ᠬᠠᠯᠠᠭᠤᠨ ᠴᠢᠰᠤ ᠎ᠪᠠᠷ ᠎ᠢᠶᠠᠨ ᠠᠮᠢ ᠨᠠᠰᠤ ᠎ᠶ᠋ᠢ ᠬᠠᠮᠠᠭᠠᠯᠠᠵᠤ ᠪᠤᠳᠠᠳᠤ ᠠᠵᠢᠯᠯᠠᠭ᠎ᠠ᠎ᠪᠠᠷ᠎ᠢᠶᠠᠨ ᠶᠡᠬᠡ ᠬᠠᠢᠷ᠎ᠠ᠎ᠶ᠋ᠢ ᠪᠢᠴᠢᠭᠯᠡᠨ᠎ᠠ
2025-10-09 10:37:48
ᠵᠣᠬᠢᠶᠠᠭ᠍ᠴᠢ᠄
ᠰᠥᠩ ᠠ ᠨᠠᠨ
ᠣᠩᠱᠢᠭ᠍ᠰᠠᠨ ᠣᠳᠠᠭ᠎ᠠ᠄
★★★☆☆

— 《ᠥᠪᠥᠷ ᠮᠣᠩᠭᠣᠯ᠎ᠤᠨ ᠰᠠᠢᠨ ᠬᠥᠮᠦᠨ》 ᠪᠤᠭᠤᠲᠤ ᠬᠣᠲᠠ᠎ᠶ᠋ᠢᠨ ᠴᠢᠰᠤᠨ᠎ᠤ ᠲᠥᠪ ᠦᠷᠲᠡᠭᠡ᠎ᠵᠢᠨ ᠳᠡᠳ᠋ ᠡᠷᠬᠢᠯᠡᠭ᠌ᠴᠢ ᠡᠮ ᠨᠠᠢᠷᠠᠭ᠍ᠴᠢ ᠵᠤ᠌ ᠴᠢᠦ ᠫᠢᠩ᠎ᠤᠨ ᠦᠢᠯᠡ ᠠᠵᠢᠯᠯᠠᠭ᠎ᠠ᠎ᠵᠢ ᠲᠡᠮᠲᠡᠭᠯᠡᠪᠡ

   

《ᠴᠢᠰᠤ ᠠᠪᠬᠤ ᠴᠢᠰᠤ ᠬᠠᠩᠭᠠᠬᠤ ᠠᠵᠢᠯᠳᠠᠨ ᠪᠣᠯ 〈ᠬᠠᠢᠷ᠎ᠠ ᠬᠠᠯᠠᠮᠵᠢ᠎ᠶ᠋ᠢᠨ ᠳᠠᠮᠵᠢᠭᠤᠯᠤᠭᠴᠢ〉 ᠮᠥᠨ᠂ ᠴᠢᠰᠤ ᠬᠠᠨᠳᠢᠪᠯᠡᠠᠠᠴᠢ ᠎ᠶ᠋ᠢᠨ ᠴᠢᠰᠤᠨ ᠰᠤᠳᠠᠰᠤ ᠎ᠶ᠋ᠢᠨ ᠬᠠᠯᠠᠭᠤᠨ ᠳᠤᠯᠠᠭᠠᠨ ᠎ᠢ ᠴᠢᠰᠤ ᠬᠡᠷᠡᠭ᠌ᠯᠡᠭ᠌ᠰᠡᠳ᠎ᠦᠨ ᠰᠡᠳᠭᠢᠯ᠎ᠳᠦ ᠳᠠᠮᠵᠢᠭᠤᠯᠵᠤ᠂ ᠬᠠᠯᠠᠭᠤᠨ ᠰᠡᠳᠭᠢᠯ᠂ ᠬᠠᠢᠷ᠎ᠠ ᠬᠠᠯᠠᠮᠵᠢ᠂ ᠬᠦᠯᠢᠴᠡᠩᠭᠦᠶ ᠣᠪᠣᠷ᠎ᠢᠶᠠᠷ ᠴᠢᠰᠤ ᠬᠠᠨᠳᠢᠪᠯᠠᠬᠤ ᠰᠠᠢᠨ ᠳᠤᠷᠠᠴᠤᠳ ᠨᠢᠭᠡᠪᠦᠷᠢ᠎ᠳᠦ ᠰᠠᠢᠲᠤᠷ ᠦᠶ᠋ᠯᠡᠴᠢᠯᠡᠬᠦ᠌ ᠬᠡᠷᠡᠭ᠌ᠲᠡᠶ; ᠡᠪᠡᠳᠴᠢᠲᠡᠨ ᠬᠡᠷᠡᠭ᠌ᠴᠡᠭᠡ᠎ᠲᠡᠶ ᠦᠶ᠎ᠡ᠎ᠳᠦ᠂ ᠪᠢᠳᠡ ᠪᠠᠰᠠ ᠬᠠᠢᠷ᠎ᠠ᠎ᠶ᠋ᠢᠨ ᠬᠥᠳᠡᠯᠭᠡᠭ᠌ᠴᠢ ᠬᠦᠴᠦᠨ ᠪᠣᠯᠵᠤ᠂ ᠥᠪᠡᠷ᠎ᠦᠨ ᠬᠠᠯᠠᠭᠤᠨ ᠴᠢᠰᠤ᠎ᠪᠠᠨ ᠬᠠᠨᠳᠢᠪᠯᠡᠵᠤ ᠪᠣᠯᠤᠨ᠎ᠠ》 ᠭᠡᠵᠦ ᠰᠤᠷᠪᠤᠯᠵᠢᠯᠠᠭ᠎ᠠ᠎ᠶ᠋ᠢ ᠬᠦᠯᠢᠶᠡᠬᠦ᠌᠎ᠳᠡᠭᠡᠨ ᠵᠦ᠍ ᠴᠢᠦ ᠫᠢᠩ ᠬᠡᠯᠡᠨ᠎ᠠ᠃

ᠵᠦ᠍ ᠴᠢᠦ ᠫᠢᠩ ᠪᠤᠭᠤᠲᠤ ᠬᠣᠲᠠ᠎ᠶ᠋ᠢᠨ ᠴᠢᠰᠤᠨ᠎ᠤ ᠲᠦᠪ ᠥᠷᠲᠡᠭᠡ᠎ᠳᠦ ᠠᠵᠢᠯᠯᠠᠵᠤ᠂ ᠳᠡᠳ᠋ ᠡᠷᠬᠢᠯᠡᠭ᠌ᠴᠢ ᠡᠮ ᠨᠠᠢᠷᠠᠭ᠍ᠴᠢ ᠵᠢᠨ ᠲᠤᠰᠢᠶᠠᠯ ᠲᠠᠢ᠃ ᠲᠡᠷᠡ 40 ᠵᠢᠯ ᠡᠷᠡᠭᠦᠯ ᠬᠠᠮᠠᠭᠠᠯᠠᠯ ᠎ᠤᠨ ᠦᠢᠯᠡᠰ᠎ᠦᠨ ᠡᠮᠦᠨ᠎ᠡ ᠹᠷᠣᠨᠲ᠎ᠲᠤ ᠮᠠᠬᠠᠷᠠᠨ ᠠᠵᠢᠯᠯᠠᠵᠤ᠂ 25 ᠵᠢᠯ ᠳᠠᠷᠠᠭᠠᠯᠠᠨ ᠦᠨ᠎ᠡ ᠲᠥᠯᠥᠪᠦᠷᠢ ᠦᠭᠡᠢ᠎ᠪᠡᠷ ᠴᠢᠰᠤ ᠬᠠᠨᠳᠢᠪᠯᠠᠵᠤ᠂ ᠬᠠᠮᠤᠭ ᠠᠩᠬᠠᠨ᠎ᠤ ᠤᠳᠠᠭ᠎ᠠ ᠪᠦᠷᠢ 200 ᠮᠢᠯᠢᠯᠢᠲᠷ ᠴᠢᠰᠤ ᠬᠠᠨᠳᠢᠪᠯᠠᠵᠤ ᠪᠠᠢᠭ᠍ᠰᠠᠨ᠎ᠡᠴᠡ᠎ᠪᠠᠨ ᠨᠡᠮᠡᠭ᠌ᠳᠡᠭᠡᠳ ᠤᠳᠤ 400 ᠮᠢᠯᠢᠯᠢᠲᠷ ᠪᠤᠯᠵᠤ᠂ ᠴᠢᠰᠤ ᠬᠠᠨᠳᠢᠪᠯᠠᠭ᠍ᠰᠠᠨ ᠶᠡᠷᠦᠩᠬᠡᠢ ᠬᠡᠮᠵᠢᠶ᠎ᠡ ᠨᠢ 11200 ᠮᠢᠯᠢᠯᠢᠲᠷ᠎ᠲᠦ ᠬᠦᠷᠴᠦ᠍᠂ 3 ᠨᠠᠰᠤᠨ ᠎ᠳᠤ  ᠬᠦᠷᠦᠭ᠌ᠰᠡᠳ᠎ᠦᠨ ᠴᠢᠰᠤᠨ᠎ᠤ ᠶᠡᠷᠦᠩᠬᠡᠢ ᠬᠡᠮᠵᠢᠶ᠎ᠡ᠎ᠲᠡᠶ ᠲᠡᠩᠴᠡᠪᠡ᠃ ᠲᠡᠷᠡ ᠤᠷᠢᠳ ᠬᠣᠵᠢᠳ ᠪᠦᠬᠦ᠌ ᠤᠯᠤᠰ᠎ᠤᠨ ᠦᠨ᠎ᠡ ᠲᠥᠯᠥᠪᠦᠷᠢ ᠦᠭᠡᠢ᠎ᠪᠡᠷ ᠴᠢᠰᠤ ᠬᠠᠨᠳᠢᠪᠯᠠᠭ᠍ᠰᠠᠨ ᠱᠠᠩᠨᠠᠯ ᠎ᠤᠨ ᠬᠦᠷᠡᠯ ᠱᠠᠩᠨᠠᠯ᠂ ᠮᠥᠩᠭᠥᠨ ᠱᠠᠩᠨᠠᠯ᠂ ᠠᠯᠳᠠᠨ ᠱᠠᠩᠨᠠᠯ ᠭᠠᠷᠳᠠᠵᠤ᠂ 2025 ᠣᠨ ᠎ᠤ 《ᠥᠪᠥᠷ ᠮᠣᠩᠭᠣᠯ᠎ᠤᠨ ᠰᠠᠢ᠌ᠨ ᠬᠥᠮᠦᠨ᠎ᠦ ᠨᠡᠷᠡᠰ᠎ᠤᠨ ᠵᠢᠬᠰᠠᠭᠠᠯᠳᠠ》 ᠳ᠋ᠤ ᠲᠤᠳᠤᠷᠠᠵᠤ᠂ ᠪᠤᠭᠤᠲᠤ ᠬᠤᠳᠠ᠎ᠶ᠋ᠢᠨ ᠳᠥᠷᠪᠡᠳᠦᠭᠡᠷ ᠬᠤᠭᠤᠴᠠᠭᠠᠨ᠎ᠤ 《5·4》 ᠤ᠋ ᠵᠠᠯᠠᠭᠤᠴᠤᠳ᠎ᠤᠨ ᠱᠠᠩᠨᠠᠯ᠎ᠤᠨ ᠮᠧᠳᠠᠯ᠂ 2007 ᠣᠨ᠎ᠤ ᠪᠤᠭᠤᠲᠤ ᠬᠤᠳᠠ᠎ᠶ᠋ᠢᠨ ᠦᠨ᠎ᠡ ᠲᠥᠯᠥᠪᠦᠷᠢ ᠦᠭᠡᠢ᠎ᠪᠡᠷ ᠴᠢᠰᠤ ᠬᠠᠨᠳᠢᠪᠯᠠᠬᠤ ᠠᠵᠢᠯ᠎ᠤᠨ ᠲᠡᠷᠢᠭᠦᠨ᠎ᠦ ᠬᠤᠪᠢ ᠬᠥᠮᠦᠨ ᠵᠡᠷᠭᠡ ᠢᠷᠠᠭᠤ ᠠᠯᠳᠠᠷ᠎ᠢ ᠬᠦᠷᠳᠡᠭᠰᠡᠨ ᠪᠠᠢᠨ᠎ᠠ᠃

ᠲᠡᠷᠡ ᠪᠣᠯ ᠴᠢᠰᠤᠨ᠎ᠤ ᠠᠮᠤᠷ ᠲᠦᠪᠱᠢᠨ᠎ᠦ ᠬᠠᠮᠠᠭᠠᠯᠠᠭ᠍ᠴᠢ ᠮᠦᠨ᠃ ᠪᠠᠴᠢᠮ ᠴᠢᠰᠤ ᠬᠡᠷᠡᠭ᠌ᠯᠡᠬᠦ ᠪᠠᠢᠳᠠᠯ ᠨᠢ ᠵᠦ᠍ ᠴᠢᠦ ᠫᠢᠩ᠎ᠦᠨ 30 ᠵᠢᠯ ᠱᠢᠬᠠᠮ᠎ᠤᠨ ᠴᠢᠰᠤ ᠠᠪᠴᠤ᠌ ᠴᠢᠰᠤ ᠬᠠᠩᠭᠠᠬᠤ ᠠᠵᠢᠯ᠎ᠤᠨ ᠳᠤᠮᠳᠠ ᠪᠠᠢᠩᠭᠤ ᠲᠤᠬᠢᠶᠠᠯᠳᠤᠳᠠᠭ᠃ ᠨᠢᠭᠡ ᠤᠳᠠᠭᠠᠨ᠎ᠤ ᠤᠯᠤᠰ᠎ᠤᠨ ᠪᠠᠶᠠᠷ᠎ᠤᠨ ᠠᠮᠠᠷᠠᠯᠲᠠ᠎ᠶ᠋ᠢᠨ ᠬᠤᠭᠤᠴᠠᠭᠠᠨ᠎ᠳᠤ᠂ ᠨᠢᠭᠡᠨ ᠬᠣᠪᠣᠷ ᠴᠢᠰᠤᠨ᠎ᠤ ᠬᠡᠯᠪᠡᠷᠢ᠎ᠶ᠋ᠢᠨ ᠡᠪᠡᠳᠴᠢᠲᠡᠨ ᠬᠦᠨᠳᠦ ᠶᠡᠬᠡ ᠲᠡᠷᠭᠡᠨ ᠡᠨᠳᠡᠯ᠎ᠡᠴᠡ ᠪᠣᠯᠵᠣ ᠶᠡᠬᠡ ᠬᠡᠮᠵᠢᠶ᠎ᠡ᠎ᠪᠡᠷ ᠴᠢᠰᠤ ᠠᠯᠳᠠᠵᠤ᠂ ᠲᠤᠬᠠᠶ᠎ᠶ᠋ᠢᠨ ᠦᠶ᠎ᠡ᠎ᠳᠦ ᠴᠢᠰᠤ ᠬᠠᠳᠠᠭᠠᠯᠠᠬᠤ ᠮᠡᠷᠭᠡᠵᠢᠯ ᠬᠠᠷᠠᠬᠠᠨ ᠪᠣᠯᠪᠠᠰᠤᠷᠠᠩᠭᠤᠶ ᠪᠣᠯᠤᠭᠠᠳᠤᠢ ᠪᠤᠯᠬᠤᠷ᠂ ᠬᠣᠪᠣᠷ ᠴᠢᠰᠤᠨ ᠎ᠤ ᠬᠡᠯᠪᠡᠷᠢ ᠎ᠶ᠋ᠢ ᠣᠷᠳᠣ ᠬᠤᠭᠤᠴᠠᠭ᠎ᠠ᠎ᠪᠠᠷ ᠬᠠᠳᠠᠭᠠᠯᠠᠬᠤ᠎ᠶ᠋ᠢᠨ ᠠᠷᠭ᠎ᠠ ᠥᠬᠡᠶ ᠲᠤᠯᠠ ᠴᠢᠰᠤᠨ ᠎ᠤ ᠥᠷᠲᠡᠭᠡ ᠳ᠋ᠤ ᠨᠥᠭᠡᠴᠡ ᠴᠢᠰᠤ ᠥᠬᠡᠶ ᠪᠠᠢᠪᠠ᠃ ᠵᠢᠵᠢᠭᠦᠷᠯᠡᠵᠦ᠍ ᠪᠠᠢᠭ᠎ᠠ ᠵᠦ᠍ ᠴᠢᠦ ᠫᠢᠩ ᠦᠳᠲᠡᠷ ᠲᠦᠷᠭᠡᠨ᠎ᠢᠶᠡᠷ ᠱᠢᠰᠲ᠋ᠧᠮ᠎ᠳᠦ ᠳᠠᠩᠰᠠᠯᠠᠭᠤᠯᠤᠭ᠍ᠰᠠᠨ ᠰᠠᠢᠨ ᠳᠤᠷᠠᠴᠤᠳ᠎ᠤᠨ ᠳᠣᠲᠣᠷ᠎ᠠ᠎ᠡᠴᠡ ᠨᠥᠬᠥᠴᠡᠯ᠎ᠳᠦ ᠨᠡᠢᠴᠡᠬᠦ᠌ 10 ᠭᠠᠷᠤᠶ ᠬᠥᠮᠦᠨ᠎ᠢ ᠱᠢᠯᠢᠨ ᠰᠣᠩᠭᠣᠵᠤ ᠭᠠᠷᠭᠠᠭ᠍ᠰᠠᠨ ᠪᠥᠭᠡᠳ ᠨᠢᠭᠡᠳ ᠨᠢᠭᠡ᠎ᠪᠡᠷ ᠬᠠᠷᠢᠯᠴᠠᠪᠠ᠃ ᠲᠡᠭᠦᠨ᠎ᠦ ᠬᠠᠯᠠᠱᠢᠷᠠᠯ ᠦᠭᠡᠢ ᠲᠠᠢ᠌ᠴᠢᠯᠠᠯ᠎ᠢᠶᠠᠷ 8 ᠬᠦᠮᠤᠨ ᠨᠢ ᠬᠦᠷᠦᠯᠴᠡᠨ ᠢᠷᠡᠵᠤ᠂ ᠡᠴᠦᠰ᠎ᠲᠤᠨᠢ 5 ᠬᠥᠮᠦᠨ  ᠨᠡᠢᠳᠠ 2000 ᠮᠢᠯᠢᠯᠢᠲ᠋ᠷ ᠰᠢᠬᠠᠮ ᠴᠢᠰᠤ ᠬᠠᠨᠳᠢᠪᠯᠠᠵᠤ᠂ ᠡᠪᠡᠳᠴᠢᠲᠡᠨ᠎ᠦ ᠠᠮᠢ ᠨᠠᠰᠤ᠎ᠶ᠋ᠢ ᠠᠪᠤᠷᠠᠪᠠ᠃

ᠡᠮᠴᠢᠯᠡᠭᠡᠨ᠎ᠳᠦ ᠴᠢᠰᠤ ᠬᠠᠩᠭᠠᠬᠤ᠎ᠶ᠋ᠢ ᠪᠠᠲᠤᠯᠠᠬᠤ᠎ᠶ᠋ᠢᠨ ᠲᠥᠯᠥᠭᠡ᠂ ᠵᠦ᠍ ᠴᠢᠦ ᠫᠢᠩ ᠴᠢᠰᠤ ᠬᠠᠨᠳᠢᠪᠯᠠᠬᠤ ᠠᠯᠪᠠᠨ ᠬᠡᠷ ᠎ᠤᠨ ᠲᠡᠷᠭᠡ ᠭᠠᠷᠭᠠᠨ ᠴᠢᠰᠤ ᠠᠪᠬᠤ ᠳᠤᠭᠤᠢᠯᠠᠩ᠎ᠤᠨ ᠳᠠᠷᠤᠭ᠎ᠠ᠎ᠶ᠋ᠢᠨ ᠲᠤᠱᠢᠶᠠᠯ᠎ᠢ ᠬᠠᠷᠢᠭᠤᠴᠠᠵᠤ ᠪᠠᠢᠭ᠍ᠰᠠᠨ ᠦᠶ᠎ᠡ᠎ᠳᠦ᠂ 4 ᠪᠦᠷᠢᠯᠳᠦᠬᠦᠨ᠎ᠢᠶᠡᠨ ᠳᠠᠭᠠᠭᠤᠯᠤᠨ ᠪᠤᠭᠤᠲᠤ᠎ᠶ᠋ᠢᠨ ᠶᠡᠬᠡ ᠳᠡᠭᠡᠳᠦ ᠰᠤᠷᠭᠠᠭᠤᠯᠢ᠂ ᠬᠤᠳᠠᠯᠳᠤᠭᠠᠨ᠎ᠤ ᠵᠡᠭᠡᠯᠢ ᠵᠡᠷᠭᠡ ᠬᠥᠮᠦᠨ ᠬᠠᠷ᠎ᠠ ᠲᠥᠪᠯᠡᠷᠡᠭ᠌ᠰᠡᠨ ᠲᠠᠯᠠᠪᠤᠷ᠎ᠢᠶᠠᠷ ᠬᠦᠷᠴᠤ᠂ ᠬᠠᠬᠢᠷ ᠬᠦᠶ᠋ᠲᠡᠨ ᠠᠭᠠᠬᠢᠮ᠎ᠠ ᠬᠠᠯᠠᠭᠤᠨ᠎ᠡᠴᠡ ᠠᠶᠤᠬᠤ ᠥᠬᠡᠶ᠂ ᠴᠢᠰᠤ ᠬᠠᠨᠳᠢᠪᠯᠠᠬᠤ ᠨᠡᠭᠦᠳᠡᠯ ᠲᠡᠷᠭᠡᠨ ᠳᠡᠭᠡᠷ᠎ᠡ ᠪᠠᠨ ᠴᠢᠰᠤ  ᠬᠤᠪᠢᠳᠠᠭᠰᠠᠨ ᠠᠵᠢᠯ᠎ᠵᠢᠡᠨ ᠰᠠᠢᠳᠤᠷ ᠬᠦᠢᠴᠡᠳᠭᠡᠪᠠ᠃ 2005 ᠣᠨ᠎ᠤ ᠨᠠᠮᠤᠷ᠂ ᠴᠢᠰᠤᠨ ᠥᠷᠲᠡᠭᠡᠨ᠎ᠦ ᠬᠠᠳᠠᠭᠠᠯᠠᠮᠵᠢ ᠬᠦᠷᠦᠯᠴᠡᠬᠦ᠌ ᠦᠭᠡᠢ ᠪᠣᠯᠬᠣᠷ ᠲᠡᠷᠡ ᠳᠠᠷᠤᠢᠬᠠᠨ ᠳᠤᠭᠤᠢᠯᠠᠩ ᠳᠠᠭᠠᠭᠤᠯᠤᠨ ᠪᠤᠭᠤᠲᠤ᠎ᠶ᠋ᠢᠨ ᠪᠤᠯᠤᠳ ᠲᠡᠮᠦᠷ᠎ᠦᠨ ᠳᠡᠭᠡᠳᠦ ᠰᠤᠷᠭᠠᠭᠤᠯᠢ᠎ᠳᠤ ᠬᠦᠷᠴᠦ᠍᠂ ᠨᠢᠭᠡ ᠭᠠᠷᠠᠭ᠎ᠤᠨ ᠳᠣᠲᠣᠷ᠎ᠠ 20 ᠲᠦᠮᠡ ᠱᠢᠬᠠᠮ ᠮᠢᠯᠢᠯᠢᠲ᠋ᠷ ᠴᠢᠰᠤ ᠴᠤᠭ᠍ᠯᠠᠭᠤᠯᠵᠤ᠂ ᠨᠢᠭᠡ ᠡᠳᠦᠷ᠎ᠲᠦ 100 ᠬᠥᠮᠦᠨ ᠤᠳᠠᠭ᠎ᠠ ᠴᠢᠰᠤ ᠠᠪᠤᠪᠠ᠃ ᠲᠡᠷᠡ ᠣᠯᠠᠨ ᠤᠳᠠᠭ᠎ᠠ ᠬᠣᠲᠠ᠎ᠶ᠋ᠢᠨ ᠳᠣᠲᠣᠨ᠎ᠠ ᠭᠠᠳᠠᠨ᠎ᠠ ᠴᠢᠰᠤ ᠲᠣᠬᠢᠷᠠᠭᠤᠯᠬᠤ ᠴᠢᠬᠤᠯᠠ ᠶᠡᠬᠡ ᠡᠭᠦᠷᠭᠡ᠎ᠶ᠋ᠢ ᠪᠡᠶᠡᠯᠡᠭᠦᠯᠵᠦ᠍᠂ ᠨᠡᠢᠲᠡ 2 ᠲᠦᠮᠡ ᠭᠠᠷᠤᠶ ᠮᠢᠯᠢᠯᠢᠲ᠋ᠷ ᠴᠢᠰᠤ ᠲᠣᠬᠢᠷᠠᠭᠤᠯᠵᠤ᠂ ᠪᠣᠳᠠᠲᠤ ᠠᠵᠢᠯᠯᠠᠭ᠎ᠠ᠎ᠪᠠᠷ᠎ᠢᠶᠠᠨ ᠴᠢᠰᠤᠨ᠎ᠤ ᠠᠮᠤᠷ ᠲᠦᠪᠱᠢᠨ᠎ᠦ ᠪᠠᠲᠤ ᠪᠠᠬᠢ ᠰᠡᠷᠭᠡᠢᠯᠡᠯᠲᠡ᠎ᠶ᠋ᠢᠨ ᠱᠤᠭᠤᠮ᠎ᠢ ᠪᠠᠲᠤ ᠴᠣᠭ᠍ᠴᠠᠯᠠᠪᠠ᠃

ᠲᠡᠷᠡ ᠪᠣᠯ ᠴᠢᠰᠤᠨ ᠰᠤᠳᠠᠯ ᠎ᠤᠨ ᠳᠤᠯᠠᠭᠠᠨ᠎ᠢ ᠳᠠᠮᠵᠢᠭᠤᠯᠤᠭ᠍ᠴᠢ ᠮᠦᠨ᠃ ᠵᠦ᠍ ᠴᠢᠦ ᠫᠢᠩ 2000 ᠣᠨ᠎ᠳᠤ ᠠᠩᠬ᠎ᠠ ᠤᠳᠠᠭ᠎ᠠ ᠦᠨ᠎ᠡ ᠲᠥᠯᠥᠪᠦᠷᠢ ᠦᠭᠡᠢ᠎ᠪᠡᠷ ᠴᠢᠰᠤ ᠬᠠᠨᠳᠢᠪᠯᠠᠪᠠ᠃ ᠨᠢᠭᠡᠨ ᠡᠪᠦᠯ᠎ᠦᠨ ᠦᠳᠡ᠎ᠶ᠋ᠢᠨ ᠬᠣᠢᠨ᠎ᠠ᠂ ᠪᠤᠭᠤᠲᠤ ᠬᠣᠲᠠ᠎ᠶ᠋ᠢᠨ ᠴᠢᠰᠤᠨ᠎ᠤ ᠲᠥᠪ ᠥᠷᠲᠡᠭᠡ ᠨᠢᠭᠡᠨ ᠡᠮᠨᠡᠯᠭᠡ᠎ᠶ᠋ᠢᠨ ᠬᠣᠷᠢᠶᠠᠨ ᠎ᠤ ᠬᠦᠨᠳᠦ ᠡᠪᠡᠳᠴᠢᠲᠡᠨ᠎ᠢ ᠲᠦᠷᠭᠡᠨ ᠠᠪᠤᠷᠠᠬᠤ᠎ᠳᠤ ᠴᠢᠰᠤ ᠬᠡᠷᠡᠭ᠌ᠯᠡᠬᠦ᠌ ᠴᠢᠬᠤᠯᠠᠲᠠᠶ ᠭᠤᠶᠤᠴᠢᠯᠠᠯ ᠎ᠢ ᠣᠯᠤᠭ᠍ᠰᠠᠨ ᠪᠣᠯᠪᠠᠴᠤ᠌ ᠴᠢᠰᠤᠨ᠎ᠤ ᠬᠥᠮᠥᠷᠭᠡ᠎ᠶ᠋ᠢᠨ O ᠬᠡᠯᠪᠡᠷᠢ᠎ᠶ᠋ᠢᠨ ᠴᠢᠰᠤᠨ᠎ᠤ ᠬᠠᠳᠠᠭᠠᠯᠠᠯᠲᠠ᠎ᠶ᠋ᠢᠨ ᠬᠡᠮᠵᠢᠶ᠎ᠡ ᠬᠠᠷᠢᠨ ᠪᠠᠴᠢᠮ ᠪᠠᠢᠳᠠᠯ᠎ᠳᠤ ᠣᠷᠣᠪᠠ᠃ ᠠᠶᠤᠯ ᠲᠦᠭ᠌ᠰᠢᠭᠦᠷᠢᠲᠦ ᠴᠠᠭ ᠮᠥᠴᠡ᠎ᠳᠦ᠂ ᠰᠤᠷᠠᠭ ᠲᠤᠭᠤᠯᠤᠭᠰᠠᠨ ᠵᠦ᠍ ᠴᠢᠦ ᠫᠢᠩ ᠰᠠᠨᠠᠭᠠᠴᠢᠯᠠᠭ᠎ᠠ᠎ᠡᠴᠡ᠎ᠪᠠᠨ ᠡᠷᠭᠦᠳᠡᠯ ᠭᠠᠷᠭᠠᠵᠤ᠂《ᠪᠢ O ᠬᠡᠯᠪᠡᠷᠢ᠎ᠶ᠋ᠢᠨ ᠴᠢᠰᠤ᠎ᠲᠠᠶ》 ᠭᠡᠪᠡ᠃ ᠲᠡᠷᠡ ᠬᠠᠮᠲᠤ ᠠᠵᠢᠯᠯᠠᠭ᠍ᠰᠠᠳ᠎ᠲᠠᠶ᠎ᠪᠠᠨ ᠬᠠᠨᠴᠤᠢ ᠱᠢᠮᠠᠯᠠᠨ᠂ ᠴᠢᠰᠤ ᠪᠠᠴᠢᠮ ᠱᠠᠭᠠᠷᠳᠠᠭ᠍ᠳᠠᠵᠤ ᠪᠠᠢᠭ᠎ᠠ ᠡᠪᠡᠳᠴᠢᠲᠡᠨ᠎ᠳᠦ ᠴᠢᠰᠤ ᠬᠠᠨᠳᠢᠪᠯᠠᠵᠤ᠂ ᠠᠮᠵᠢᠯᠲᠠ᠎ᠲᠠᠶ᠎ᠪᠠᠷ ᠡᠪᠡᠳᠴᠢᠲᠡᠨ᠎ᠦ ᠠᠮᠢ ᠨᠠᠰᠤ᠎ᠶ᠋ᠢ ᠠᠪᠤᠷᠠᠵᠠᠢ᠃ ᠡᠨᠡ ᠪᠣᠯ ᠵᠦ᠍ ᠴᠢᠦ ᠫᠢᠩ ᠠᠩᠬ᠎ᠠ ᠤᠳᠠᠭ᠎ᠠ ᠠᠮᠢ ᠨᠠᠰᠤᠨ᠎ᠤ ᠬᠦᠴᠦᠨ᠂ ᠴᠢᠰᠤᠨ᠎ᠤ ᠬᠦᠴᠦᠨ᠎ᠢ ᠮᠡᠳᠡᠷᠡᠵᠦ᠍ ᠪᠠᠢᠭ᠎ᠠ ᠶᠠᠪᠤᠳᠠᠯ ᠪᠤᠯᠤᠨ᠎ᠠ᠃ ᠡᠭᠦᠨ᠎ᠡᠴᠡ ᠡᠬᠢᠯᠡᠨ᠂ ᠲᠡᠷᠡ ᠴᠢᠰᠤ ᠠᠪᠬᠤ ᠴᠢᠰᠤ ᠬᠠᠩᠭᠠᠬᠤ ᠦᠢᠯᠡᠰ ᠪᠣᠯᠤᠨ ᠦᠨ᠎ᠡ ᠲᠥᠯᠥᠪᠦᠷᠢ ᠦᠭᠡᠢ᠎ᠪᠡᠷ ᠴᠢᠰᠤ ᠬᠠᠨᠳᠢᠪᠯᠠᠬᠤ ᠦᠢᠯᠡᠰ᠎ᠤᠨ ᠵᠠᠮ᠎ᠵᠢᠡᠷ ᠵᠠᠮᠨᠠᠪᠠ᠃

ᠠᠵᠢᠯ᠎ᠤᠨ ᠬᠡᠷᠡᠭ᠌ᠴᠡᠭᠡ᠎ᠡᠴᠡ ᠪᠤᠯᠵᠤ᠂ ᠵᠦ᠍ ᠴᠢᠦ ᠫᠢᠩ ᠤᠷᠢᠳ ᠬᠣᠵᠢᠳ ᠪᠤᠭᠤᠲᠤ ᠬᠤᠳᠠ᠎ᠶ᠋ᠢᠨ ᠴᠢᠰᠤᠨ᠎ᠤ ᠲᠥᠪ ᠦᠷᠳᠡᠭᠡ ᠶ᠋ᠢᠨ ᠴᠢᠰᠤ ᠬᠠᠩᠭᠠᠬᠤ ᠰᠠᠯᠠᠭ᠎ᠠ᠂ ᠶᠠᠰᠤ ᠴᠢᠨᠠᠷ᠎ᠤᠨ ᠬᠠᠮᠢᠶᠠᠷᠤᠯᠲᠠ᠎ᠶ᠋ᠢᠨ ᠰᠠᠯᠠᠭ᠎ᠠ᠂ ᠪᠦᠷᠢᠯᠳᠦᠬᠦᠨ ᠎ᠤ ᠰᠠᠯᠠᠭ᠎ᠠ ᠵᠡᠷᠭᠡ  ᠡᠮᠦᠨ᠎ᠡ ᠹᠷᠣᠨᠲ᠎ᠤᠨ ᠠᠵᠢᠯ᠎ᠤᠨ ᠪᠠᠢᠷᠢ᠎ᠳᠤ ᠭᠠᠪᠰᠢᠭᠠᠢᠯᠠᠵᠤ᠂ ᠦᠨ᠎ᠡ ᠲᠥᠯᠥᠪᠦᠷᠢ ᠦᠭᠡᠢ᠎ᠪᠡᠷ ᠴᠢᠰᠤ ᠬᠠᠨᠳᠢᠪᠯᠠᠬᠤ ᠰᠠᠢ᠌ᠨ ᠲᠤᠷᠠᠴᠤᠳ᠎ᠢ ᠡᠯᠰᠡᠬᠦ᠌᠂ ᠴᠢᠰᠤ ᠴᠤᠭ᠍ᠯᠠᠭᠤᠯᠬᠤ᠂  ᠡᠮᠴᠢᠯᠡᠭᠡᠨ ᠎ᠦ ᠴᠢᠰᠤ ᠬᠠᠩᠭᠠᠬᠤ ᠵᠡᠷᠭᠡ ᠪᠦᠬᠦ᠌ ᠬᠡᠯᠬᠢᠶᠡᠨ ᠎ᠦ ᠴᠢᠰᠤ ᠬᠡᠷᠡᠭ᠌ᠯᠡᠬᠦ᠌ ᠠᠮᠤᠷ ᠲᠦᠪᠱᠢᠨ ᠎ᠢ ᠪᠠᠲᠤᠯᠠᠬᠤ ᠠᠵᠢᠯ᠎ᠢ ᠪᠡᠶ᠎ᠡ᠎ᠪᠡᠷ᠎ᠢᠶᠡᠨ ᠥᠩᠭᠡᠷᠡᠭᠦᠯᠵᠦ᠍᠂ ᠲᠡᠷᠡ ᠦᠨ᠎ᠡ ᠲᠥᠯᠥᠪᠦᠷᠢ ᠦᠭᠡᠢ᠎ᠪᠡᠷ ᠴᠢᠰᠤ ᠬᠠᠨᠳᠢᠪᠯᠠᠬᠤ᠎ᠶ᠋ᠢᠨ ᠦᠢᠯᠡᠳᠦᠯᠭᠡᠵᠢᠭᠦᠯᠦᠭ᠌ᠴᠢ ᠪᠣᠯᠤᠭ᠍ᠰᠠᠨ᠎ᠢᠶᠠᠷ ᠪᠠᠷᠠᠬᠤ ᠦᠭᠡᠢ᠂ ᠨᠡᠩ ᠴᠤ᠌ ᠤᠬᠠᠭᠤᠯᠤᠭ᠍ᠴᠢ ᠪᠠ ᠡᠯᠰᠡᠭ᠌ᠴᠢ ᠪᠣᠯᠵᠠᠢ᠃

ᠠᠵᠢᠯ ᠠᠮᠢᠳᠤᠷᠠᠯ ᠳᠤᠮᠳᠠ᠂ ᠵᠦ᠍ ᠴᠢᠦ ᠫᠢᠩ ᠦᠨ᠎ᠡ ᠲᠥᠯᠥᠪᠦᠷᠢ ᠦᠭᠡᠢ᠎ᠪᠡᠷ ᠴᠢᠰᠤ ᠬᠠᠨᠳᠢᠪᠯᠠᠬᠤ ᠮᠡᠳᠡᠯᠭᠡ᠎ᠶ᠋ᠢ ᠪᠦᠬᠦ᠌ ᠬᠦᠴᠦᠨ᠎ᠢᠶᠡᠷ᠎ᠢᠶᠡᠨ ᠲᠦᠭᠡᠮᠡᠯᠵᠢᠭᠦᠯᠵᠦ᠍᠂ ᠳᠡᠷᠭᠡᠳᠡᠬᠢ ᠲᠦᠷᠦᠯ ᠰᠠᠳᠤᠨ ᠨᠠᠢᠵᠠ ᠨᠥᠬᠥᠳ ᠎ᠢᠶᠡᠨ ᠢᠳᠡᠪᠬᠢᠲᠡᠢ ᠲᠠᠢ᠌ᠴᠢᠯᠠᠨ ᠵᠣᠷᠢᠭ᠍ᠵᠢᠭᠤᠯᠵᠤ ᠦᠨ᠎ᠡ ᠲᠥᠯᠥᠪᠦᠷᠢ ᠦᠭᠡᠢ᠎ᠪᠡᠷ ᠴᠢᠰᠤ ᠬᠠᠨᠳᠢᠪᠯᠠᠬᠤ᠎ᠳᠦ ᠣᠷᠣᠯᠴᠠᠭᠤᠯᠳᠠᠭ᠃ ᠲᠡᠭᠦᠨ᠎ᠦ ᠳᠠᠭᠠᠭᠤᠯᠭ᠎ᠠ ᠳᠣᠣᠷ᠎ᠠ᠂ ᠵᠢᠯ ᠪᠦᠷᠢ ᠲᠥᠷᠥᠯ ᠰᠠᠳᠤᠨ ᠨᠠᠢᠵᠠ ᠨᠥᠬᠥᠳ ᠨᠢ ᠦᠨ᠎ᠡ ᠲᠥᠯᠥᠪᠦᠷᠢ ᠦᠭᠡᠢ ᠴᠢᠰᠤ ᠬᠠᠨᠳᠢᠪᠯᠠᠬᠤ ᠡᠩᠨᠡᠭᠡᠨ᠎ᠳᠦ ᠣᠷᠣᠯᠴᠠᠳᠠᠭ᠃ ᠬᠠᠮᠲᠤ ᠰᠤᠷᠤᠯᠭᠠᠲᠠᠨ ᠶᠤᠸᠠᠨ ᡁᠢ ᠵᠢᠶᠦ᠋ᠨ ᠲᠡᠭᠦᠨ᠎ᠦ ᠵᠣᠷᠢᠭ᠍ᠵᠢᠭᠤᠯᠤᠯ ᠳᠣᠣᠷ᠎ᠠ᠂ ᠦᠨ᠎ᠡ ᠲᠥᠯᠥᠪᠦᠷᠢ ᠦᠭᠡᠢ᠎ᠪᠡᠷ ᠴᠢᠰᠤ ᠬᠠᠨᠳᠢᠪᠯᠠᠬᠤ ᠠᠵᠢᠯᠯᠠᠭ᠎ᠠ᠎ᠳᠤ ᠢᠳᠡᠪᠬᠢᠲᠡᠢ ᠣᠷᠣᠯᠴᠠᠵᠤ᠂ ᠪᠦᠬᠦ᠌ ᠤᠯᠤᠰ᠎ᠤᠨ ᠦᠨ᠎ᠡ ᠲᠥᠯᠥᠪᠦᠷᠢ ᠦᠭᠡᠢ᠎ᠪᠡᠷ ᠴᠢᠰᠤ ᠬᠠᠨᠳᠢᠪᠯᠠᠭᠰᠠᠨ ᠮᠥᠩᠭᠥᠨ ᠱᠠᠨᠭᠨᠠᠯ᠎ᠢ ᠬᠦᠷᠳᠡᠪᠡ᠃

ᠲᠡᠷᠡ ᠪᠤᠯ ᠦᠨᠳᠦᠰᠦᠲᠡᠨ᠎ᠦ ᠪᠦᠯᠬᠦᠮᠳᠡᠯ᠎ᠦᠨ ᠦᠢᠯᠡᠳᠦᠯᠭᠡᠵᠢᠭᠦᠯᠦᠭ᠌ᠴᠢ ᠮᠥᠨ᠃ 2015 ᠣᠨ᠎ᠳᠤ᠂ ᠵᠦ᠍ ᠴᠢᠦ ᠫᠢᠩ ᠵᠣᠬᠢᠶᠠᠨ ᠪᠠᠢᠭᠤᠯᠤᠯᠲᠠ᠎ᠶ᠋ᠢᠨ ᠲᠣᠮᠢᠯᠠᠯᠲᠠ᠎ᠪᠠᠷ ᠳᠠᠷᠬᠠᠨ ᠮᠤᠤᠮᠢᠩᠭᠠᠨ ᠬᠣᠯᠪᠣᠭᠠᠲᠤ ᠬᠣᠱᠢᠭᠤᠨ ᠎ᠤ ᠬᠠᠮᠤᠭ᠎ᠤᠨ ᠪᠤᠢ᠌ᠳᠠ ᠪᠥᠭ᠌ᠯᠡᠭᠦᠦ ᠪᠠᠶᠠᠨᠬᠤᠸᠠ ᠪᠠᠯᠭᠠᠰᠤᠨ᠎ᠤ ᠪᠠᠶᠠᠨᠨ᠌ᠣᠪᠣᠭ᠎ᠠ ᠭᠠᠴᠡᠭ᠎ᠠ᠎ᠳᠤ ᠬᠦᠷᠴᠦ᠍ ᠠᠵᠢᠯ ᠥᠷᠨᠢᠭᠦᠯᠪᠡ᠃ ᠲᠣᠰᠭᠣᠨ᠎ᠳᠤ ᠰᠠᠭᠤᠭ᠍ᠰᠠᠨ᠎ᠡᠴᠡ ᠨᠠᠭᠠᠰᠢ᠂ ᠲᠡᠷᠡ ᠪᠦᠬᠦ᠌ ᠰᠡᠳᠭᠢᠯ ᠪᠦᠬᠦ᠌ ᠵᠣᠷᠢᠭ᠎ᠢᠶᠠᠷ᠎ᠢᠶᠠᠨ ᠠᠷᠠᠳ᠎ᠤᠨ ᠠᠮᠢᠳᠤᠷᠠᠯ᠎ᠤᠨ ᠢᠨᠵᠧᠨᠧᠷᠢᠩ᠎ᠦᠨ ᠡᠪᠦᠯ ᠎ᠦᠨ ᠤᠯᠠᠷᠢᠯ᠎ᠤᠨ ᠶᠡᠬᠡ ᠳᠠᠢᠯᠠᠯᠳᠤᠭᠠᠨ᠂ ᠲᠣᠰᠭᠣᠨ᠎ᠤ ᠪᠠᠢᠳᠠᠯ᠎ᠤᠨ ᠶᠡᠬᠡ ᠪᠠᠢᠴᠠᠭᠠᠯᠲᠠ᠂ ᠠᠷᠠᠳ ᠎ᠤᠨ ᠪᠠᠢᠳᠠᠯ᠎ᠤᠨ ᠶᠡᠬᠡ ᠰᠤᠷᠪᠤᠯᠵᠢᠯᠠᠭ᠎ᠠ᠎ᠳᠤ ᠣᠷᠣᠯᠴᠠᠵᠤ᠂ ᠮᠠᠯᠴᠢᠨ ᠲᠦᠮᠡᠨ᠎ᠲᠡᠶ ᠭᠦᠨ ᠵᠤᠵᠠᠭᠠᠨ ᠨᠥᠬᠥᠷᠯᠡᠯ ᠪᠠᠢᠭᠤᠯᠪᠠ᠃ ᠲᠡᠷᠡ ᠠᠵᠢᠯᠯᠠᠬᠤ ᠳᠤᠭᠤᠢᠯᠠᠩ᠎ᠤᠨ ᠨᠥᠬᠥᠳ᠎ᠲᠡᠬᠡᠨ ᠦᠨ᠎ᠡ ᠲᠥᠯᠥᠪᠦᠷᠢ ᠦᠭᠡᠢ᠎ᠪᠡᠷ ᠴᠢᠰᠤ ᠬᠠᠨᠳᠢᠪᠯᠠᠬᠤ ᠮᠡᠳᠡᠯᠭᠡ᠎ᠶ᠋ᠢ ᠰᠠᠨᠠᠭᠠᠴᠢᠯᠠᠭ᠎ᠠ᠎ᠡᠴᠡ᠎ᠪᠠᠨ ᠲᠦᠭᠡᠮᠡᠯᠵᠢᠭᠦᠯᠪᠡ᠃ ᠭᠠᠴᠡᠭᠠᠨ᠎ᠳ᠋ᠤ ᠨᠣᠮ ᠲᠠᠪᠳᠡᠷ ᠴᠥᠭᠡᠪᠳᠤᠷ ᠪᠠᠢᠬᠤ ᠵᠢ ᠬᠠᠷᠠᠭᠠᠳ ᠲᠡᠷᠡ ᠢᠳᠡᠪᠬᠢᠳᠠᠢ ᠪᠠᠷ ᠱᠠᠩᠬᠠᠢ᠎ᠶ᠋ᠢᠨ ᠬᠡᠪᠯᠡᠯ᠎ᠦᠨ ᠬᠣᠷᠢᠢ᠎ᠠ᠎ᠲᠠᠶ ᠬᠠᠷᠢᠯᠴᠠᠵᠤ  ᠨᠣᠮ ᠲᠠᠪᠳᠠᠷ ᠬᠠᠨᠳᠢᠪᠯᠠᠭᠤᠯᠪᠠ;ᠮᠠᠯᠴᠢᠨ ᠠᠢᠯ᠎ᠤᠨ ᠬᠥᠨᠵᠢᠯᠡ ᠳᠡᠪᠢᠰᠭᠡᠷ ᠨᠢ ᠨᠢᠮᠭᠡᠨ ᠪᠠᠢᠬᠤ᠎ᠶ᠋ᠢ ᠬᠠᠷᠠᠭᠠᠳ᠂ ᠲᠡᠷᠡ ᠥᠪᠡᠷ᠎ᠦᠨ ᠨᠤᠤᠰᠤᠨ ᠬᠡᠪᠢᠰ᠎ᠢᠶᠡᠨ ᠪᠡᠯᠡᠭ᠌ᠯᠡᠪᠡ; ᠲᠡᠷᠡ ᠲᠤᠰᠭᠠᠢ ᠮᠡᠷᠭᠡᠵᠢᠯ ᠎ᠦᠨ ᠣᠨᠴᠠ ᠴᠢᠳᠠᠪᠤᠷᠢ᠎ᠪᠠᠨ ᠪᠠᠳᠠᠷᠠᠭᠤᠯᠵᠤ ᠮᠠᠯᠴᠢᠳ ᠎ᠤᠨ ᠡᠮ  ᠢ᠋ ᠭᠡᠷᠬᠢᠨ ᠬᠡᠷᠡᠭ᠌ᠯᠡᠬᠦ᠌᠎ᠲᠤᠬᠠᠢ ᠵᠢᠯᠤᠭᠤᠳᠤᠯᠭ᠎ᠠ ᠬᠢᠵᠤ᠂ ᠪᠣᠯᠪᠠᠰᠤᠨ ᠡᠷᠡᠭᠦᠯ ᠠᠮᠢᠳᠤᠷᠠᠯ ᠎ᠤᠨ ᠠᠷᠭ᠎ᠠ ᠬᠡᠯᠪᠡᠷᠢ᠎ᠶ᠋ᠢ ᠰᠠᠨᠠᠭᠠᠴᠢᠯᠠᠪᠠ; ᠲᠡᠷᠡ ᠨᠢᠭᠡᠴᠢ᠎ᠡᠴᠡ ᠪᠠᠨ ᠨᠢᠭᠡ ᠲᠦᠮᠡᠨ ᠲᠥᠭᠥᠷᠢᠭ᠎ᠦᠨ ᠪᠠᠯᠠ ᠮᠥᠩᠭᠥ᠌ ᠣᠯᠵᠤ᠂ ᠶᠠᠳᠠᠭᠤ ᠬᠦᠴᠢᠷᠳᠡᠯᠲᠡᠶ ᠡᠷᠦᠬᠡ᠎ᠶ᠋ᠢ ᠬᠠᠪᠰᠤᠷᠤᠨ ᠬᠦᠴᠢᠷᠳᠡᠯ᠎ᠡᠴᠡ ᠠᠩᠭᠢᠵᠢᠷᠠᠭᠤᠯᠪᠠ᠃ ᠮᠠᠯᠴᠢᠳ ᠲᠡᠭᠦᠨ᠎ᠢ ᠭᠡᠷ᠎ᠦᠨ ᠬᠥᠮᠦᠰ᠎ᠢᠶᠡᠨ ᠭᠡᠵᠦ᠍ ᠦᠵᠡᠳᠡᠭ᠃ ᠲᠣᠰᠭᠣᠨ ᠎ᠳᠤ ᠰᠠᠭᠤᠬᠤ ᠠᠵᠢᠯ ᠳᠠᠭᠤᠰᠤᠭ᠍ᠰᠠᠨ᠎ᠤ ᠳᠠᠷᠠᠭ᠎ᠠ᠂ ᠲᠡᠷᠡ ᠮᠥᠨ ᠯᠡ ᠮᠠᠯᠴᠢᠨ ᠲᠦᠮᠡᠨ᠎ᠲᠡᠶ ᠬᠠᠷᠢᠯᠴᠠᠵᠤ ᠪᠠᠢᠳᠠᠭ᠃ ᠮᠠᠯᠴᠢᠳ ᠪᠤᠭᠤᠲᠤ᠎ᠳᠤ ᠬᠦᠷᠴᠦ᠍ ᠡᠪᠡᠳᠴᠢᠨ᠎ᠢᠶᠡᠨ ᠦᠵᠡᠭᠦᠯᠬᠦ᠌᠎ᠳᠦ ᠲᠡᠷᠡ ᠬᠣᠭᠣᠯᠠ ᠬᠣᠨᠣᠭ ᠢ᠋ ᠨᠢ ᠲᠣᠬᠢᠷᠠᠭᠤᠯᠵᠤ᠂ ᠡᠮᠨᠡᠯᠭᠡ᠎ᠶ᠋ᠢᠨ ᠬᠣᠷᠢᠶ᠎ᠠ ᠬᠠᠷᠢᠯᠴᠠᠵᠦ ᠦᠭᠳᠡᠭ; ᠡᠮᠨᠡᠯᠭᠡ ᠱᠢᠯᠵᠢᠬᠦ᠌ ᠬᠡᠷᠡᠭ᠌ᠴᠡᠭᠡ ᠲᠣᠬᠢᠶᠠᠯᠳᠤᠪᠠᠯ᠂ ᠭᠠᠳᠠᠨ᠎ᠠ ᠣᠷᠣᠨ᠎ᠤ ᠡᠮᠨᠡᠯᠭᠡ᠎ᠶ᠋ᠢᠨ ᠬᠣᠷᠢᠶ᠎ᠠ᠎ᠲᠠᠶ ᠢᠳᠡᠪᠬᠢᠲᠡᠢ ᠬᠠᠷᠢᠯᠴᠠᠵᠤ᠂ ᠪᠦᠬᠦ᠌ ᠰᠡᠳᠭᠢᠯ ᠪᠦᠬᠦ᠌ ᠴᠢᠳᠠᠯ᠎ᠢᠶᠠᠷ᠎ᠢᠶᠠᠨ ᠲᠡᠳᠡᠨ᠎ᠢ ᠬᠠᠪᠰᠤᠷᠤᠨ ᠬᠦᠴᠢᠷᠳᠡᠯ᠎ᠢ ᠨᠢ ᠱᠢᠢᠳᠪᠦᠷᠢᠯᠡᠵᠦ᠍ ᠥᠭ᠌ᠳᠡᠭ᠃

ᠵᠦ᠍ ᠴᠢᠦ ᠫᠢᠩ ᠠᠷᠠᠳ ᠲᠦᠮᠡᠨ᠎ᠳᠦ ᠦᠶ᠋ᠯᠡᠴᠢᠯᠡᠬᠦ᠌ ᠣᠭ ᠰᠠᠨᠠᠭ᠎ᠠ᠎ᠪᠠᠨ ᠢᠮᠠᠭ᠍ᠲᠠ ᠪᠠᠲᠤ ᠴᠡᠭᠡᠵᠢᠯᠡᠵᠦ᠍᠂ ᠦᠨ᠎ᠡ ᠲᠥᠯᠥᠪᠦᠷᠢ ᠥᠬᠡᠶ᠎ᠪᠡᠷ ᠴᠢᠰᠤ ᠬᠠᠨᠳᠢᠪᠯᠠᠬᠤ᠎ᠶ᠋ᠢ ᠥᠷᠭᠡᠨ᠎ᠢᠶᠡᠷ ᠤᠬᠠᠭᠤᠯᠵᠤ᠂ 《ᠪᠠᠴᠢᠮ ᠪᠠᠢᠳᠠᠯ᠎ᠢ ᠠᠷᠭᠠᠴᠡᠭᠠᠬᠤ ᠴᠢᠰᠤ ᠬᠠᠨᠳᠢᠪᠯᠠᠬᠤ ᠰᠠᠢᠨ ᠲᠤᠷᠠᠴᠤᠳ》 ᠤ᠋ᠨ ᠬᠠᠷᠢᠭᠤᠴᠠᠯᠭ᠎ᠠ ᠡᠭᠦᠷᠭᠡᠯᠡᠯ᠎ᠵᠢᠡᠷ᠂ ᠦᠨᠡᠨᠬᠦ ᠪᠤᠳᠠᠳᠠᠢ ᠦᠶ᠋ᠯᠡ ᠠᠵᠢᠯᠯᠠᠭ᠎ᠠ᠎ᠪᠠᠷ᠎ᠢᠶᠠᠨ ᠦᠨ᠎ᠡ ᠲᠥᠯᠥᠪᠦᠷᠢ ᠥᠬᠡᠶ᠎ᠪᠡᠷ ᠴᠢᠰᠤ ᠬᠠᠨᠳᠢᠪᠯᠠᠬᠤ ᠦᠶ᠋ᠯᠡᠰ᠎ᠲᠦ ᠦᠷᠭᠦᠯᠵᠢᠯᠡᠨ ᠬᠦᠴᠦᠨ ᠴᠢᠳᠠᠯ᠎ᠢᠶᠠᠨ ᠨᠠᠮᠠᠷᠢᠯᠠᠵᠤ᠂ ᠱᠢᠨ᠎ᠡ ᠴᠠᠭ ᠦᠶ᠎ᠡ᠎ᠶ᠋ᠢᠨ ᠡᠮᠨᠡᠯᠭᠡ᠎ᠵᠢᠨ ᠠᠵᠢᠯᠲᠠᠨ᠎ᠤ ᠎ᠡᠬᠦᠷᠭᠡ ᠬᠠᠷᠢᠭᠤᠴᠠᠯᠭ᠎ᠠ ᠪᠠᠨ ᠡᠷᠡᠰ ᠬᠦᠢᠴᠡᠳᠭᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号