ᠰᠡᠷᠭᠦᠯᠡᠩ ᠮᠠᠯ᠎ᠤᠨ ᠮᠢᠬ᠎ᠠ ᠪᠠᠨ ᠴᠤᠤᠷᠢᠶ᠎ᠡ ᠪᠡᠷ ᠪᠤᠷᠤᠯᠠᠭᠤᠯᠤᠭᠠᠳ ᠶᠠᠭᠠᠷᠠᠨ᠎ᠠ
2024-03-08 11:08:46
ᠵᠣᠬᠢᠶᠠᠭ᠍ᠴᠢ᠄
ᠶᠠᠩ ᠭᠤᠤ᠎ᠠ
ᠣᠩᠱᠢᠭ᠍ᠰᠠᠨ ᠣᠳᠠᠭ᠎ᠠ᠄
★★★☆☆

ᠰᠡᠷᠭᠦᠯᠡᠩ ᠪᠤᠯ ᠠᠯᠠᠱᠠ ᠵᠡᠭᠦᠨ ᠬᠤᠰᠢᠭᠤᠨ᠎ᠤ ᠪᠠᠶᠠᠨᠨᠢᠷᠤᠭᠤᠨ ᠰᠤᠮᠤᠨ᠎ᠤ ᠶᠡᠬᠡᠪᠤᠯᠠᠬ ᠭᠠᠴᠠᠭᠠᠨ᠎ᠤ ᠮᠠᠯᠴᠢᠨ ᠪᠤᠯᠤᠨ᠎ᠠ᠂ ᠤᠷᠴᠢᠮ᠎ᠤᠨ ᠵᠢᠯ ᠡᠴᠡ ᠬᠢᠵᠢᠭ᠎ᠤᠨ ᠨᠦᠯᠦᠭᠡ ᠪᠡᠷ ᠮᠠᠯ᠎ᠤᠨ ᠮᠢᠬᠠᠨ᠎ᠤ ᠪᠤᠷᠤᠯᠠᠭᠤᠯᠭ᠎ᠠ ᠵᠤᠬᠰᠤᠩᠭᠤᠢᠷᠠᠨ᠂ ᠭᠠᠩ᠎ᠤᠨ ᠪᠠᠢᠳᠠᠯ ᠬᠡᠴᠡᠭᠦᠳᠡᠨ ᠮᠠᠯ᠎ᠤᠨ ᠲᠠᠷᠭᠤ ᠬᠦᠴᠤ ᠮᠠᠭᠤᠳᠠᠬᠰᠠᠨ ᠡᠴᠡ ᠰᠡᠷᠭᠦᠯᠡᠩ ᠨᠤᠲᠤᠬ᠎ᠤᠨ ᠮᠢᠬ᠎ᠠ ᠪᠡᠨ ᠭᠠᠳᠠᠬᠰᠢ ᠪᠤᠷᠤᠯᠠᠭᠤᠯᠬᠤ ᠪᠤᠳᠤᠯ ᠤᠷᠤᠵᠤ᠂ 2020 ᠤᠨ ᠡᠴᠡ ᠡᠬᠢᠯᠡᠨ ᠴᠤᠤᠷᠢᠶ᠎ᠠ ᠪᠡᠷ ᠨᠤᠲᠤᠬ᠎ᠤᠨ ᠦᠩᠭᠡ ᠦᠵᠡᠮᠵᠢ᠂ ᠮᠤᠩᠭᠤᠯ ᠠᠮᠢᠳᠤᠷᠠᠯ ᠵᠢᠨᠨ ᠲᠤᠰᠬᠠᠬᠰᠠᠨ ᠤᠬᠤᠷ ᠸᠢᠳᠢᠣ᠋ ᠪᠢᠴᠢᠯᠭᠡ ᠨᠡᠢᠲᠡᠯᠡᠨ ᠵᠤᠬᠢᠬᠤ ᠲᠤᠭᠠᠨ᠎ᠤ ᠬᠦᠷᠢᠶᠡᠯᠡᠭᠴᠢ ᠲᠠᠢ ᠪᠤᠯᠵᠤ ᠰᠦᠯᠵᠢᠶᠡᠨ ᠪᠤᠷᠤᠯᠠᠭᠤᠯᠭ᠎ᠠ ᠬᠢᠬᠦ ᠰᠠᠭᠤᠷᠢ ᠪᠡᠨ ᠲᠠᠯᠪᠢᠵᠠᠢ᠃


