ᠬᠣᠷᠴᠢᠨ ᠵᠡᠭᠦᠨ ᠭᠠᠷᠤᠨ ᠬᠣᠢᠲᠤ ᠬᠣᠱᠢᠭᠤᠨ᠎ᠤ ᠭᠠᠨᠵᠤᠭ᠎ᠠ ᠪᠠᠯᠭᠠᠰᠤᠨ᠎ᠤ ᠵᠢᠶᠠ ᠬᠤᠢ ᠴᠢᠬᠢ ᠮᠣᠳᠣᠨ᠎ᠤ ᠬᠦᠷᠢᠶᠡᠯᠡᠩ᠎ᠦᠨ ᠰᠠᠭᠤᠷᠢᠨ᠎ᠤ ᠬᠠᠷᠢᠭᠤᠴᠠᠯᠭᠠᠲᠠᠨ ᠯᠢ ᠱᠢᠤ ᠬᠤᠢ᠄《10 ᠭᠠᠷᠤᠢ ᠵᠢᠯ᠎ᠦᠨ ᠡᠮᠦᠨ᠎ᠡ᠂ ᠴᠢᠬᠢ ᠮᠣᠳᠣᠨ᠎ᠤ ᠬᠦᠷᠢᠶᠡᠯᠡᠩ᠎ᠦᠨ ᠰᠠᠭᠤᠷᠢᠨ᠎ᠢ ᠠᠩᠬ᠎ᠠ ᠪᠠᠢᠭᠤᠯᠬᠤ ᠦᠶ᠎ᠡ᠎ᠳᠦ᠂ ᠡᠨᠳᠡᠬᠢ ᠣᠷᠴᠢᠨ ᠲᠣᠭᠣᠷᠢᠨ ᠲᠤᠢᠯ᠎ᠤᠨ ᠮᠠᠭᠤ ᠪᠠᠢᠵᠠᠢ᠃ ᠱᠢᠷ᠎ᠠ ᠡᠯᠡᠰᠦ᠎ᠡᠴᠡ ᠭᠠᠳᠠᠨ᠎ᠠ ᠶᠠᠭᠤ ᠴᠤ᠌ ᠪᠠᠢᠬᠤ ᠦᠭᠡᠢ᠂ ᠰᠠᠯᠬᠢ ᠰᠠᠯᠬᠢᠯᠠᠵᠤ ᠲᠤᠭᠤᠰᠤ ᠲᠡᠭᠳᠡᠭᠡᠳ ᠨᠢᠳᠦ᠍᠎ᠪᠡᠨ ᠨᠡᠭᠡᠭᠡᠬᠦ᠎ᠵᠢᠨ ᠠᠷᠭ᠎ᠠ ᠦᠭᠡᠢ ᠪᠠᠢᠵᠤ᠂ ᠬᠠᠭᠠᠰ ᠰᠠᠷ᠎ᠠ ᠬᠡᠷᠡᠭ᠌ᠰᠡᠪᠡᠯ ᠪᠠᠷᠢᠭᠠᠳ ᠲᠠᠭᠤᠰᠬᠠᠴᠢᠬᠠᠬᠤ ᠪᠠᠢᠬᠰᠠᠨ ᠭᠡᠷ ᠪᠠᠢᠰᠢᠩ᠎ᠢ ᠬᠤᠶᠠᠷ ᠰᠠᠷ᠎ᠠ ᠭᠠᠷᠤᠢ ᠬᠡᠷᠡᠭᠰᠡᠮᠡᠨᠵᠢᠨ ᠰᠠᠶᠢ ᠪᠠᠷᠢᠵᠤ ᠲᠠᠭᠤᠰᠬᠠᠬᠰᠠᠨ ᠶᠤᠮ》 ᠭᠡᠪᠡ᠃
ᠵᠢᠯ ᠪᠦᠷᠢ ᠨᠢᠭᠡ ᠤᠳᠠᠭ᠎ᠠ ᠰᠠᠯᠬᠢᠯᠠᠳᠠᠭ ᠰᠠᠯᠬᠢ ᠨᠢ ᠬᠠᠪᠤᠷ᠎ᠡᠴᠡ ᠡᠬᠢᠯᠡᠭᠡᠳ ᠡᠪᠦᠯ ᠪᠣᠯᠲᠠᠯ᠎ᠠ ᠰᠠᠯᠬᠢᠯᠠᠨ᠎ᠠ; ᠡᠯᠡᠰᠦ ᠪᠤᠲᠠᠷᠠᠵᠤ᠂ ᠪᠣᠷᠣᠭᠠᠨ ᠣᠷᠣᠪᠠᠯ ᠪᠦᠷ ᠱᠢᠪᠡᠷ ᠱᠠᠯᠴᠢᠭ ᠪᠤᠯᠴᠢᠬᠠᠨ᠎ᠠ᠃ ᠡᠨᠡ ᠪᠣᠯ ᠥᠩᠭᠡᠷᠡᠭ᠌ᠰᠡᠨ᠎ᠦ ᠭᠠᠨᠵᠤᠭ᠎ᠠ ᠪᠠᠯᠭᠠᠰᠤᠨ᠎ᠤ ᠬᠣᠯᠪᠣᠭ᠎ᠠ ᠲᠣᠰᠭᠣᠨ᠎ᠤ ᠦᠨᠡᠨ ᠪᠤᠲᠠᠲᠠᠢ ᠵᠢᠷᠤᠭ᠍ᠯᠠᠯ ᠪᠣᠯᠤᠨ᠎ᠠ᠃ ᠥᠩᠭᠡᠷᠡᠭ᠌ᠰᠡᠨ᠎ᠳᠦ ᠬᠠᠮᠠᠷ ᠬᠠᠳᠭᠤᠬᠤ ᠡᠪᠡᠰᠦ ᠤᠷᠭᠤᠬᠤ ᠦᠭᠡᠢ᠂ ᠰᠠᠯᠬᠢ ᠱᠢᠭᠤᠷᠭ᠎ᠠ ᠳᠡᠭ᠌ᠳᠡᠵᠦ᠍ ᠪᠠᠢᠭ᠍ᠰᠠᠨ ᠡᠯᠡᠰᠦᠷᠬᠡᠭ ᠭᠠᠵᠠᠷ ᠨᠢ ᠤᠳᠤ ᠡᠪᠡᠰᠦ ᠮᠣᠳᠣ ᠢᠭ᠍ᠴᠤ ᠰᠠᠬᠤᠯᠢᠭ᠂ ᠴᠡᠯ ᠨᠤᠭᠤᠭᠠᠨ ᠦᠨᠭᠭᠡ ᠲᠠᠢ ᠴᠢᠬᠢ ᠮᠣᠳᠣᠨ᠎ᠤ ᠬᠦᠷᠢᠶᠡᠯᠡᠩ᠎ᠦᠨ ᠰᠠᠭᠤᠷᠢᠨ ᠪᠤᠯᠵᠤ᠂ ᠴᠢᠬᠢ ᠮᠣᠳᠣ ᠪᠡᠷ ᠨᠣᠮᠢᠨ ᠨᠣᠭᠣᠭᠠᠨ ᠬᠠᠯᠬᠠᠪᠴᠢ᠎ᠶ᠋ᠢ ᠴᠣᠭ᠍ᠴᠠᠯᠠᠪᠠ᠃ ᠡᠨᠡ ᠬᠦ᠌ ᠲᠩᠷᠢ ᠭᠠᠵᠠᠷ᠎ᠢ ᠳᠣᠩᠰᠣᠯᠭᠠᠮ᠎ᠠ ᠬᠤᠪᠢᠷᠠᠯᠲᠠ ᠨᠢ ᠯᠢ ᠱᠢᠤ ᠬᠤᠢ᠎ᠶ᠋ᠢᠨ 15 ᠵᠢᠯ᠎ᠢ ᠨᠢᠭᠡ ᠯᠡ ᠡᠳᠦᠷ ᠮᠡᠲᠦ ᠦᠩᠬᠡᠷᠡᠬᠡᠵᠤ ᠡᠷᠡᠰ ᠪᠠᠷᠢᠮᠳᠠᠯᠠᠵᠤ ᠵᠢᠳᠬᠦᠯ ᠴᠢᠷᠮᠠᠢᠯᠭ᠎ᠠ ᠭᠠᠷᠭᠠᠭ᠍ᠰᠠᠨ᠎ᠡᠴᠡ ᠰᠠᠯᠵᠤ ᠴᠢᠳᠠᠬᠤ ᠦᠭᠡᠢ ᠶᠤᠮ᠃
