᠮᠢᠶ᠎ᠠ ᠪᠦᠬᠦᠢ
ᠲᠡᠮᠳᠡᠭ᠌ᠯᠡᠯ᠎ᠠᠴᠠ ᠦᠵᠡᠪᠡᠯ᠂ ᠠᠯᠲᠠᠨ ᠤᠯᠤᠰ᠎ᠤᠨ ᠱ᠌ᠢᠽᠦᠡᠭ ᠬᠠᠭᠠᠨ᠎ᠤ ᠳ᠋ᠠ ᠳ᠋ᠢᠩ᠎ᠤᠨ ᠬᠤᠶᠠᠳᠤᠭᠠᠷ ᠤᠨ (1162 ᠤᠨ) ᠡᠴᠡ ᠡᠮᠦᠨ᠎ᠡ ᠪᠠᠢᠬᠤ ᠲᠦᠯᠦᠪ ᠲᠡᠢ ᠬᠡᠵᠦ ᠮᠠᠭᠠᠳᠯᠠᠵᠦ ᠪᠠᠢᠨ᠎ᠠ᠃
ᠴᠠᠭᠠᠨ ᠰᠤᠪᠤᠷᠭ᠎ᠠ᠎ᠶ᠋ᠢᠨ ᠳᠣᠲᠣᠷᠠᠬᠢ ᠨᠢᠭᠡᠳᠦᠭᠡᠷ ᠳᠠᠪᠬᠤᠷᠭ᠎ᠠ᠎ᠶ᠋ᠢᠨ ᠳᠥᠷᠪᠡᠨ ᠲᠠᠯ᠎ᠠ᠎ᠶ᠋ᠢᠨ ᠬᠡᠷᠡᠮ
ᠳᠡᠭᠡᠷ᠎ᠡ ᠤᠤᠯ᠎ᠨᠢ ᠠᠷᠪᠠᠨ ᠨᠢᠭᠡᠨ ᠴᠢᠯᠠᠭᠤᠨ ᠬᠥᠱᠢᠶ᠎ᠡ ᠱᠢᠭᠢᠳᠭᠡᠵᠦ᠍ ᠪᠠᠢᠵᠠᠶ᠂
ᠴᠢᠯᠥᠭᠡᠯᠡᠭ᠌ᠳᠡᠬᠦ᠌ᠠᠴᠠ ᠡᠮᠦᠨ᠎ᠡ ᠲᠠᠪᠤᠨ ᠬᠡᠰᠡᠭ᠎ᠨᠢ ᠬᠤᠯᠠᠭᠠᠢ᠌ᠯᠠᠭ᠍ᠳᠠᠵᠤ᠂ ᠣᠳᠣ ᠵᠢᠷᠭᠤᠭᠠᠬᠠᠨ
ᠬᠡᠰᠡᠭ ᠦᠯᠡᠳᠡᠵᠤ ᠪᠤᠢ᠃
ᠣᠲᠣ ᠵᠢᠨ ᠦᠯᠡᠳᠡᠵᠤ ᠪᠠᠢᠭ᠎ᠠ ᠵᠢᠷᠭᠤᠭᠠᠨ ᠴᠢᠯᠠᠭᠤᠨ
ᠬᠥᠱᠢᠶᠡᠨᠤ ᠥᠰᠥᠭ᠎ᠲᠤ ᠪᠣᠳᠠᠲᠠᠶ ᠤᠨ ᠵᠢᠯ ᠪᠠᠢᠬᠤ ᠥᠬᠡᠶ᠃