ᠮᠠᠨ ᠤ᠋ ᠤᠷᠤᠨ ᠵᠠᠬ᠎ᠠ ᠳᠡᠯᠭᠡᠭᠦᠷ ᠤ᠋ᠨ ᠭᠤᠤᠯ ᠴᠣᠭ᠍ᠴᠠ ᠵᠢᠨ ᠬᠦᠴᠢᠷᠳᠡᠯ᠎ᠢ ᠰᠢᠢᠳᠪᠤᠷᠢᠯᠡᠬᠦ ᠳ᠋ᠤ ᠡᠳ᠋ ᠤ᠋ᠨ ᠵᠠᠰᠠᠭ ᠤ᠋ᠨ ᠬᠦᠴᠦᠳᠡᠢ ᠪᠠᠳᠤᠯᠠᠭ᠎ᠠ ᠬᠠᠨᠭᠭᠠᠪᠠ
2023-01-30 19:22:27
ᠵᠣᠬᠢᠶᠠᠭ᠍ᠴᠢ᠄
ᠰᠠᠷᠭᠠᠢ
ᠣᠩᠱᠢᠭ᠍ᠰᠠᠨ ᠣᠳᠠᠭ᠎ᠠ᠄
★★★☆☆

ᠥᠪᠡᠷᠲᠡᠭᠡᠨ ᠵᠠᠰᠠᠬᠤ ᠣᠷᠣᠨ ᠤ᠋ ᠡᠳ᠋ ᠤ᠋ᠨ ᠵᠠᠰᠠᠭ ᠤ᠋ᠨ ᠲᠢᠩᠬᠢᠮ ᠡᠴᠡ ᠤᠢᠯᠠᠭᠠᠭᠰᠠᠨ ᠢ᠋ᠢᠡᠷ ᠂ 2022 ᠣᠨ ᠳ᠋ᠤ ᠮᠠᠨ ᠤ᠋ ᠤᠷᠤᠨ ᠤ᠋ ᠭᠠᠢᠯᠢ ᠢ᠋ᠢ ᠪᠠᠭᠠᠰᠬᠠᠵᠤ ᠰᠦᠶ᠋ᠳᠭᠡᠯ ᠢ᠋ ᠪᠠᠭᠤᠷᠠᠭᠤᠯᠬᠤ ᠪᠠ ᠭᠠᠢᠯᠢ ᠵᠢ ᠪᠤᠴᠠᠭᠠᠵᠤ ᠰᠦᠶ᠋ᠳᠭᠡᠯ ᠢ᠋ ᠬᠣᠢᠱᠢᠯᠠᠭᠤᠯᠤᠭᠰᠠᠨ ᠵᠣᠭᠣᠰ ᠤ᠋ᠨ ᠲᠣᠭ᠎ᠠ 600 ᠳ᠋ᠦᠨᠭᠰᠢᠭᠤᠷ ᠲᠦᠬᠦᠷᠢᠭ ᠢ᠋ ᠲᠠᠪᠠᠵᠤ ᠂ ᠭᠠᠢᠯᠢ ᠰᠦᠶ᠋ᠳᠭᠡᠯ ᠤ᠋ᠨ ᠬᠠᠷᠠᠭᠠᠯᠵᠠᠯ ᠤ᠋ᠨ ᠲᠥᠷᠥ ᠵᠢᠨ ᠪᠣᠳᠣᠯᠭ᠎ᠠ ᠪᠠᠷ ᠳᠠᠮᠵᠢᠨ ᠬᠢᠵᠢᠭ ᠤ᠋ᠨ ᠪᠠᠢᠳᠠᠯ ᠳ᠋ᠤ ᠨᠥᠯᠥᠭᠡᠯᠡᠭ᠌ᠳᠡᠭ᠌ᠰᠡᠨ ᠣᠯᠠᠨ ᠵᠠᠬ᠎ᠠ ᠳᠡᠯᠭᠡᠭᠦᠷ ᠤ᠋ᠨ ᠭᠤᠤᠯ ᠴᠣᠭ᠍ᠴᠠ ᠵᠢᠨ ᠬᠦᠴᠢᠷᠳᠡᠯ᠎ᠢ ᠰᠢᠢᠳᠪᠤᠷᠢᠯᠡᠬᠦ ᠳ᠋ᠤ ᠡᠳ᠋ ᠤ᠋ᠨ ᠵᠠᠰᠠᠭ ᠤ᠋ᠨ ᠬᠦᠴᠦᠳᠡᠢ ᠪᠠᠳᠤᠯᠠᠭ᠎ᠠ ᠬᠠᠨᠭᠭᠠᠭᠰᠠᠨ ᠪᠠᠢᠨ᠎ᠠ ᠃

