ᠤᠷᠳᠤ ᠴᠠᠭᠠᠨ ᠬᠡᠷᠡᠮ ᠪᠤᠯ ᠳᠡᠯᠡᠬᠡᠶ᠎ᠳᠦ ᠠᠯᠳᠠᠷᠲᠠᠶ ᠳᠤᠮᠳᠠᠳᠤ ᠤᠯᠤᠰ᠎ᠤᠨ ᠡᠷᠲᠡᠨ᠎ᠦ
ᠪᠠᠷᠢᠯᠭ᠎ᠠ ᠪᠤᠯᠤᠨ᠎ᠠ᠃ ᠲᠦᠮᠡᠨ ᠭᠠᠵᠠᠷ᠎ᠤᠨ ᠣᠷᠳᠣ ᠴᠠᠭᠠᠨ ᠬᠡᠷᠡᠮ ᠨᠢ ᠵᠡᠭᠦᠨᠰᠢ᠎ᠪᠡᠨ ᠪᠦᠸᠧᠬᠠᠶ ᠪᠤᠯᠤᠩ᠎ᠤᠨ ᠱᠠᠨᠠᠭ᠎ᠠ ᠪᠣᠭᠣᠮᠲᠠ᠎ᠠᠴᠠ
ᠡᠬᠢᠯᠡᠵᠦ᠍᠂ ᠪᠠᠷᠠᠭᠤᠨᠰᠢ᠎ᠪᠠᠨ ᠭᠠᠨᠰᠦ ᠮᠤᠵᠢ᠎ᠶ᠋ᠢᠨ ᠵᠢᠶᠠ ᠢᠦᠶ ᠭᠤᠸᠠᠨ ᠪᠣᠭᠣᠮᠲᠠ ᠬᠦᠷᠳᠡᠭ᠃ ᠲᠡᠷᠡ ᠨᠢ ᠥᠨᠳᠥᠷ
ᠠᠭᠤᠯᠠ ᠠᠰᠭ᠎ᠠ ᠬᠠᠳᠠ᠂ ᠠᠭᠤᠯᠠ ᠬᠠᠪᠴᠢᠯ ᠭᠤᠤ ᠵᠢᠯᠠᠭ᠎ᠠ᠎ᠶ᠋ᠢ ᠲᠤᠭᠤᠯᠵᠤ᠂ 1.2 ᠲᠦᠮᠡ ᠭᠠᠷᠤᠢ ᠭᠠᠵᠠᠷ
ᠦᠷᠭᠦᠯᠵᠢᠯᠡᠵᠦ᠍᠂ ᠳᠤᠮᠳᠠᠳᠤ ᠤᠯᠤᠰ᠎ᠤᠨ ᠤᠮᠠᠷᠠᠲᠤ᠎ᠶ᠋ᠢᠨ 7 ᠮᠤᠵᠢ ᠬᠤᠳᠠ ᠥᠪᠡᠷᠲᠡᠭᠡᠨ ᠵᠠᠰᠠᠬᠤ ᠣᠷᠣᠨ᠎ᠢ ᠰᠤᠨᠳᠠᠯᠠᠬᠰᠠᠨ ᠪᠠᠢᠳᠠᠬ᠃
ᠠᠯᠢ ᠡᠷᠲᠡ ᠴᠦᠨ ᠴᠢᠦ ᠪᠠᠢᠯᠳᠤᠭᠠᠨᠲᠤ ᠤᠯᠤᠰ᠎ᠤᠨ ᠦᠶ᠎ᠡ᠎ᠳᠦ᠂ ᠡᠯ᠎ᠡ ᠤᠯᠤᠰ ᠳᠠᠢᠰᠤᠨ᠎ᠢ
ᠬᠣᠷᠢᠭ᠍ᠯᠠᠬᠤ᠎ᠶ᠋ᠢᠨ ᠲᠥᠯᠥᠭᠡ᠂ ᠪᠠᠷᠲᠠᠭ᠎ᠠ᠎ᠶ᠋ᠢ ᠠᠱᠢᠭ᠍ᠯᠠᠨ ᠣᠷᠳᠣ ᠴᠠᠭᠠᠨ ᠬᠡᠷᠡᠮ᠎ᠢ ᠪᠠᠢᠭᠤᠯᠵᠠᠶ᠃ ᠴᠢᠨ
ᠤᠯᠤᠰ ᠡᠯ᠎ᠠ ᠤᠯᠤᠰ᠎ᠢ ᠨᠢᠭᠡᠳᠭᠡᠭ᠌ᠰᠡᠨᠦ ᠳᠠᠷᠠᠭ᠎ᠠ᠂ ᠬᠡᠰᠡᠭ ᠬᠤᠪᠢᠶᠠᠭ᠍ᠰᠠᠨ ᠬᠠᠮᠠᠭᠠᠯᠠᠯᠲᠠ᠎ᠶ᠋ᠢᠨ
ᠬᠡᠷᠡᠮ᠎ᠢ ᠬᠣᠯᠪᠣᠵᠤ᠂ ᠠᠤᠭ᠎ᠠ ᠶᠡᠬᠡ ᠬᠡᠪᠴᠢᠶ᠎ᠡ᠎ᠲᠡᠶ ᠣᠷᠳᠣ ᠴᠠᠭᠠᠨ ᠬᠡᠷᠡᠮ᠎ᠢ ᠪᠠᠢᠭᠤᠯᠵᠤ᠂ ᠰᠡᠭᠦᠯᠡᠷ
ᠨᠢ ᠡᠯ᠎ᠡ ᠲᠥᠷᠥ᠍ ᠨᠢ ᠵᠠᠯᠭᠠᠭ᠎ᠠ᠎ᠪᠠᠷ ᠪᠡᠬᠢᠯᠡᠨ ᠵᠠᠰᠠᠭ᠍ᠰᠠᠨ ᠪᠠᠢᠨ᠎ᠠ᠃ ᠮᠢᠩ ᠤᠯᠤᠰ ( 1368—1644 ᠤᠨ) ᠬᠦᠷᠤᠬᠡᠳ᠂ ᠤᠤᠯ᠎ᠤᠨ ᠰᠠᠭᠤᠷᠢᠨ ᠳᠡᠭᠡᠷᠡᠵᠠᠰᠠᠵᠦ ᠦᠬᠡᠷᠡᠴᠢᠯᠡᠨ
ᠪᠠᠢᠭᠤᠯᠤᠭᠠᠳ ᠠᠭᠠᠵᠢᠮ᠎ᠢᠶᠠᠷ ᠣᠳᠣ᠎ᠶ᠋ᠢᠨ ᠳᠦᠷᠰᠦ ᠪᠠᠢᠳᠠᠯ᠎ᠢ ᠪᠦᠳᠦᠬᠡᠵᠡᠢ᠃
ᠲᠦᠮᠡᠨ ᠭᠠᠵᠠᠷ᠎ᠤᠨ ᠤᠷᠳᠤ ᠴᠠᠭᠠᠨ ᠬᠡᠷᠡᠮ ᠰᠦᠷ ᠵᠢᠪᠬᠤᠭ᠎ᠠ᠎ᠲᠠᠶ᠂ ᠳᠡᠯᠡᠬᠡᠶ᠎ᠶ᠋ᠢᠨ
ᠲᠡᠦᠬᠡᠨ ᠳᠡᠭᠡᠷᠡᠬᠢ ᠠᠭᠤᠤ ᠶᠡᠬᠡ ᠢᠨᠵᠧᠨᠧᠷᠢᠩ᠎ᠤᠨ ᠨᠢᠭᠡ ᠪᠤᠯᠤᠬᠰᠡᠨ ᠵᠢᠡᠷ 1987 ᠣᠨ᠎ᠳᠤ 《ᠳᠡᠯᠡᠬᠡᠶ᠎ᠶ᠋ᠢᠨ ᠰᠣᠶᠣᠯ᠎ᠤᠨ ᠥᠪ᠎ᠦᠨ ᠨᠡᠷᠡᠰ᠎ᠦᠨ ᠵᠢᠭ᠍ᠰᠠᠭᠠᠯᠲᠠ》 ᠳ᠋ᠤ ᠣᠷᠣᠬᠰᠠᠨ ᠪᠠᠢᠨ᠎ᠠ᠃
ᠳᠡᠯᠡᠬᠡᠶ᠎ᠶ᠋ᠢᠨ ᠥᠪ ᠤᠨ
ᠺᠣᠮᠢᠰ᠎ᠤᠨ ᠦᠨᠡᠯᠡᠯᠲᠡ
ᠪᠠᠷᠤᠭ ᠨᠡᠢᠲᠡ᠎ᠶ᠋ᠢᠨ ᠤᠨ ᠲᠣᠭᠠᠯᠠᠯ᠎ᠠᠴᠠ ᠡᠮᠦᠨ᠎ᠡ 220 ᠣᠨ᠎ᠳᠤ᠂ ᠳᠡᠯᠡᠬᠡᠶ ᠳ᠋ᠠᠬᠢᠨ᠎ᠢ ᠨᠢᠭᠡᠳᠭᠡᠭ᠌ᠰᠡᠨ ᠴᠢᠨ ᠱ᠌ᠢ ᠬᠤᠸᠠᠩ᠂
ᠡᠷᠲᠡ ᠦᠶ᠎ᠡ᠎ᠶ᠋ᠢᠨ ᠬᠡᠰᠡᠭ ᠪᠤᠰᠠᠭ ᠰᠡᠷᠭᠡᠢᠯᠡᠯᠲᠡ᠎ᠶ᠋ᠢᠨ ᠪᠡᠬᠢᠯᠡᠯᠲᠡ᠎ᠵᠢ ᠨᠢᠭᠡᠨ ᠪᠦᠷᠢᠨ ᠪᠦᠲᠦᠨ
ᠰᠡᠷᠭᠡᠢᠯᠡᠯᠲᠡ᠎ᠶ᠋ᠢᠨ ᠱᠢᠰᠲ᠋ᠧᠮ ᠪᠣᠯᠭᠠᠨ ᠪᠠᠢᠭᠤᠯᠵᠤ᠂ ᠤᠮᠠᠷᠠᠲᠤ ᠣᠷᠣᠨ᠎ᠠᠴᠠ ᠢᠷᠡᠭ᠌ᠰᠡᠨ
ᠲᠦᠷᠢᠮᠡᠬᠡᠢᠯᠡᠯ᠎ᠢ ᠡᠰᠡᠷᠭᠦᠴᠡᠵᠦ ᠪᠠᠢᠵᠠᠢ᠃ ᠮᠢᠩ ᠤᠯᠤᠰ (1368— 1644 ᠤᠨ ) ᠤᠨ ᠦᠶ᠎ᠡ᠎ᠳᠦ᠂ ᠣᠷᠳᠣ ᠴᠠᠭᠠᠨ ᠬᠡᠷᠡᠮ᠎ᠢ ᠦᠷᠭᠦᠯᠵᠢᠯᠡᠨ ᠪᠠᠢᠭᠤᠯᠵᠤ
ᠳᠡᠯᠡᠬᠡᠶ ᠳᠡᠭᠡᠷᠡᠬᠢ ᠬᠠᠮᠤᠭ᠎ᠤᠨ ᠣᠷᠳᠣ ᠴᠡᠷᠢᠭ᠎ᠦᠨ ᠶᠠᠪᠤᠳᠠᠯ᠎ᠤᠨ ᠲᠥᠬᠥᠭᠡᠷᠦᠮᠵᠢ ᠪᠣᠯᠭᠠᠵᠠᠶ᠃
ᠲᠡᠭᠦᠨ᠎ᠦ ᠰᠣᠶᠣᠯ ᠤᠷᠠᠯᠢᠭ᠎ᠤᠨ ᠲᠠᠯ᠎ᠠ᠎ᠶ᠋ᠢᠨ ᠦᠨ᠎ᠡ ᠥᠷᠲᠡᠭ ᠨᠢ ᠲᠡᠦᠬᠡ ᠪᠠ ᠪᠠᠢᠯᠳᠤᠬᠤ
ᠪᠣᠳᠣᠯᠭ᠎ᠠ᠎ᠯᠤᠭ᠎ᠠ ᠠᠳᠠᠯᠢᠬᠠᠨ ᠦᠨᠳᠦᠷ ᠪᠠᠢᠳᠠᠬ᠃
ᠲᠣᠢᠮᠣ ᠪᠠᠢᠳᠠᠯ
ᠣᠷᠳᠣ ᠴᠠᠭᠠᠨ ᠬᠡᠷᠡᠮ ᠪᠣᠯ ᠳᠡᠯᠡᠬᠡᠶ ᠳᠡᠭᠡᠷ᠎ᠡ
ᠪᠠᠢᠭᠤᠯᠤᠭ᠍ᠰᠠᠨ ᠴᠠᠭ᠎ᠢᠶᠠᠷ ᠬᠠᠮᠤᠭ᠎ᠤᠨ ᠣᠷᠳᠣ᠂ ᠪᠠᠷᠢᠯᠭ᠎ᠠ᠎ᠶ᠋ᠢᠨ ᠬᠡᠮᠵᠢᠶ᠎ᠡ᠎ᠪᠡᠷ ᠬᠠᠮᠤᠭ᠎ᠤᠨ ᠶᠡᠬᠡ
ᠡᠷᠲᠡᠨ᠎ᠦ ᠰᠡᠷᠭᠡᠢᠯᠡᠯᠲᠡ᠎ᠶ᠋ᠢᠨ ᠪᠠᠷᠢᠯᠭ᠎ᠠ ᠪᠣᠯᠤᠨ᠎ᠠ᠃ ᠨᠡᠢᠲᠡ᠎ᠶ᠋ᠢᠨ ᠤᠨ ᠲᠣᠭᠠᠯᠠᠯ᠎ᠠᠴᠠ ᠡᠮᠦᠨ᠎ᠡ 78 ᠳ᠋ᠤᠭᠠᠷ ᠵᠠᠭᠤᠨ᠎ᠠᠴᠠ ᠡᠬᠢᠯᠡᠨ᠂ 2000 ᠭᠠᠷᠤᠶ ᠵᠢᠯ
ᠦᠷᠭᠦᠯᠵᠢᠯᠡᠨ ᠪᠠᠢᠭᠤᠯᠵᠤ᠂ ᠳᠤᠮᠳᠠᠳᠤ ᠤᠯᠤᠰ᠎ᠤᠨ ᠤᠮᠠᠷᠠᠲᠤ ᠬᠡᠰᠡᠭ ᠪᠠ ᠳᠤᠮᠳᠠᠳᠤ ᠬᠡᠰᠡᠭ᠎ᠦᠨ ᠥᠷᠭᠡᠨ
ᠠᠭᠤᠳᠠᠮ ᠨᠤᠲᠤᠭ ᠳᠡᠪᠢᠰᠭᠡᠷ ᠳᠡᠭᠡᠷ᠎ᠡ ᠲᠠᠷᠬᠠᠵᠤ᠂ ᠶᠡᠷᠦᠩᠬᠡᠶ ᠣᠷᠳᠣ ᠨᠢ 50000 ᠭᠠᠷᠤᠶ ᠺᠢᠯᠣᠮᠧᠲ᠋ᠷ᠎ᠲᠦ ᠬᠦᠷᠴᠦ᠍᠂ 《ᠳᠡᠭᠡᠷ᠎ᠡ ᠳᠣᠣᠷ᠎ᠠ ᠬᠣᠶᠠᠷ ᠮᠢᠩᠭ᠎ᠠ ᠭᠠᠷᠤᠶ
ᠵᠢᠯ᠂ ᠬᠥᠨᠳᠡᠯᠡᠨ ᠭᠤᠯᠳᠤ ᠠᠷᠪᠠᠨ ᠲᠦᠮᠡ ᠭᠠᠷᠤᠶ ᠭᠠᠵᠠᠷ》 ᠬᠡᠮᠡᠭ᠌ᠳᠡᠳᠡᠭ᠃
ᠡᠢᠮᠦᠷᠬᠦ ᠠᠤᠭ᠎ᠠ ᠶᠡᠬᠡ ᠢᠨᠵᠧᠨᠧᠷᠢᠩ ᠨᠢ ᠳᠤᠮᠳᠠᠳᠤ ᠤᠯᠤᠰ᠂
ᠲᠡᠷᠡᠴᠢᠯᠡᠨ ᠳᠡᠯᠡᠬᠡᠶ ᠳᠡᠭᠡᠷ᠎ᠡ ᠴᠦ᠍ ᠬᠣᠣᠰ ᠦᠭᠡᠶ ᠪᠣᠯᠬᠣᠷ ᠳᠤᠮᠳᠠᠳᠤ ᠡᠷᠲᠡᠨ᠎ᠦ ᠳᠡᠯᠡᠬᠡᠶ᠎ᠶ᠋ᠢᠨ
ᠳᠣᠯᠣᠭᠠᠨ ᠶᠡᠬᠡ ᠭᠠᠢᠬᠠᠮᠱᠢᠭ᠎ᠤᠨ ᠨᠢᠭᠡ ᠪᠣᠯᠤᠭ᠍ᠰᠠᠨ ᠪᠠᠢᠨ᠎ᠠ᠃
ᠤᠷᠳᠤ ᠴᠠᠭᠠᠨ ᠬᠡᠷᠡᠮ᠎ᠢ ᠪᠠᠢᠭᠤᠯᠤᠭ᠍ᠰᠠᠨ ᠲᠡᠦᠬᠡ
ᠣᠷᠳᠣ ᠴᠠᠭᠠᠨ ᠬᠡᠷᠡᠮ᠎ᠢ ᠪᠠᠢᠭᠤᠯᠤᠭ᠍ᠰᠠᠨ ᠲᠡᠦᠬᠡ᠎ᠶ᠋ᠢ ᠨᠡᠢᠲᠡ᠎ᠶ᠋ᠢᠨ ᠤᠨ ᠲᠣᠭᠠᠯᠠᠯ᠎ᠠᠴᠠ
ᠡᠮᠦᠨ᠎ᠡ ᠶᠢᠰᠦᠳᠦᠭᠡᠷ ᠵᠠᠭᠤᠨ᠎ᠤ ᠪᠠᠷᠠᠭᠤᠨ ᠵᠧᠸ᠋ ᠤᠯᠤᠰ᠎ᠤᠨ ᠦᠶ᠎ᠡ ᠬᠦᠷᠲᠡᠯ᠎ᠡ ᠮᠥᠷᠳᠡᠵᠦ᠍ ᠪᠣᠯᠤᠨ᠎ᠠ᠂
ᠵᠧᠸ᠋ ᠤᠯᠤᠰ᠎ᠤᠨ ᠲᠥᠷᠥ᠍ ᠨᠢ ᠤᠮᠠᠷᠠᠲᠤ᠎ᠶ᠋ᠢᠨ ᠨᠡᠭᠦᠳᠡᠯᠴᠢᠨ ᠦᠨᠳᠦᠰᠦᠲᠡᠨ᠎ᠦ ᠲᠠᠭᠠᠷᠢᠯᠲᠠ᠎ᠶ᠋ᠢ
ᠰᠡᠷᠭᠡᠢᠯᠡᠬᠦ᠌᠎ᠶ᠋ᠢᠨ ᠲᠥᠯᠥᠭᠡ ᠡᠬᠢᠯᠡᠵᠦ ᠪᠠᠢᠭᠤᠯᠤᠬᠰᠠᠨ ᠪᠦᠬᠡᠳ ᠲᠡᠷᠡ ᠨᠢ ᠬᠡᠰᠡᠭ ᠪᠤᠰᠠᠭ ᠪᠡᠬᠢᠯᠡᠯᠲᠡ ᠬᠣᠲᠠ ᠪᠠᠢᠵᠠᠢ᠃ ᠨᠡᠢᠲᠡ᠎ᠶ᠋ᠢᠨ ᠤᠨ ᠲᠣᠭᠠᠯᠠᠯ᠎ᠠᠴᠠ
ᠡᠮᠦᠨ᠎ᠡ ᠳᠣᠯᠣᠭ᠎ᠠ ᠨᠠᠶ᠋ᠮᠠᠳᠤᠭᠠᠷ ᠵᠠᠭᠤᠨ ᠪᠣᠯᠬᠤ᠎ᠳᠤ᠂ ᠴᠦᠨ ᠴᠢᠦ ᠪᠠᠢᠯᠳᠤᠭᠠᠨᠲᠤ ᠤᠯᠤᠰ᠎ᠤᠨ
ᠦᠶ᠎ᠡ᠎ᠶ᠋ᠢᠨ ᠣᠯᠠᠨ ᠤᠯᠤᠰ᠎ᠤᠨ ᠾᠧᠦ ᠨᠣᠶᠠᠳ ᠬᠠᠷᠢᠯᠴᠠᠨ ᠡᠵᠡᠷᠬᠡᠬᠦ᠌᠎ᠶ᠋ᠢᠨ ᠲᠥᠯᠥᠭᠡ᠂ ᠬᠠᠷᠢᠯᠴᠠᠨ ᠰᠠᠬᠢᠨ
ᠬᠠᠮᠠᠭᠠᠯᠠᠵᠤ᠂ ᠥᠪᠡᠷ ᠥᠪᠡᠷ᠎ᠦᠨ ᠰᠡᠷᠭᠡᠢᠯᠡᠯᠲᠡ᠎ᠶ᠋ᠢᠨ ᠱᠠᠭᠠᠷᠳᠠᠯᠭ᠎ᠠ᠎ᠪᠠᠨ ᠦᠨᠳᠦᠰᠦᠯᠡᠵᠦ᠍᠂ ᠬᠢᠯᠢ
ᠬᠢᠵᠠᠭᠠᠷ ᠳᠡᠭᠡᠷ᠎ᠡ᠎ᠪᠡᠨ ᠣᠷᠳᠣ ᠴᠠᠭᠠᠨ ᠬᠡᠷᠡᠮ᠎ᠢ ᠪᠠᠢᠭᠤᠯᠵᠤ᠂ ᠬᠠᠮᠤᠭ ᠡᠷᠲᠡ᠎ᠳᠡᠭᠡᠨ ᠨᠡᠢᠲᠡ᠎ᠶ᠋ᠢᠨ ᠤᠨ
ᠲᠣᠭᠠᠯᠠᠯ᠎ᠠᠴᠠ ᠡᠮᠦᠨ᠎ᠡ ᠳᠣᠯᠣᠳᠤᠭᠠᠷ ᠵᠠᠭᠤᠨ᠎ᠤ ᠦᠶ᠎ᠡ᠎ᠳᠤ ᠴᠥ ᠤᠯᠤᠰ ᠣᠷᠳᠣ ᠴᠠᠭᠠᠨ ᠬᠡᠷᠡᠮ᠎ᠢ
ᠪᠠᠢᠭᠤᠯᠵᠤ᠂ ᠰᠡᠭᠦᠯᠡᠷ ᠨᠢ ᠴᠢ ᠤᠯᠤᠰ᠂ ᠬᠠᠨ ᠤᠯᠤᠰ᠂ ᠸᠧᠶ ᠤᠯᠤᠰ᠂ ᠵᠣᠣ ᠤᠯᠤᠰ᠂ ᠶᠠᠨ ᠤᠯᠤᠰ ᠂ ᠴᠢᠨ ᠤᠯᠤᠰ᠂ ᠵᠥᠩ ᠱᠠᠨ ᠵᠡᠷᠭᠡ ᠶᠡᠬᠡ ᠪᠠᠭ᠎ᠠ ᠾᠧᠦ ᠤᠯᠤᠰ ᠪᠦᠷ ᠵᠠᠯᠭᠠᠭ᠎ᠠ᠎ᠪᠠᠷ ᠣᠷᠳᠣ ᠴᠠᠭᠠᠨ ᠬᠡᠷᠡᠮ᠎ᠢ
ᠪᠠᠢᠭᠤᠯᠵᠤ ᠥᠪᠡᠷ᠎ᠢ᠎ᠪᠡᠨ ᠬᠠᠮᠠᠭᠠᠯᠠᠵᠠᠶ᠃ ᠡᠨᠡ ᠦᠶ᠎ᠡ᠎ᠶ᠋ᠢᠨ ᠣᠷᠳᠣ ᠴᠠᠭᠠᠨ ᠬᠡᠷᠡᠮ᠎ᠦᠨ ᠣᠨᠴᠠᠯᠢᠭ ᠨᠢ
ᠵᠡᠭᠦᠨᠰᠢ᠂ ᠡᠮᠦᠨᠡᠰᠢ᠂ ᠪᠠᠷᠠᠭᠤᠨᠰᠢ᠂ ᠤᠮᠠᠷᠠᠰᠢ ᠴᠢᠭ᠌ᠯᠡᠯ ᠨᠢ ᠪᠦᠷ ᠠᠳᠠᠯᠢ ᠪᠤᠰᠤ᠂ ᠣᠷᠳᠣ ᠨᠢ ᠨᠡᠯᠢᠶᠡᠳ
ᠣᠬᠣᠷ᠂ ᠬᠡᠳᠦᠨ ᠵᠠᠭᠤᠨ ᠺᠢᠯᠣᠮᠧᠲ᠋ᠷ᠎ᠡᠴᠡ 1000᠂ 2000