2010 ᠣᠨ᠎ᠳᠤ᠂ ᠯᠢ ᠱᠢᠤ ᠬᠤᠢ ᠥᠪᠡᠷ᠎ᠦᠨ ᠦᠢᠯᠡᠰ ᠪᠤᠰᠭᠠᠬᠤ ᠬᠦᠰᠡᠯᠵᠢᠡᠨ ᠨᠤᠲᠤᠭ᠎ᠲᠠᠭᠠᠨ ᠮᠣᠳᠣ ᠲᠠᠷᠢᠵᠤ ᠨᠣᠭᠣᠭᠠᠷᠠᠭᠤᠯᠤᠯᠲᠠ᠎ᠶ᠋ᠢ ᠨᠡᠮᠡᠭ᠌ᠳᠡᠭᠦᠯᠬᠦ᠌᠎ᠲᠡᠶ ᠨᠢᠭ᠍ᠲᠠ ᠤᠶᠠᠯᠳᠤᠭᠤᠯᠵᠤ᠂ ᠬᠣᠷᠴᠢᠨ ᠵᠡᠭᠦᠨ ᠭᠠᠷᠤᠨ ᠬᠣᠢᠲᠤ ᠬᠣᠱᠢᠭᠤᠨ᠎ᠤ ᠭᠠᠨᠵᠤᠭ᠎ᠠ ᠪᠠᠯᠭᠠᠰᠤᠨ᠎ᠤ ᠵᠢᠶᠠ ᠬᠤᠢ ᠴᠢᠬᠢ ᠮᠣᠳᠣᠨ᠎ᠤ ᠬᠦᠷᠢᠶᠡᠯᠡᠩ᠎ᠦᠨ ᠰᠠᠭᠤᠷᠢᠨ᠎ᠢ ᠪᠠᠢᠭᠤᠯᠵᠤ᠂ ᠬᠠᠢᠯᠠᠷ ᠨᠠᠷᠠᠰᠤ᠂ ᠭᠠᠴᠤᠷ᠎ᠠ᠂ ᠴᠠᠨ᠎ᠠ᠂ ᠡᠷᠮ᠎ᠡ ᠤᠳᠠ᠂ ᠪᠠᠲᠤᠴᠠᠭᠠᠨ᠂ ᠤᠯᠢᠶᠠᠰᠤ᠂ ᠡᠯᠪᠡᠭᠡᠲᠦ ᠴᠡᠴᠡᠭ ᠵᠡᠷᠭᠡ 10 ᠭᠠᠷᠤᠢ ᠵᠦᠢᠯ᠎ᠦᠨ ᠴᠢᠬᠢ ᠮᠣᠳᠣ ᠲᠠᠷᠢᠵᠤ ᠡᠵᠡᠩᠨᠡᠪᠡ᠃
ᠦᠢᠯᠡᠰ ᠪᠤᠰᠭᠠᠬᠤ ᠡᠬᠢᠨ᠎ᠦ ᠬᠤᠭᠤᠴᠠᠭᠠᠨ᠎ᠳᠤ᠂ ᠴᠢᠬᠢ ᠮᠤᠳᠤ ᠲᠠᠷᠢᠬᠤ ᠲᠤᠷᠱᠢᠯᠭ᠎ᠠ ᠳᠤᠲᠠᠮᠠᠭ᠎ᠡᠴᠡ ᠪᠤᠯᠵᠤ᠂ ᠯᠢ ᠱᠢᠤ ᠬᠤᠢ ᠵᠥᠪᠬᠡᠨ ᠤᠯᠠᠮᠵᠢᠯᠠᠯᠲᠤ ᠠᠷᠭ᠎ᠠ᠎ᠳᠤ ᠲᠦᠱᠢᠭ᠌ᠯᠡᠵᠦ᠍᠂ ᠪᠠᠭ᠎ᠠ ᠪᠤᠰᠤ ᠮᠤᠷᠤᠢ ᠵᠠᠮ᠎ᠢᠶᠠᠷ ᠶᠠᠪᠤᠵᠤ᠂ ᠬᠠᠮᠤᠭ ᠤ᠋ᠨ ᠠᠩᠬᠠᠨ᠎ᠤ ᠲᠠᠷᠢᠭ᠍ᠰᠠᠨ ᠴᠢᠬᠢ ᠮᠣᠳᠣᠨ᠎ᠤ ᠣᠯᠠᠩᠬᠢ ᠨᠢ ᠡᠳᠡᠭᠡᠷᠡᠵᠦ᠍ ᠳᠡᠢᠯᠦᠭ᠌ᠰᠡᠨ ᠦᠭᠡᠢ᠃ ᠡᠳᠦᠷ ᠨᠢ ᠯᠢ ᠱᠢᠤ ᠬᠤᠢ ᠡᠯᠡᠰᠦᠷᠬᠡᠭ ᠭᠠᠵᠠᠷ᠎ᠢᠶᠡᠷ ᠡᠷᠬᠢᠴᠡᠵᠦ᠂ ᠬᠡᠰᠡᠭ ᠬᠡᠰᠡᠭ᠎ᠢᠶᠡᠷ ᠲᠣᠭᠣᠷᠢᠨ ᠪᠠᠢᠴᠠᠭᠠᠵᠤ᠂ ᠨᠢᠬᠡ ᠨᠢᠬᠡ ᠰᠠᠭᠤᠷᠢ ᠳᠠᠷᠠᠭᠠᠯᠠᠨ ᠴᠢᠬᠢ ᠮᠣᠳᠣ ᠶ᠋ᠢ ᠪᠠᠢᠴᠠᠭᠠᠵᠤ᠂ ᠵᠣᠭ᠍ᠰᠣᠯ ᠦᠭᠡᠢ ᠡᠪᠡᠰᠦ ᠠᠷᠴᠢᠵᠤ᠂ ᠴᠢᠬᠢ ᠮᠣᠳᠣ᠎ᠶ᠋ᠢ ᠰᠠᠬᠢᠨ ᠬᠠᠮᠠᠭᠠᠯᠠᠪᠠ᠃ ᠰᠥᠨᠢ ᠨᠢ ᠯᠢ ᠱᠢᠤ ᠬᠤᠢ ᠲᠤᠰᠭᠠᠢ ᠮᠡᠷᠭᠡᠵᠢᠯ ᠦᠨ ᠨᠣᠮ ᠪᠢᠴᠢᠭᠤᠷᠪᠠᠭᠤᠯᠤᠨ᠂ ᠰᠤᠷᠤᠯᠴᠠᠵᠤ᠂ ᠲᠠᠷᠢᠬᠤ ᠮᠡᠷᠭᠡᠵᠢᠯ ᠢ ᠰᠤᠳᠤᠯᠵᠤ᠂ ᠱᠢᠨᠵᠢᠯᠡᠬᠦ᠌ ᠤᠬᠠᠭᠠᠨᠴᠢ ᠲᠠᠷᠢᠵᠤ ᠠᠷᠠᠴᠢᠯᠠᠬᠤ ᠠᠷᠭ᠎ᠠ᠎ᠶ᠋ᠢ ᠡᠵᠡᠮᠱᠢᠪᠡ᠃
ᠯᠢ ᠱᠢᠤ ᠬᠤᠢ ᠄ 《ᠴᠢᠬᠢ ᠮᠣᠳᠣᠨ᠎ᠤ ᠬᠦᠷᠢᠶᠡᠯᠡᠩ᠎ᠦᠨ ᠬᠦᠷᠦᠰᠦ ᠱᠢᠷᠣᠢ ᠤᠤᠯ ᠨᠢ ᠲᠤᠩ ᠮᠠᠭᠤ ᠪᠠᠢᠵᠠᠢ᠂ ᠪᠦᠷ ᠡᠯᠡᠰᠦᠨ ᠣᠪᠣᠭ᠎ᠠ ᠪᠠᠢᠪᠠ᠂ ᠠᠷᠭ᠎ᠠ ᠪᠤᠰᠤ ᠪᠢ ᠵᠥᠪᠬᠡᠨ ᠤᠳᠭᠤᠭᠤᠷ ᠲᠡᠷᠭᠡ᠎ᠪᠡᠷ ᠡᠯᠡᠰᠦᠨ ᠣᠪᠣᠭ᠎ᠠ᠎ᠶ᠋ᠢ ᠲᠡᠭ᠌ᠰᠢᠯᠡᠵᠦ᠍᠂ ᠬᠥᠷᠥᠰᠥ᠍ ᠱᠢᠷᠣᠢ᠎ᠶ᠋ᠢ ᠰᠠᠢᠵᠢᠷᠠᠭᠤᠯᠵᠠᠢ᠃ ᠪᠢᠳᠡᠨ᠎ᠤ 15 ᠵᠢᠯ᠎ᠦᠨ ᠴᠥᠬᠥᠷᠡᠰᠢ ᠥᠬᠡᠶ ᠴᠢᠷᠮᠠᠢᠯᠭ᠎ᠠ᠎ᠪᠠᠷ᠂ ᠴᠢᠬᠢ ᠮᠣᠳᠣᠨ᠎ᠤ ᠬᠦᠷᠢᠶᠡᠯᠡᠩ᠎ᠦᠨ ᠣᠷᠴᠢᠨ ᠲᠣᠭᠣᠷᠢᠨ ᠶᠡᠬᠡᠪᠡᠷ ᠰᠠᠢᠵᠢᠷᠠᠭ᠍ᠰᠠᠨ᠎ᠢᠶᠠᠷ ᠪᠠᠷᠠᠬᠤ ᠥᠬᠡᠶ᠂ ᠴᠢᠬᠢ ᠮᠣᠳᠣ ᠪᠠᠰᠠ ᠮᠠᠰᠢ ᠤᠯᠠᠨ ᠬᠦᠮᠦᠨ ᠳ᠋ᠤ ᠬᠦᠷᠢᠶᠡᠯᠡᠭᠳᠡᠪᠡ》 ᠭᠡᠪᠡ᠃
ᠤᠯᠠᠨ ᠵᠢᠯ᠎ᠤᠨ ᠲᠤᠷᠰᠢ ᠯᠢ ᠱᠢᠤ ᠬᠤᠢ ᠭᠠᠷᠤᠨ ᠠᠯᠠᠭ᠎ᠠ ᠪᠠᠨ ᠡᠪᠡᠷᠰᠢᠲᠠᠯᠠ᠂ ᠬᠦᠯ ᠤ᠋ᠨ ᠤᠯᠠ ᠪᠠᠨ ᠬᠠᠭᠠᠷᠠᠲᠠᠯ᠎ᠠ ᠴᠢᠷᠮᠠᠢᠵᠤ᠂ ᠰᠤᠷᠤᠯᠴᠠᠵᠤ ᠲᠡᠮᠡᠴᠡᠬᠦ ᠳᠤᠮᠳᠠ ᠲᠡᠷᠡ ᠬᠤᠯᠠ ᠤᠢ᠍ᠢᠷ᠎ᠠ᠎ᠳᠠᠭᠠᠨ ᠠᠯᠳᠠᠷᠱᠢᠭ᠍ᠰᠠᠨ ᠴᠢᠬᠢ ᠮᠣᠳᠣ ᠪᠣᠢᠵᠢᠭᠤᠯᠬᠤ 《ᠨᠤᠲᠤᠭ᠎ᠤᠨ ᠲᠤᠰᠭᠠᠢ ᠮᠡᠷᠭᠡᠵᠢᠯᠲᠡᠨ》 ᠪᠣᠯᠪᠠ᠃