截图20240308105340.png


ᠰᠡᠷᠭᠦᠯᠡᠩ


《ᠪᠢ 2020 ᠤᠨ ᠡᠴᠡ ᠡᠬᠢᠯᠡᠨ ᠨᠤᠲᠤᠬ᠎ᠤᠨ ᠰᠡᠷᠭᠡ ᠵᠢᠨ ᠮᠢᠬ᠎ᠠ ᠵᠢ ᠭᠠᠳᠠᠬᠰᠢ ᠪᠤᠷᠤᠯᠠᠭᠤᠯᠵᠤ ᠡᠬᠢᠯᠡᠭᠰᠡᠨ᠂ ᠰᠦᠯᠵᠢᠶ᠎ᠡ ᠪᠡᠷ ᠲᠠᠨᠢᠬᠰᠠᠨ ᠬᠡᠷᠡᠭᠯᠡᠭᠴᠢᠳ ᠪᠤᠯᠤᠨ ᠡᠮᠦᠨᠡᠲᠤ ᠤᠷᠤᠨ᠎ᠤ ᠲᠠᠨᠢᠳᠠᠬ ᠨᠠᠢᠵᠠ ᠨᠠᠷ᠎ᠤᠨ ᠵᠠᠬᠢᠶᠠᠯᠠᠭ᠎ᠠ ᠵᠢ ᠲᠤᠰᠴᠤ᠂ ᠲᠡᠷᠡ ᠵᠢᠯ ᠨᠢᠭᠡ ᠡᠪᠦᠯ ᠭᠤᠴᠢᠨ ᠰᠡᠷᠭᠡ ᠪᠤᠷᠤᠯᠠᠭᠤᠯᠤᠯ᠎ᠠ᠃ ᠤᠷᠵᠢᠨᠤᠨ ᠵᠢᠯ ᠵᠠᠭᠤ ᠤᠷᠴᠢᠮ ᠰᠡᠷᠭᠡ ᠪᠡᠨ ᠵᠢᠩ ᠪᠦᠷᠢ ᠳ᠋ᠤ 45 ᠲᠦᠭᠦᠷᠢᠭ ᠵᠢᠨᠷ ᠬᠤᠳᠠᠯᠳᠤᠬᠰᠠᠨ᠂ ᠨᠢᠳᠤᠨᠤᠨ ᠵᠢᠯ ᠬᠠᠷᠢᠨ ᠬᠡᠰᠡᠭᠯᠡᠵᠦ ᠪᠤᠷᠴᠠᠯᠠᠬᠰᠠᠨ ᠰᠦᠢᠳᠬᠡᠯ ᠭᠡᠵᠦ ᠵᠢᠩ ᠪᠦᠷᠢ ᠳ᠋ᠤ 5 ᠲᠦᠭᠦᠷᠢᠭ ᠨᠡᠮᠡᠯ᠎ᠡ᠃ ᠪᠠᠰᠠ ᠵᠢᠶᠠᠩᠰᠤ ᠮᠤᠵᠢ᠂ ᠡᠾᠸᠪᠸᠢ ᠮᠤᠵᠢ ᠵᠢᠨ ᠬᠡᠰᠡᠭ ᠬᠤᠪᠢ ᠬᠦᠮᠦᠨ ᠪᠠ ᠺᠤᠮᠫᠠᠨᠢ ᠵᠢᠨ ᠠᠷᠪᠠᠨ ᠲᠦᠮᠡᠨ ᠲᠦᠭᠦᠷᠢᠭ᠎ᠤᠨ ᠵᠠᠬᠢᠶᠠᠯᠠᠭ᠎ᠠ ᠲᠤᠰᠤᠯ᠎ᠠ᠃ ᠮᠢᠬ᠎ᠠ ᠵᠠᠬᠢᠶᠠᠯᠠᠬᠴᠢᠳ᠎ᠤᠨ ᠤᠯᠠᠩᠬᠢ ᠨᠢ ᠪᠦᠷ ᠤᠤᠯ᠎ᠤᠨ ᠬᠡᠷᠡᠭᠯᠡᠭᠴᠢᠳ ᠲᠠᠨᠢᠯᠴᠠᠭᠤᠯᠤᠨ ᠢᠷᠡᠭᠰᠡᠨ ᠬᠦᠮᠦᠰ᠂ ᠪᠢ ᠴᠤ᠌ ᠲᠡᠳᠡᠭᠡᠷ ᠬᠦᠮᠦᠰ᠎ᠢ ᠬᠦᠰᠡᠷᠳᠡᠭᠦᠯᠬᠦ ᠦᠭᠡᠢ ᠵᠢᠨ ᠲᠦᠯᠦᠭᠡ ᠴᠢᠨᠠᠷ᠎ᠢ ᠰᠠᠢᠨ ᠪᠠᠲᠤᠯᠠᠵᠤ ᠪᠦᠷ ᠦᠪᠡᠷ᠎ᠤᠨ ᠪᠡᠯᠴᠢᠭᠡᠷ᠂ ᠬᠦᠷᠰᠢ ᠰᠠᠭᠠᠬᠠᠯᠲᠠ ᠠᠢᠯ᠎ᠤᠨ ᠨᠤᠲᠤᠬ᠎ᠤᠨ ᠬᠤᠨᠢᠨ ᠮᠢᠬ᠎ᠠ ᠵᠢ ᠪᠤᠷᠤᠯᠠᠭᠤᠯᠳᠠᠬ ᠶᠤᠮ》 ᠭᠡᠵᠦ ᠰᠡᠷᠭᠦᠯᠡᠩ ᠪᠠᠶᠠᠷᠲᠠᠢᠬᠠᠨ ᠶᠠᠷᠢᠵᠤ ᠪᠠᠢᠯ᠎ᠠ᠃