ᠺᠢᠯᠣᠮᠧᠲ᠋ᠷ ᠬᠦᠷᠲᠡᠯ᠎ᠡ ᠠᠳᠠᠯᠢ ᠪᠤᠰᠤ ᠪᠠᠢᠳᠠᠭ᠃ ᠬᠣᠵᠢᠮ᠎ᠤᠨ ᠴᠢᠨ ᠱ᠌ᠢ ᠬᠤᠸᠠᠩ᠎ᠤᠨ ᠪᠠᠷᠢᠭ᠍ᠰᠠᠨ ᠣᠷᠳᠣ
ᠴᠠᠭᠠᠨ ᠬᠡᠷᠡᠮ᠎ᠡᠴᠡ ᠢᠯᠭᠠᠬᠤ᠎ᠶ᠋ᠢᠨ ᠲᠥᠯᠥᠭᠡ ᠲᠡᠳᠡᠬᠡᠷᠢ 《ᠴᠢᠨ
ᠤᠯᠤᠰ᠎ᠠᠴᠠ ᠡᠮᠦᠨᠡᠬᠢ ᠣᠷᠳᠣ ᠴᠠᠭᠠᠨ ᠬᠡᠷᠡᠮ 》 ᠭᠡᠳᠡᠭ᠃ ᠨᠡᠢᠲᠡ᠎ᠶ᠋ᠢᠨ
ᠤᠨ ᠲᠣᠭᠠᠯᠠᠯ᠎ᠠᠴᠠ ᠡᠮᠦᠨ᠎ᠡ 221 ᠣᠨ᠎ᠳᠤ ᠴᠢᠨ ᠱ᠌ᠢ ᠬᠤᠸᠠᠩ ᠵᠢᠷᠭᠤᠭᠠᠨ
ᠤᠯᠤᠰ᠎ᠤᠨ ᠾᠧᠦ ᠨᠣᠶᠠᠳᠢ ᠮᠥᠬᠥᠭᠡᠨ᠂ ᠳᠡᠯᠡᠬᠡᠶ ᠳ᠋ᠠᠬᠢᠨ᠎ᠢ ᠨᠢᠭᠡᠳᠭᠡᠵᠦ᠍᠂ ᠴᠦᠨ ᠴᠢᠦ ᠪᠠᠢᠯᠳᠤᠭᠠᠨᠲᠤ
ᠤᠯᠤᠰ᠎ᠤᠨ ᠲᠡᠮᠡᠴᠡᠯᠳᠦᠭᠡᠨᠢ ᠡᠴᠦᠰᠯᠡᠭᠦᠯᠵᠦ᠍᠂ ᠳᠤᠮᠳᠠᠳᠤ ᠤᠯᠤᠰ᠎ᠤᠨ ᠲᠡᠦᠬᠡᠨ ᠳᠡᠭᠡᠷᠡᠬᠢ ᠠᠩᠬᠠᠳᠠᠭ᠍ᠴᠢ
ᠹᠸᠤᠳᠠᠯ᠎ᠤᠨ ᠡᠷᠬᠡ᠎ᠶ᠋ᠢ ᠲᠥᠪᠯᠡᠷᠡᠭᠦᠯᠦᠨ ᠨᠢᠭᠡᠳᠭᠡᠬᠦ᠌ ᠶᠡᠬᠡ ᠦᠢᠯᠡᠰ᠎ᠢ ᠪᠡᠶᠡᠯᠡᠭᠦᠯᠵᠡᠶ᠃
ᠨᠢᠭᠡᠳᠦᠭ᠌ᠰᠡᠨ ᠬᠠᠭᠠᠨᠲᠤ ᠤᠯᠤᠰ᠎ᠤᠨ ᠠᠮᠤᠷ ᠲᠦᠪᠱᠢᠨ ᠪᠠ ᠦᠢᠯᠡᠳᠪᠦᠷᠢᠯᠡᠯ᠎ᠦᠨ ᠲᠦᠪᠱᠢᠷᠡᠯᠢ
ᠪᠡᠬᠢᠵᠢᠭᠦᠯᠵᠦ᠍᠂ ᠤᠮᠠᠷᠠᠲᠤ᠎ᠶ᠋ᠢᠨ ᠬᠦᠴᠦᠷᠬᠡᠭ ᠶᠡᠬᠡ ᠾᠦᠩᠨᠦ᠍ᠵᠡᠷᠬᠡ ᠨᠡᠭᠦᠳᠡᠯᠴᠢᠨ ᠦᠨᠳᠦᠰᠦᠲᠡᠨ᠎ᠦ
ᠬᠠᠯᠳᠠᠯᠭ᠎ᠠ᠎ᠶ᠋ᠢ ᠰᠡᠷᠭᠡᠢᠯᠡᠬᠦ᠌᠎ᠶ᠋ᠢᠨ ᠲᠥᠯᠥᠭᠡ ᠤᠷᠲᠤ ᠴᠠᠭᠠᠨ ᠬᠡᠷᠡᠮ᠎ᠢ ᠶᠡᠬᠡᠪᠡᠷ ᠵᠠᠰᠠᠪᠠ᠃
ᠤᠤᠯ᠎ᠤᠨ ᠶᠠᠨ᠂ ᠵᠤᠤ ᠂ ᠴᠢᠨ ᠤᠯᠤᠰ᠎ᠤᠨ ᠬᠡᠰᠡᠭ ᠤᠮᠠᠷᠠᠲᠤ᠎ᠶ᠋ᠢᠨ ᠤᠷᠳᠤ ᠴᠠᠭᠠᠨ ᠬᠡᠷᠡᠮ᠎ᠦᠨ ᠰᠠᠭᠤᠷᠢ᠎ᠶ᠋ᠢ
ᠠᠱᠢᠭ᠍ᠯᠠᠭ᠍ᠰᠠᠨ᠎ᠠᠴᠠ ᠭᠠᠳᠠᠨ᠎ᠠ᠂ ᠪᠠᠰᠠ ᠮᠠᠰᠢ ᠤᠯᠠᠨ ᠬᠡᠰᠡᠭ᠎ᠢ ᠥᠷᠭᠡᠳᠭᠡᠨ ᠪᠠᠢᠭᠤᠯᠵᠤ᠂ 《ᠪᠠᠷᠠᠭᠤᠨ᠎ᠠᠴᠠ ᠯᠢᠨ ᠲᠤᠤ᠂ ᠵᠡᠭᠦᠨ᠎ᠡᠴᠡ ᠯᠢᠶᠣᠤᠳᠦ᠋ᠩ ᠬᠦᠷᠲᠡᠯ᠎ᠡ᠂ ᠲᠦᠮᠡ ᠭᠠᠷᠤᠢ
