ᠤᠶᠤᠳᠠᠨ ᠰᠡᠩᠳᠡᠮ᠎ᠠ᠎ᠶᠢᠨ ᠶᠠᠭᠠᠷᠠᠤᠬᠠᠨ ᠠᠮᠠᠷᠠᠯᠳᠠ
2022-09-01 10:46:38
ᠵᠣᠬᠢᠶᠠᠭ᠍ᠴᠢ᠄
ᠡᠷᠳᠡᠨᠢᠴᠡᠴᠡᠭ ᠡᠷᠳᠡᠨᠢᠴᠢᠮᠡᠭ
ᠣᠩᠱᠢᠭ᠍ᠰᠠᠨ ᠣᠳᠠᠭ᠎ᠠ᠄
★★★☆☆

ᠤᠢᠷ᠎ᠠ᠎ᠳᠤ᠂ ᠬᠤᠯᠠᠳᠠᠬᠢᠨ᠎ᠢ ᠲᠤᠬᠳᠠᠭᠠᠬᠴᠢ ᠬᠤᠷᠢᠶᠠᠨ᠎ᠤ ᠵᠡᠬᠦᠨ ᠡᠬᠦᠳᠡᠨ᠎ᠳᠤ ᠪᠠᠢᠷᠢᠯᠡᠵᠤ ᠪᠠᠢᠭ᠎ᠠ ︽ᠲᠡᠮᠡᠭᠡᠳᠤ ᠨᠤᠳᠤᠭ᠎ᠤᠨ ᠮᠤᠩᠭᠤᠯ ᠵᠤᠭᠤᠬ︾ ᠬᠤᠭᠤᠯᠠᠠ ᠭᠡᠷ᠎ᠲᠤ᠂  ᠨᠢᠬᠡᠨ ᠮᠤᠩᠭᠤᠯ ᠬᠡᠦᠬᠡᠨ ᠨᠢᠭᠤᠷ ᠲᠥᠬᠦᠷᠡᠩ ᠢᠨᠢᠶᠠᠳᠤ ᠪᠢᠯᠬᠠᠭᠤᠯᠵᠦ᠂ ᠬᠤᠭᠤᠯᠠ ᠤᠮᠳᠠ ᠵᠥᠭᠡᠭᠡᠨ ᠤᠢᠯᠡᠴᠢᠯᠡᠬᠦ᠎ᠶᠢᠨ ᠳᠠᠭᠠᠤ ᠪᠠᠰᠠ ᠬᠤᠭᠤᠯᠠᠠ ᠭᠡᠷ᠎ᠤᠨ ᠲᠠᠩᠰᠠ ᠪᠤᠳᠤᠵᠤ ᠪᠥᠭᠡᠮ ᠶᠠᠭᠠᠷᠠᠨ᠎ᠠ᠃

ᠡᠨᠡ ᠥᠬᠢᠨ᠎ᠢ ᠰᠡᠩᠳᠡᠮ᠎ᠠ ᠭᠡᠳᠡᠭ᠂ ᠠᠯᠠᠱᠠ ᠵᠡᠭᠦᠨ ᠬᠤᠰᠢᠭᠤᠨ᠎ᠤ ᠤᠤᠭᠠᠯ᠃ ᠥᠪᠤᠷ ᠮᠤᠩᠭᠤᠯ᠎ᠤᠨ ᠡᠳ᠋᠎ᠤᠨ ᠵᠠᠰᠠᠬ ᠠᠵᠤ ᠠᠬᠤᠢ᠎ᠶᠢᠨ ᠶᠡᠭᠡ ᠰᠤᠷᠭᠠᠭᠤᠯᠢ᠎ᠶᠢᠨ ᠬᠤᠶᠠᠳᠤᠭᠠᠷ ᠤᠨ᠎ᠤ ᠤᠶᠤᠲᠠᠨ᠃ ᠲᠡᠷᠡ ᠥᠨᠳᠦᠷ ᠲᠤᠮᠳᠠᠳᠤ᠎ᠪᠠᠨ ᠲᠡᠬᠦᠰᠤᠮᠡᠭᠴᠡ ᠠᠮᠠᠷᠠᠯᠳᠠ᠎ᠶᠢᠨ ᠬᠤᠭᠤᠴᠠᠭᠠᠠ᠎ᠤ ᠴᠠᠬ᠎ᠢᠶᠠᠨ ᠠᠰᠢᠬᠯᠠᠠ ︽ᠲᠡᠮᠡᠭᠡᠳᠤ ᠨᠤᠳᠤᠭ᠎ᠤᠨ ᠮᠤᠩᠭᠤᠯ ᠵᠤᠭᠤᠬ︾ᠬᠤᠭᠤᠯᠠᠠ ᠭᠡᠷ᠎ᠲᠤ ᠬᠥᠯᠦᠰᠤᠨ ᠠᠵᠢᠯ ᠬᠢᠵᠤ᠂ ᠡᠨᠡ ᠵᠢᠯ ᠶᠠᠭ ᠭᠤᠷᠪᠠᠳᠤᠭᠠᠷ ᠵᠢᠯ᠎ᠤᠨ ᠨᠢᠭᠤᠷ᠎ᠢ ᠥᠵᠡᠵᠤ ᠪᠠᠢᠭ᠎ᠠ ᠶᠤᠮ ᠪᠠᠢᠨ᠎ᠠ᠃

ᠰᠡᠩᠳᠡᠮ᠎ᠠ ᠡᠭᠡᠴᠢ ᠲᠡᠬᠦᠦ ᠭᠤᠷᠪᠠᠭᠤᠯᠠ᠂ ᠭᠡᠷ᠎ᠤᠨ ᠳᠠᠷᠤᠭᠠᠰᠤ᠎ᠪᠠᠨ ᠬᠥᠡᠭᠭᠡᠷᠡᠬᠦᠯᠬᠦ᠎ᠶᠢᠨ ᠲᠥᠯᠦᠭᠡ ᠠᠵᠢᠯ ᠬᠥᠳᠡᠯᠮᠤᠷᠢ᠎ᠳᠤ ᠡᠷᠳᠡ ᠤᠷᠤᠯᠴᠠᠬᠰᠠᠠ᠎ᠨᠢ ᠡᠨᠡ ᠪᠠᠢᠵᠠᠢ᠃ ᠲᠡᠷᠡ ᠡᠳᠦᠷ ᠪᠤᠯᠭᠠᠠ ᠦᠷᠯᠦᠭᠡ᠎ᠶᠢᠨ ᠲᠤᠬᠳᠠᠬᠰᠠᠨ ᠴᠠᠭ᠎ᠲᠠᠭᠠᠨ ᠠᠵᠢᠯ᠎ᠳᠠᠭᠠᠨ ᠭᠠᠷᠴᠤ᠂ ᠠᠷᠪᠠᠨ ᠭᠡᠳᠤᠨ ᠴᠠᠬ᠎ᠢᠶᠠᠷ ᠠᠵᠢᠯᠯᠠᠳᠠᠭ᠃ ᠠᠵᠢᠯᠯᠠᠬᠤ᠎ᠠᠴᠠ ᠥᠭᠡᠷ᠎ᠠ ᠴᠠᠬ᠎ᠲᠤᠨᠢ ᠡᠭᠡᠴᠢ᠎ᠶᠢᠨ᠎ᠢᠶᠠᠨ ᠬᠢᠵᠤ ᠪᠠᠢᠭ᠎ᠠ ᠤᠯᠤᠰ᠎ᠤᠨ ᠠᠯᠪᠠᠳᠠᠨ᠎ᠤ ᠰᠡᠳᠤᠪ᠎ᠢ ᠬᠢᠵᠤ ᠪᠡᠶ᠎ᠠ᠎ᠪᠠᠨ ᠳᠠᠪᠳᠠᠨ ᠪᠤᠯᠪᠠᠰᠤᠷᠠᠭᠤᠯᠳᠠᠬ ᠶᠤᠮ ᠪᠠᠢᠨ᠎ᠠ᠃ ᠲᠡᠷᠡ ᠬᠥᠯᠦᠰᠤᠨ ᠠᠵᠢᠯ ᠬᠢᠵᠤ ᠪᠠᠢᠭ᠎ᠠ ᠬᠤᠭᠤᠴᠠᠭᠠᠠ᠎ᠳᠤ ᠪᠠᠨ ᠶᠠᠷᠤᠨᠢ ᠴᠢᠯᠦᠭᠡ ᠠᠪᠳᠠᠬ ᠥᠬᠡᠢ ᠮᠥᠷᠳᠡᠭᠡᠨ ᠪᠤᠰᠢᠭᠤ ᠱᠠᠯᠠᠮᠠᠭᠠᠢ ᠠᠵᠢᠯᠴᠢ ᠪᠤᠷᠤᠬᠵᠢᠭᠤᠨ ᠪᠠᠢᠳᠠᠭ ᠪᠤᠯᠬᠤᠷ ᠬᠤᠭᠤᠯᠠᠠ ᠭᠡᠷ᠎ᠤᠨ ᠡᠵᠡᠨ᠎ᠤ ᠢᠳᠡᠭᠡᠯ᠎ᠢ ᠤᠯᠵᠠᠢ᠃ ᠬᠤᠭᠤᠯᠠᠠ ᠭᠡᠷ᠎ᠤᠨ ᠡᠵᠡᠨ ᠮᠠᠨᠳᠤᠯ᠎ᠠ ᠰᠤᠷᠪᠤᠯᠵᠢᠯᠬᠠᠴᠢ᠎ᠳᠤ᠄ ︽ᠰᠡᠩᠳᠡᠮ᠎ᠠ ᠮᠠᠠ᠎ᠤ ᠳᠡᠯᠭᠡᠬᠦᠷ᠎ᠲᠤ ᠢᠷᠠᠵᠤ ᠠᠵᠢᠯᠯᠠᠭᠠᠳ ᠭᠤᠷᠪᠠᠨ ᠵᠢᠯ ᠪᠤᠯᠵᠤ ᠪᠠᠢᠨ᠎ᠠ᠃ ᠡᠶᠡᠯᠳᠡᠭ ᠵᠥᠭᠡᠯᠡᠡ ᠵᠠᠩ᠎ᠲᠠᠢ᠂ ᠤᠢᠯᠡᠴᠢᠯᠡᠬᠦ ᠤᠪᠤᠷ ᠨᠢ ᠮᠠᠰᠢ ᠰᠠᠢᠨ᠂ ᠨᠠᠷᠢᠨ ᠬᠢᠨᠠᠮᠠᠭᠠᠢ ᠮᠥᠷᠳᠡᠭᠡᠨ ᠴᠢᠯᠦᠭᠡ ᠭᠤᠶᠤᠳᠠᠬ ᠥᠬᠡᠢ᠂ ᠤᠳᠤ ᠡᠢᠮᠤ  ᠤᠢᠯᠡᠴᠢᠯᠡᠭᠴᠢ ᠴᠥᠭᠡᠨ︾ᠭᠡᠵᠤ ᠱᠠᠬᠰᠢᠨ ᠶᠠᠷᠢᠯ᠎ᠠ᠃

QQ截图20220901104813.png

︽ᠪᠤᠷᠤᠬᠵᠢᠭᠤᠨ ᠵᠠᠩ᠎ᠢᠶᠠᠷ ᠴᠢᠮᠡᠭ ᠪᠤᠯᠭ᠎ᠠ᠂ ᠪᠤᠯᠪᠠᠰᠤᠨ ᠮᠤᠷᠠᠯ᠎ᠢᠶᠠᠷ ᠳᠠᠳᠤᠯᠭ᠎ᠠ ᠪᠤᠯᠭ᠎ᠠ︾ ᠭᠡᠭᠴᠢ᠎ᠪᠠᠷ᠂ ᠬᠤᠭᠤᠯᠠᠠ ᠭᠡᠷ᠎ᠤᠨ ᠤᠢᠯᠡᠴᠢᠯᠡᠭᠡᠨ᠎ᠤ ᠠᠵᠢᠯ᠎ᠨᠢ ᠲᠡᠬᠦᠨ᠎ᠳᠤ ᠮᠠᠰᠢ ᠤᠯᠠᠠ ᠤᠢᠯᠡᠴᠢᠯᠡᠭᠡᠨ᠎ᠤ ᠶᠠᠷᠦ᠎ᠶᠢᠨ ᠮᠡᠳᠡᠯᠭᠡ᠎ᠶᠢ ᠤᠢᠯᠠᠭᠠᠭᠤᠯᠤᠬᠰᠠᠨ ᠪᠠᠢᠨ᠎ᠠ᠃ ᠶᠠᠮᠠᠷ ᠤᠪᠤᠷ᠎ᠢᠶᠠᠷ ᠵᠤᠴᠢᠨ ᠤᠬᠳᠤᠬᠤ᠂ ᠶᠠᠭᠠᠬᠢᠵᠤ ᠴᠠᠢ ᠠᠶᠠᠭᠠᠯᠠᠬᠤ᠂ ᠬᠠᠯᠠᠭᠤᠨ ᠬᠤᠭᠤᠯᠠ᠎ᠶᠢ ᠶᠠᠭᠠᠬᠢᠵᠤ ᠬᠢᠴᠢᠶᠠᠩᠬᠦᠢ᠎ᠪᠠᠷ ᠵᠤᠴᠢᠨ᠎ᠤ ᠡᠮᠦᠨ᠎ᠠ ᠳᠠᠯᠪᠢᠬᠤ᠂ ᠵᠤᠴᠢᠨ᠎ᠢᠶᠠᠨ ᠭᠡᠷᠬᠢᠨ ᠮᠤᠷᠳᠠᠭᠤᠯᠬᠤ᠂ ᠵᠤᠴᠢᠨ᠎ᠳᠤ ᠶᠠᠭᠠᠬᠢᠵᠤ ᠤᠢᠯᠡᠴᠢᠯᠡᠬᠦ ᠁ ᠭᠡᠬᠦ ᠮᠡᠳᠤᠴᠢᠯᠠᠠ ᠤᠢᠯᠡᠴᠢᠯᠡᠭᠡᠨ᠎ᠤ ᠲᠠᠯ᠎ᠠ᠎ᠶᠢᠨ ᠶᠠᠷᠤ᠎ᠶᠢᠨ ᠮᠡᠳᠡᠯᠭᠡ᠎ᠶᠢ ᠰᠤᠷᠤᠯᠴᠠᠠ ᠡᠵᠡᠮᠰᠢᠵᠤ᠂ ᠴᠢᠨᠠᠬᠰᠢᠯᠠᠭᠠᠳ ᠵᠠᠷᠢᠮ ᠵᠤᠴᠢᠨ ᠲᠠᠩᠰᠠ ᠪᠤᠳᠤᠬᠤ ᠦᠶ᠎ᠡ᠎ᠳᠤ ᠬᠢᠮᠳᠠᠷᠠᠭᠤᠯᠬᠤ ᠭᠡᠵᠤ ᠭᠠᠷᠳᠠᠭᠠᠪᠠᠯ ᠶᠠᠭᠠᠬᠢᠵᠤ ᠠᠷᠭᠠᠴᠠᠭᠠᠵᠤ ᠬᠦᠯᠢᠴᠡᠩᠬᠦᠢ ᠤᠪᠤᠷ᠎ᠢᠶᠠᠷ ᠬᠠᠨᠳᠤᠬᠤ ᠵᠡᠷᠭᠡ ᠲᠤᠷᠰᠢᠯᠭ᠎ᠠ ᠰᠤᠷᠭᠠᠮᠵᠢ᠎ᠲᠠᠢ ᠪᠤᠯᠵᠤ ᠳᠠᠪᠲᠠᠭᠳᠠᠨ ᠪᠤᠯᠪᠠᠰᠤᠷᠠᠬᠰᠠᠠ ᠪᠠᠢᠨ᠎ᠠ᠃

ᠰᠡᠩᠳᠡᠮ᠎ᠠ ᠠᠮᠠᠷᠠᠯᠳᠠ᠎ᠶᠢᠨ ᠬᠤᠭᠤᠴᠠᠭᠠᠠ᠎ᠤ ᠴᠠᠬ᠎ᠢᠶᠠᠨ ᠨᠠᠨᠳᠢᠩᠨᠠᠨ ᠠᠰᠢᠬᠯᠠᠵᠤ᠂ ᠠᠷᠤ ᠭᠡᠷ᠎ᠤᠨ ᠳᠠᠷᠤᠭᠠᠰᠤ᠎ᠪᠠᠨ ᠬᠥᠡᠭᠭᠡᠷᠡᠬᠦᠯᠵᠦ᠂ ᠤᠳᠤ ᠥᠪᠡᠷ᠎ᠤᠨ ᠬᠥᠴᠤ ᠬᠥᠳᠡᠯᠮᠤᠷᠢ᠎ᠪᠠᠷ᠎ᠢᠶᠠᠨ ᠤᠯᠵᠠ ᠤᠮᠤᠬ᠎ᠲᠠᠢ ᠭᠠᠨᠵᠤᠭ᠎ᠠ ᠲᠥᠬᠦᠷᠡᠩ ᠶᠡᠬᠡ ᠰᠤᠷᠭᠠᠭᠤᠯᠢ᠎ᠳᠠᠭᠠᠨ ᠮᠤᠷᠳᠠᠬᠤ᠎ᠪᠠᠷ ᠪᠡᠯᠡᠳᠬᠡᠵᠦ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号