《ᠪᠢ ᠦᠷᠬᠦᠯᠵᠢᠯᠡᠨ ᠴᠤᠤᠷᠢᠶ᠎ᠠ ᠪᠡᠷ ᠨᠡᠩ ᠠᠷᠪᠢᠨ ᠪᠦᠲᠦᠭᠡᠯ ᠨᠠᠢᠲᠡᠯᠡᠨ᠂ ᠨᠤᠲᠤᠬ ᠤᠰᠤ ᠪᠡᠨ ᠤᠬᠠᠭᠤᠯᠬᠤ ᠵᠢᠨ ᠬᠠᠮᠲᠤ ᠨᠤᠲᠤᠬ᠎ᠤᠨ ᠮᠠᠯ᠎ᠤᠨ ᠮᠢᠬ᠎ᠠ᠂ ᠤᠨᠴᠠ ᠭᠠᠷᠤᠯᠲᠠ ᠪᠡᠨ ᠭᠠᠳᠠᠬᠰᠢ ᠪᠤᠷᠤᠯᠠᠭᠤᠯᠤᠨ᠂ ᠮᠠᠯᠴᠢᠳ ᠵᠢᠨᠨ ᠬᠠᠪᠰᠤᠷᠤᠶ᠎ᠠ ᠭᠡᠵᠦ ᠪᠤᠳᠤᠵᠤ ᠪᠠᠢᠨ᠎ᠠ᠃ ᠮᠢᠨᠤ ᠪᠤᠳᠤᠬᠤ ᠪᠡᠷ ᠨᠡᠩ ᠠᠷᠪᠢᠨ ᠬᠦᠮᠦᠨ ᠰᠦᠯᠵᠢᠶ᠎ᠡ ᠵᠢ ᠠᠰᠢᠬᠯᠠᠨ ᠨᠤᠲᠤᠬ᠎ᠤᠨ ᠮᠠᠯ ᠵᠢᠨᠨ ᠪᠤᠷᠤᠯᠠᠭᠤᠯᠬᠤ ᠠᠷᠭ᠎ᠠ ᠵᠠᠮ ᠵᠢᠨᠨ ᠦᠷᠭᠡᠳᠬᠡᠪᠡᠯ ᠵᠦᠢᠲᠡᠢ᠂ ᠴᠢᠨᠠᠷ ᠵᠢᠨᠨ ᠪᠠᠲᠤᠯᠠᠨ ᠦᠨᠡᠨᠴᠢ ᠢᠲᠡᠭᠡᠯᠲᠡᠢ ᠪᠠᠢᠪᠠᠯ ᠦᠨ᠎ᠠ ᠬᠠᠩᠰᠢ ᠪᠡᠨ ᠪᠠᠲᠤᠯᠠᠬᠤ ᠮᠦᠷᠲᠡᠭᠡᠨ ᠤᠯᠠᠮ ᠡᠴᠡ ᠤᠯᠠᠨ ᠬᠡᠷᠡᠭᠯᠡᠭᠴᠢ ᠲᠠᠢ ᠪᠤᠯᠬᠤ ᠨᠢ ᠯᠠᠪᠲᠠᠢ》 ᠭᠡᠵᠦ ᠰᠡᠷᠭᠦᠯᠡᠩ ᠦᠪᠡᠷ᠎ᠤᠨ ᠪᠤᠳᠤᠯ ᠰᠠᠨᠠᠯ ᠵᠢᠨᠨ ᠬᠤᠪᠢᠶᠠᠯᠴᠠᠵᠤ ᠪᠠᠢᠯ᠎ᠠ᠃


截图20240308105359.png


ᠬᠤᠶᠠᠷ ᠬᠡᠮᠵᠢᠯᠲᠦ ᠺᠤᠳ᠋᠎ᠢ ᠰᠢᠷᠪᠢᠵᠦ ᠨᠠᠷᠢᠨ ᠠᠭᠤᠯᠭ᠎ᠠ᠎ᠶᠢ ᠨᠢ ᠦᠵᠡᠭᠡᠷᠡᠢ !

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号