ᠭᠠᠵᠠᠷ ᠦᠷᠬᠦᠯᠵᠢᠯᠡᠵᠦ》 ᠂ ᠡᠭᠦᠨ᠎ᠡᠴᠡ ᠬᠣᠢᠰᠢ ᠲᠦᠮᠡᠨ ᠭᠠᠵᠠᠷ᠎ᠤᠨ
ᠤᠷᠳᠤ ᠴᠠᠭᠠᠨ ᠬᠡᠷᠡᠮᠬᠡᠬᠦ ᠨᠡᠷᠡᠢᠳᠦᠯ᠎ᠲᠡᠶ ᠪᠣᠯᠪᠠ᠃ ᠴᠢᠨ ᠱ᠌ᠢ ᠬᠤᠸᠠᠩ᠎ᠠᠴᠠ ᠬᠣᠢᠰᠢ᠂ ᠳᠤᠮᠳᠠᠳᠤ
ᠣᠷᠣᠨ᠎ᠢ ᠨᠣᠶᠠᠷᠬᠠᠵᠤ ᠪᠠᠢᠭ᠍ᠰᠠᠨ ᠲᠥᠷᠥ᠍ ᠪᠦᠬᠦᠨ ᠪᠠᠷᠤᠭ ᠪᠦᠷ ᠣᠷᠳᠣ ᠴᠠᠭᠠᠨ ᠬᠡᠷᠡᠮ᠎ᠢ ᠵᠠᠰᠠᠵᠦ ᠪᠠᠢᠭᠤᠯᠪᠠ᠃
ᠡᠭᠦᠨ᠎ᠳᠦ ᠬᠠᠨ ᠤᠯᠤᠰ᠂ ᠵᠢᠨ ᠤᠯᠤᠰ᠂ ᠤᠮᠠᠷᠠᠲᠤ ᠸᠧᠶ ᠤᠯᠤᠰ᠂ ᠵᠡᠭᠦᠨ ᠸᠧᠶ ᠤᠯᠤᠰ᠂ ᠪᠠᠷᠠᠭᠤᠨ ᠸᠧᠶ ᠤᠯᠤᠰ᠂
ᠤᠮᠠᠷᠠᠲᠤ ᠴᠢ ᠤᠯᠤᠰ᠂ ᠤᠮᠠᠷᠠᠲᠤ ᠵᠧᠸ᠋ ᠤᠯᠤᠰ᠂ ᠰᠦᠶ ᠤᠯᠤᠰ᠂ ᠲᠠᠩ ᠤᠯᠤᠰ᠂ ᠰᠦᠩ ᠤᠯᠤᠰ᠂ ᠯᠢᠶᠣᠤ ᠤᠯᠤᠰ ᠂
ᠠᠯᠲᠠᠨ ᠤᠯᠤᠰ ᠂ ᠶᠤᠸᠠᠨ ᠤᠯᠤᠰ᠂ ᠮᠢᠩ ᠤᠯᠤᠰ᠂ ᠴᠢᠩ ᠤᠯᠤᠰ ᠵᠡᠷᠭᠡ ᠠᠷᠪᠠᠨ ᠬᠡᠳᠦᠨ ᠲᠥᠷᠥ᠍ ᠪᠦᠷ ᠠᠳᠠᠯᠢ
ᠪᠤᠰᠤ ᠬᠡᠪᠴᠢᠶ᠎ᠡ᠎ᠪᠡᠷ ᠣᠷᠳᠣ ᠴᠠᠭᠠᠨ ᠬᠡᠷᠡᠮ᠎ᠢ ᠪᠠᠢᠭᠤᠯᠵᠤ᠂ ᠡᠭᠦᠨ᠎ᠦ ᠳᠣᠲᠣᠷ᠎ᠠ ᠬᠠᠨ ᠤᠯᠤᠰ᠂ ᠠᠯᠲᠠᠨ
ᠤᠯᠤᠰ᠂ ᠮᠢᠩ ᠤᠯᠤᠰ ᠭᠤᠷᠪᠠᠨ ᠲᠥᠷᠥ᠎ᠶ᠋ᠢᠨ ᠣᠷᠳᠣ ᠴᠠᠭᠠᠨ ᠬᠡᠷᠡᠮ᠎ᠦᠨ ᠬᠡᠪᠴᠢᠶ᠎ᠡ ᠨᠢ ᠬᠠᠮᠤᠭ ᠶᠡᠬᠡ
ᠪᠠᠢᠵᠤ᠂ ᠪᠦᠷ 5000 — 10000 ᠺᠢᠯᠣᠮᠧᠲ᠋ᠷ᠎ᠲᠦ ᠬᠦᠷᠦᠭ᠌ᠰᠡᠨ ᠪᠠᠢᠨ᠎ᠠ᠃
ᠣᠷᠳᠣ ᠴᠠᠭᠠᠨ ᠬᠡᠷᠡᠮ᠎ᠢ ᠪᠠᠢᠭᠤᠯᠤᠭ᠍ᠰᠠᠨ ᠨᠣᠶᠠᠷᠬᠠᠭ᠍ᠴᠢ ᠦᠨᠳᠦᠰᠦᠲᠡᠨ᠎ᠤ ᠬᠤᠪᠢ ᠡᠴᠡ ᠠᠪᠴᠤ᠌ ᠦᠵᠡᠪᠡᠯ᠂ ᠬᠢᠲᠠᠳ ᠦᠨᠳᠦᠰᠦᠲᠡᠨ᠎ᠡᠴᠡ ᠭᠠᠳᠠᠨ᠎ᠠ᠂ ᠮᠠᠰᠢ
ᠣᠯᠠᠨ ᠴᠥᠭᠡᠨ ᠲᠣᠭᠠᠲᠤ ᠦᠨᠳᠦᠰᠦᠲᠡᠨ᠎ᠦ ᠨᠣᠶᠠᠷᠬᠠᠵᠤ ᠪᠠᠢᠬᠰᠠᠨ ᠲᠥᠷᠥ᠍ ᠨᠢ ᠴᠦ᠍ ᠣᠷᠳᠣ ᠴᠠᠭᠠᠨ ᠬᠡᠷᠡᠮ᠎ᠢ
ᠪᠠᠷᠢᠭ᠍ᠰᠠᠨ ᠪᠥᠭᠡᠳ ᠬᠢᠲᠠᠳ ᠦᠨᠳᠦᠰᠦᠲᠡᠨ᠎ᠦ ᠨᠣᠶᠠᠷᠬᠠᠵᠤ ᠪᠠᠢᠬᠰᠠᠨ ᠲᠥᠷᠥ᠎ᠡᠴᠡ ᠴᠦ᠍ ᠣᠯᠠᠨ ᠪᠠᠢᠳᠠᠭ᠃
ᠴᠢᠩ ᠤᠯᠤᠰ᠎ᠤᠨ ᠡᠩᠬᠡ ᠠᠮᠤᠭᠤᠯᠠᠩ᠎ᠤᠨ ᠦᠶ᠎ᠡ᠎ᠳᠦ᠂ ᠬᠡᠳᠦᠢᠪᠡᠷ ᠶᠡᠬᠡ ᠬᠡᠪᠴᠢᠶᠡᠨ᠎ᠦ ᠣᠷᠳᠣ ᠴᠠᠭᠠᠨ
ᠬᠡᠷᠡᠮ᠎ᠢ ᠪᠠᠢᠭᠤᠯᠬᠤ᠎ᠪᠠᠨ ᠵᠣᠭ᠍ᠰᠣᠭ᠍ᠰᠠᠨ ᠪᠣᠯᠪᠠᠴᠤ᠌᠂ ᠰᠡᠭᠦᠯᠡᠷ ᠨᠢ ᠪᠠᠰᠠ ᠣᠨᠴᠠ ᠵᠠᠷᠢᠮ ᠭᠠᠵᠠᠷ᠎ᠲᠤ
ᠣᠷᠳᠣ ᠴᠠᠭᠠᠨ ᠬᠡᠷᠡᠮ᠎ᠢ ᠪᠠᠢᠭᠤᠯᠵᠠᠶ᠃ ᠴᠦᠨ ᠴᠢᠦ ᠪᠠᠢᠯᠳᠤᠭᠠᠨᠲᠤ ᠤᠯᠤᠰ᠎ᠤᠨ ᠦᠶ᠎ᠡ᠎ᠡᠴᠡ ᠡᠬᠢᠯᠡᠨ ᠴᠢᠩ
ᠤᠯᠤᠰ ᠬᠦᠷᠲᠡᠯᠡᠬᠢ 2000 ᠭᠠᠷᠤᠶ
ᠵᠢᠯ᠎ᠳᠦ ᠤᠷᠲᠤ ᠴᠠᠭᠠᠨ ᠬᠡᠷᠡᠮ᠎ᠢ ᠪᠠᠢᠭᠤᠯᠬᠤ᠎ᠪᠠᠨ ᠶᠡᠷᠦ᠍ ᠵᠣᠭ᠍ᠰᠣᠭ᠍ᠰᠠᠨ ᠦᠭᠡᠶ ᠭᠡᠵᠦ᠍ ᠬᠡᠯᠡᠵᠦ᠍
ᠪᠣᠯᠤᠨ᠎ᠠ᠃
ᠤᠷᠲᠤ ᠴᠠᠭᠠᠨ
ᠬᠡᠷᠡᠮ᠎ᠦᠨ ᠬᠠᠮᠭᠠᠯᠠᠯᠳᠠ
ᠶᠡᠷᠦᠩᠬᠡᠢ ᠱᠦᠵᠢ ᠰᠢ᠎ᠶ᠋ᠢᠨ ᠫᠢᠩ ᠤᠷᠳᠤ ᠴᠠᠭᠠᠨ ᠬᠡᠷᠡᠮ᠎ᠦᠨ ᠰᠣᠶᠣᠯ᠎ᠤᠨ
ᠦᠷᠳᠡᠭ᠎ᠢ ᠠᠭᠤᠳᠠᠯᠬᠤ ᠪᠠ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠥᠪ᠎ᠢ ᠤᠯᠠᠮᠵᠢᠯᠠᠨ ᠬᠠᠮᠠᠭᠠᠯᠠᠬᠤ
ᠠᠵᠢᠯ᠎ᠢ ᠳᠡᠭᠡᠳᠦ ᠬᠡᠮᠵᠢᠶ᠎ᠠ᠎ᠪᠡᠷ ᠴᠢᠬᠤᠯᠠᠴᠢᠯᠠᠪᠠ᠃ 2019 ᠣᠨ᠎ᠤ 8
ᠰᠠᠷ᠎ᠠ᠎ᠳᠤ᠂ ᠶᠡᠷᠦᠩᠬᠡᠢ ᠱᠦᠵᠢ ᠰᠢ᠎ᠶ᠋ᠢᠨ
ᠫᠢᠩ ᠭᠠᠨᠰᠦ᠎ᠶ᠋ᠢᠨ ᠵᠢᠶᠠ ᠢᠦᠢ ᠪᠣᠭᠣᠮᠲᠠ᠎ᠳᠤ ᠪᠣᠭᠣᠮᠲᠠ᠎ᠶ᠋ᠢᠨ ᠬᠤᠳᠠ᠎ᠶ᠋ᠢ ᠪᠠᠢᠴᠠᠭᠠᠨ ᠦᠵᠡᠬᠦ ᠳ᠋ᠡᠬᠡᠨ᠂
ᠤᠷᠲᠤ ᠴᠠᠭᠠᠨ ᠬᠡᠷᠡᠮ ᠦᠨ ᠰᠣᠶᠣᠯ ᠤᠨ ᠥᠷᠲᠡᠭ᠎ᠢ ᠠᠭᠤᠳᠠᠯᠬᠤ ᠪᠠ ᠲᠡᠸ᠋ᠬᠡ ᠶ᠋ᠢᠨ ᠳᠤᠷᠠᠰᠭᠠᠯᠲᠤ
ᠵᠦᠶ᠋ᠯᠡᠰ᠎ᠦᠨ ᠥᠪ᠎ᠢ ᠤᠯᠠᠮᠵᠢᠯᠠᠨ ᠬᠠᠮᠠᠭᠠᠯᠠᠬᠤ ᠠᠵᠢᠯ᠎ᠢ ᠰᠠᠢᠲᠤᠷ ᠬᠢᠵᠦ᠍᠂ ᠦᠨᠳᠦᠰᠦᠲᠡᠨ᠎ᠦ ᠵᠣᠷᠢᠭ ᠰᠠᠨᠠᠭ᠎ᠠ