ᠪᠥᠬᠥ᠌ ᠣᠷᠣᠨ ᠤ᠋ ᠡᠯ᠎ᠡ ᠱᠠᠲᠤᠨ ᠤ᠋ ᠡᠳ᠋ ᠤ᠋ᠨ ᠵᠠᠰᠠᠭ ᠤ᠋ᠨ ᠰᠠᠯᠠᠭ᠎ᠠ ᠮᠥᠴᠢᠷ ᠨᠢᠳᠤᠨᠤᠨ ᠬᠠᠮ ᠬᠡᠯᠪᠡᠷᠢ ᠶ᠋ᠢᠨ ᠭᠠᠢᠯᠢ ᠰᠦᠶ᠋ᠳᠭᠡᠯ ᠤ᠋ᠨ ᠳᠡᠮᠵᠢᠯᠭᠡ ᠵᠢᠨ ᠱᠢᠨ᠎ᠡ ᠲᠥᠷᠥ ᠵᠢᠨ ᠪᠣᠳᠣᠯᠭ᠎ᠠ ᠵᠢ ᠨᠠᠢᠳᠠᠪᠤᠷᠢᠵᠢᠭᠤᠯᠤᠨ ᠦᠷ᠎ᠡ ᠪᠦᠲᠦᠮᠵᠢ ᠭᠠᠷᠭᠠᠬᠤ ᠵᠢ ᠪᠥᠬᠥ᠌ ᠬᠦᠴᠦᠨ ᠵᠢᠡᠷ ᠰᠠᠢᠲᠤᠷ ᠠᠳᠭᠤᠬᠤ ᠵᠢᠨ ᠬᠠᠮᠲᠤ ᠂ ᠡᠬᠢ ᠪᠠᠶᠠᠯᠢᠭ ᠤ᠋ᠨ ᠭᠠᠢᠯᠢ (ᠤᠰᠤᠨ ᠤ᠋ ᠡᠬᠢ ᠪᠠᠶᠠᠯᠢᠭ ᠤ᠋ᠨ ᠭᠠᠢᠯᠢ ᠪᠠᠭᠳᠠᠬᠤ ᠦᠬᠡᠢ) ᠂ ᠬᠣᠲᠠ ᠵᠢᠨ ᠬᠠᠮᠠᠭᠠᠯᠠᠯᠲᠠ ᠪᠥᠲᠥᠭᠡᠨ ᠪᠠᠢᠭᠤᠯᠤᠯᠲᠠ ᠵᠢᠨ ᠭᠠᠢᠯᠢ ᠂ ᠬᠡᠷ ᠭᠠᠵᠠᠷ ᠤ᠋ᠨ ᠬᠥᠷᠥᠩᠭᠡ ᠵᠢᠨ ᠭᠠᠢᠯᠢ ᠂ ᠬᠣᠲᠠ ᠪᠠᠯᠭᠠᠰᠤᠨ ᠤ᠋ ᠭᠠᠵᠠᠷ ᠱᠢᠷᠣᠶ ᠬᠡᠷᠡᠭ᠌ᠯᠡᠬᠦ᠌ ᠭᠠᠢᠯᠢ ᠂ ᠦᠨᠡᠳᠤ ᠲᠡᠮᠳᠡᠭ᠌ᠲᠦ᠍ ᠵᠢᠨ ᠭᠠᠢᠯᠢ (ᠦᠨᠡᠲᠦ ᠲᠡᠮᠳᠡᠭ᠌ᠲᠦ᠍ ᠵᠢᠨ ᠠᠷᠠᠯᠵᠢᠶᠠᠨ ᠤ᠋ ᠲᠡᠮᠳᠡᠭ᠌ᠲᠦ᠍ ᠵᠢᠨ ᠭᠠᠢᠯᠢ ᠪᠠᠭ᠍ᠲᠠᠬᠤ ᠥᠬᠡᠶ)᠂ ᠲᠠᠷᠢᠶᠠᠨ ᠭᠠᠵᠠᠷ᠎ᠢ ᠡᠵᠡᠯᠡᠨ ᠬᠡᠷᠡᠭᠯᠡᠬᠦ ᠭᠠᠢᠯᠢ ᠪᠠ ᠰᠤᠷᠭᠠᠨ ᠬᠥᠮᠦᠵᠢᠯ ᠤ᠋ᠨ ᠵᠠᠷᠤᠳᠠᠯ ᠤ᠋ᠨ ᠨᠡᠮᠡᠯᠲᠡ (ᠣᠷᠣᠨ ᠨᠤᠲᠤᠭ ᠤ᠋ᠨ ᠰᠤᠷᠭᠠᠨ ᠬᠥᠮᠦᠵᠢᠯ ᠤ᠋ᠨ ᠨᠡᠮᠡᠯᠲᠡ ᠪᠠᠭ᠍ᠲᠠᠬᠤ ᠥᠬᠡᠶ) ᠵᠡᠷᠭᠡ ᠣᠯᠠᠨ ᠵᠦᠶ᠋ᠯ ᠤ᠋ᠨ ᠭᠠᠢᠯᠢ ᠰᠦᠶ᠋ᠳᠭᠡᠯ ᠤ᠋ᠨ ᠬᠠᠷᠠᠭᠠᠯᠵᠠᠯ ᠤ᠋ᠨ ᠲᠥᠷᠥ ᠵᠢᠨ ᠪᠣᠳᠣᠯᠭ᠎ᠠ ᠵᠢᠨ ᠠᠷᠭ᠎ᠠ ᠬᠡᠮᠵᠢᠶ᠎ᠡ ᠵᠢ ᠬᠡᠷᠡᠭ᠌ᠵᠢᠭᠦᠯᠵᠠᠢ ᠃

ᠤᠢᠯᠠᠭᠠᠭᠰᠠᠨ ᠵᠢᠡᠷ ᠂ 2022 ᠣᠨ ᠳ᠋ᠤ ᠮᠠᠨ ᠤ᠋ ᠣᠷᠣᠨ ᠡᠳ᠋ ᠤ᠋ᠨ ᠵᠠᠰᠠᠭ ᠤ᠋ᠨ ᠢᠳᠡᠪᠬᠢᠲᠡᠢ ᠲᠦᠷᠦ᠍ ᠵᠢᠨ ᠪᠤᠳᠤᠯᠭ᠎ᠠ ᠵᠢᠨ ᠦᠷ᠎ᠡ ᠪᠦᠲᠦᠮᠵᠢ ᠵᠢ ᠦᠷᠭᠦᠯᠵᠢᠯᠡᠨ ᠪᠠᠳᠠᠷᠠᠭᠤᠯᠤᠭᠰᠠᠨ ᠢ᠋ᠢᠡᠷ ᠪᠦᠬᠦ᠌ ᠣᠷᠣᠨ ᠤ᠋ ᠡᠳ᠋ ᠤ᠋ᠨ ᠵᠠᠰᠠᠭ ᠤ᠋ᠨ ᠲᠥᠰᠦᠪ᠎ᠢ ᠭᠦᠢᠴᠡᠳᠭᠡᠬᠦ᠌ ᠠᠵᠢᠯ ᠱᠢᠨ᠎ᠡ ᠦᠷ᠎ᠡ ᠪᠦᠲᠦᠮᠵᠢ ᠣᠯᠵᠤ ᠂ ᠪᠦᠬᠦ ᠤᠷᠤᠨ ᠤ᠋ ᠡᠨᠭ᠌ ᠤ᠋ᠨ ᠣᠯᠠᠨ ᠨᠡᠢᠲᠡ ᠵᠢᠨ ᠲᠥᠰᠦᠪ ᠤ᠋ᠨ ᠣᠷᠣᠯᠭ᠎ᠠ 2800 ᠳ᠋ᠦᠩᠱᠢᠭᠤᠷ ᠲᠥᠭᠥᠷᠢᠭ᠎ᠢ ᠳᠠᠪᠠᠪᠠ ᠃ ᠪᠦᠷᠢᠳᠬᠡᠯ ᠢ᠋ ᠦᠨᠳᠦᠰᠦᠯᠡᠪᠡᠯ ᠂ 2022 ᠣᠨ ᠳ᠋ᠤ ᠪᠥᠬᠥ᠌ ᠣᠷᠣᠨ ᠤ᠋ ᠡᠩ ᠤ᠋ᠨ ᠣᠯᠠᠨ ᠨᠡᠢᠲᠡ ᠵᠢᠨ ᠲᠥᠰᠦᠪ ᠤ᠋ᠨ ᠣᠷᠣᠯᠭ᠎ᠠ 2824.4 ᠳ᠋ᠦᠩᠱᠢᠭᠤᠷ ᠲᠥᠭᠥᠷᠢᠭ ᠲᠦ᠍ ᠬᠦᠷᠴᠦ᠍ ᠂ 2021 ᠤᠨ ᠤ᠋᠎ᠬᠢ ᠡᠴᠡ 474.4 ᠳ᠋ᠦᠩᠱᠢᠭᠤᠷ ᠲᠥᠭᠥᠷᠢᠭ ᠨᠡᠮᠡᠭ᠌ᠳᠡᠨ ᠂ 20.2% ᠢ᠋ᠢᠡᠷ ᠨᠡᠮᠡᠭ᠌ᠳᠡᠪᠡ ᠃ ᠡᠭᠦᠨ ᠳ᠋ᠤ ᠭᠠᠢᠯᠢ ᠵᠢᠨ ᠣᠷᠣᠯᠭ᠎ᠠ 2134.4 ᠳ᠋ᠦᠩᠱᠢᠭᠤᠷ ᠲᠥᠭᠥᠷᠢᠭ ᠂ ᠭᠠᠢᠯᠢ ᠵᠢᠨ ᠪᠤᠰᠤ ᠣᠷᠣᠯᠭ᠎ᠠ 690 ᠳ᠋ᠦᠩᠱᠢᠭᠤᠷ ᠲᠥᠭᠥᠷᠢᠭ ᠲᠦ᠍ ᠬᠦᠷᠴᠡᠢ ᠃ ᠥᠩᠭᠡᠷᠡᠭ᠌ᠰᠡᠨ ᠨᠢᠭᠡ ᠵᠢᠯ ᠳ᠋ᠤ ᠮᠠᠨ ᠤ᠋ ᠤᠷᠤᠨ ᠲᠡᠷᠢᠭᠦᠨ ᠤ᠋ ᠨᠡᠭᠦᠷᠡᠰᠦᠨ ᠤ᠋ ᠦᠢᠯᠡᠳᠪᠦᠷᠢᠯᠡᠯ ᠤ᠋ᠨ ᠴᠢᠳᠠᠪᠤᠷᠢ ᠵᠢ ᠭᠦᠢᠴᠡᠳ ᠪᠠᠳᠠᠷᠠᠭᠤᠯᠵᠤ ᠂ ᠪᠣᠳᠠᠲᠤ ᠠᠵᠢᠯᠯᠠᠭ᠎ᠠ ᠪᠠᠷ ᠵᠢᠡᠨ ᠤᠯᠤᠰ ᠤ᠋ᠨ ᠴᠢᠬᠤᠯᠠ ᠡᠨᠧᠷᠭᠢ ᠵᠢᠨ ᠰᠠᠭᠤᠷᠢᠨ᠎ᠢ ᠪᠦᠲᠦᠭᠡᠨ ᠪᠠᠢᠭᠤᠯᠬᠤ ᠡᠭᠦᠷᠭᠡ ᠵᠢ ᠡᠭᠦᠷᠭᠡᠯᠡᠵᠦ᠍ ᠂ ᠪᠦᠬᠦ᠌ ᠣᠷᠣᠨ ᠤ᠋ ᠡᠳ᠋ ᠤ᠋ᠨ ᠵᠠᠰᠠᠭ ᠤ᠋ᠨ ᠣᠷᠣᠯᠭ᠎ᠠ ᠵᠢᠱ᠌ᠢᠭ᠌ᠰᠡᠨ ᠬᠠᠷᠠᠯᠳᠡ ᠡᠴᠡ ᠪᠡᠨ ᠲᠠᠪᠠᠬᠤ ᠳ᠋ᠤ ᠠᠬᠢᠭᠤᠯᠬᠤ ᠬᠦᠴᠦᠨ ᠪᠤᠯᠤᠭᠰᠠᠨ ᠪᠠᠢᠨ᠎ᠠ ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号