ᠶ᠋ᠢ ᠪᠠᠳᠠᠷᠠᠭᠤᠯᠬᠤ ᠬᠡᠷᠡᠭᠳᠡᠢ ᠬᠡᠵᠦ ᠴᠢᠬᠤᠯᠠᠴᠢᠯᠠᠬᠰᠠᠨ ᠪᠠᠢᠨ᠎ᠠ᠃
ᠵᠢᠭᠤᠯᠴᠢᠯᠠᠯ᠎ᠤᠨ ᠶᠠᠮᠤᠨ ᠪᠣᠯᠤᠨ ᠤᠷᠲᠤ ᠴᠠᠭᠠᠨ ᠬᠡᠷᠡᠮ
ᠳᠠᠭᠠᠤ ᠮᠣᠵᠢ ᠣᠷᠣᠨ᠎ᠤ ᠬᠢᠨ ᠶᠡᠷᠦᠩᠬᠡᠶ ᠱᠦᠵᠢ᠎ᠶ᠋ᠢᠨ ᠴᠢᠬᠤᠯᠠ ᠵᠢᠭᠠᠪᠤᠷᠢ᠎ᠶ᠋ᠢᠨ ᠵᠣᠷᠢᠭ ᠰᠠᠨᠠᠭ᠎ᠠ᠎ᠶ᠋ᠢ
ᠢᠳᠡᠪᠬᠢᠲᠡᠢ ᠲᠤᠭᠤᠰᠢᠯᠠᠭᠤᠯᠤᠨ ᠨᠠᠢᠳᠠᠪᠤᠷᠢᠵᠢᠭᠤᠯᠬᠤ᠂ ᠤᠷᠳᠤ ᠴᠠᠭᠠᠨ ᠬᠡᠷᠡᠮ᠎ᠦᠨ ᠤᠯᠤᠰ᠎ᠤᠨ ᠰᠣᠶᠣᠯ᠎ᠤᠨ
ᠴᠡᠴᠡᠷᠯᠢᠭ᠎ᠦᠨ ᠪᠦᠳᠦᠬᠡᠨ ᠪᠠᠢᠭᠤᠯᠤᠯᠲᠠ᠎ᠪᠠᠷ ᠠᠵᠠ ᠲᠣᠬᠢᠶᠠᠯ ᠪᠣᠯᠭᠠᠵᠤ᠂ ᠤᠷᠳᠤ ᠴᠠᠭᠠᠨ ᠬᠡᠷᠡᠮ᠎ᠦᠨ
ᠰᠣᠶᠣᠯ ᠪᠣᠯᠤᠨ ᠵᠢᠭᠤᠯᠴᠢᠯᠡᠯ᠎ᠤᠨ ᠦᠢᠯᠡᠰ᠎ᠦᠨ ᠬᠥᠭ᠌ᠵᠢᠯᠲᠡ᠎ᠶ᠋ᠢ ᠶᠡᠬᠡᠪᠡᠷ ᠠᠬᠢᠭᠤᠯᠵᠦ ᠪᠤᠢ᠃
《ᠤᠷᠲᠤ ᠴᠠᠭᠠᠨ ᠬᠡᠷᠡᠮ᠂ ᠶᠡᠬᠡ ᠲᠠᠲᠠᠮᠠᠯ ᠭᠣᠣᠯ᠂
ᠤᠷᠲᠤ ᠵᠠᠮ᠎ᠤᠨ ᠠᠶᠠᠨ ᠳᠠᠢᠨ᠎ᠤ ᠤᠯᠤᠰ᠎ᠤᠨ ᠰᠣᠶᠣᠯ᠎ᠤᠨ ᠴᠡᠴᠡᠷᠯᠢᠭ᠎ᠢ ᠪᠦᠲᠦᠭᠡᠨ ᠪᠠᠢᠭᠤᠯᠬᠤ ᠲᠥᠰᠦᠯ》 ᠦᠨ ᠴᠢᠬᠤᠯᠠ
ᠠᠭᠤᠯᠭ᠎ᠠ᠎ᠶ᠋ᠢᠨ ᠨᠢᠭᠡ ᠪᠣᠯᠤᠭ᠍ᠰᠠᠨ᠎ᠤ ᠬᠤᠪᠢ᠎ᠳᠤ᠂ ᠤᠷᠲᠤ ᠴᠠᠭᠠᠨ ᠬᠡᠷᠡᠮ᠎ᠦᠨ ᠤᠯᠤᠰ᠎ᠤᠨ ᠰᠣᠶᠣᠯ᠎ᠤᠨ
ᠴᠡᠴᠡᠷᠯᠢᠭ᠎ᠤᠨ ᠡᠯ᠎ᠡ ᠵᠦᠶ᠋ᠯ᠎ᠦᠨ ᠠᠵᠢᠯ᠎ᠢ ᠡᠮᠬᠢ ᠵᠢᠷᠤᠮ᠎ᠲᠠᠶ᠎ᠪᠠᠷ ᠲᠦᠯᠬᠢᠨ ᠠᠬᠢᠭᠤᠯᠵᠤ᠂
ᠬᠠᠮᠢᠶᠠᠷᠤᠯᠲᠠ᠎ᠶ᠋ᠢᠨ ᠪᠠᠢᠭᠤᠯᠤᠯ ᠲᠣᠭ᠍ᠲᠠᠴᠠ᠎ᠶ᠋ᠢ ᠠᠯᠬᠤᠮ ᠠᠯᠬᠤᠮ᠎ᠢᠶᠠᠷ ᠪᠠᠢᠭᠤᠯᠵᠤ᠂ ᠪᠦᠲᠦᠭᠡᠨ
ᠪᠠᠢᠭᠤᠯᠵᠤ ᠬᠠᠮᠠᠭᠠᠯᠠᠬᠤ ᠲᠥᠯᠥᠪᠵᠢᠭᠦᠯᠭᠡ᠎ᠶ᠋ᠢ ᠱᠠᠯᠠᠪᠳᠠᠨ ᠠᠬᠢᠭᠤᠯᠵᠦ ᠪᠤᠢ᠃
ᠡᠮᠬᠢᠯᠡᠭᠴᠢ᠄ ᠰᠢᠶᠠᠡᠭ ᠴᠦᠨ
ᠢᠷᠡᠯᠳᠡ᠄ ᠦᠪᠤᠷ ᠮᠤᠡᠭᠭᠤᠯ᠎ᠤᠨ ᠡᠳᠦᠷ᠎ᠤᠨ ᠰᠤᠨᠢᠨ