《ᠮᠣᠳᠣ ᠲᠠᠷᠢᠬᠤ ᠳᠤ ᠨᠢᠭᠡ ᠵᠢᠯ ᠳ᠋ᠤ 4 ᠶᠠᠪᠤᠳᠠᠯ ᠢ ᠬᠢᠨ᠎ᠡ᠂ ᠬᠠᠪᠤᠷ ᠴᠢᠬᠢ ᠪᠣᠢᠵᠢᠭᠤᠯᠵᠤ᠂ ᠵᠤᠨ ᠮᠣᠳᠣ ᠲᠠᠷᠢᠵᠤ᠂ ᠨᠠᠮᠤᠷ ᠨᠥᠬᠥᠵᠦ᠍ ᠵᠠᠢᠯᠠᠨ᠂ ᠡᠪᠦᠯ ᠭᠠᠯ᠎ᠢ ᠰᠡᠷᠭᠡᠢᠯᠡᠨ᠎ᠡ》᠃ ᠯᠢ ᠱᠢᠤ ᠬᠤᠢ ᠬᠠᠮᠤᠭ᠎ᠤᠨ ᠪᠣᠷᠣᠭ᠍ᠵᠢᠭᠤᠨ ᠠᠪᠰᠠᠷᠬᠠᠨ ᠦᠭᠡ ᠬᠡᠯᠡ᠎ᠪᠡᠷ ᠤᠯᠠᠨ ᠵᠢᠯ᠎ᠤᠨ ᠲᠤᠷᠰᠢᠬᠢ ᠪᠠᠷᠢᠮᠲᠠᠯᠠᠯᠵᠢᠡᠨ ᠢᠩᠬᠢᠵᠤ ᠬᠤᠷᠢᠶᠠᠨᠭᠭᠤᠢᠯᠠᠪᠠ᠃ 15 ᠵᠢᠯ᠎ᠦᠨ ᠬᠤᠭᠤᠴᠠᠭᠠᠨ᠎ᠳᠤ᠂ ᠯᠢ ᠱᠢᠤ ᠬᠤᠢ ᠡᠯᠡᠰᠦ᠎ᠪᠡᠷ ᠬᠠᠨᠢ ᠪᠣᠯᠭᠠᠵᠤ᠂ ᠮᠣᠳᠣ᠎ᠪᠠᠷ ᠨᠠᠢᠵᠠ ᠪᠣᠯᠭᠠᠵᠤ᠂ ᠤᠷᠢᠳ ᠬᠣᠵᠢᠳ 1.6 ᠲᠦᠮᠡᠨ ᠮᠦ᠍ ᠮᠣᠳᠣ ᠲᠠᠷᠢᠵᠤ᠂ 96 ᠲᠦᠮᠡ ᠭᠠᠷᠤᠢ ᠰᠠᠭᠤᠷᠢ ᠮᠣᠳᠣ ᠵᠠᠢᠯᠠᠵᠤ᠂ ᠬᠠᠢᠯᠠᠷ ᠨᠠᠷᠠᠰᠤ᠂ ᠭᠠᠴᠤᠷ᠎ᠠ ᠵᠡᠷᠭᠡ 10 ᠭᠠᠷᠤᠢ ᠵᠦᠢᠯ᠎ᠦᠨ ᠴᠢᠬᠢ ᠮᠣᠳᠣ ᠪᠣᠷᠣᠯᠠᠭᠤᠯᠵᠤ ᠲᠡᠢᠯᠬᠦ ᠵᠠᠬ᠎ᠠ ᠳᠡᠯᠭᠡᠭᠦᠷ᠎ᠲᠡᠶ ᠪᠤᠯᠵᠤ᠂ ᠡᠷᠭᠢᠨ ᠲᠣᠭᠣᠷᠢᠨ᠎ᠤ ᠰᠤᠷᠭᠠᠭᠤᠯᠢ᠂ ᠬᠣᠲᠠ ᠪᠠᠯᠭᠠᠰᠤᠨ᠎ᠳᠤ ᠨᠣᠭᠣᠭᠠᠷᠠᠭᠤᠯᠤᠯᠲᠠ ᠪᠠ ᠬᠠᠲᠠᠭᠤᠷᠠᠭᠤᠯᠤᠯᠲᠠ᠎ᠶ᠋ᠢᠨ ᠦᠢᠯᠡᠴᠢᠯᠡᠭᠡ ᠬᠠᠩᠭᠠᠵᠤ᠂ 《ᠡᠯᠡᠰᠦᠨ᠎ᠳᠦ ᠠᠯᠲᠠ ᠤᠷᠭᠤᠭᠤᠯᠬᠤ》 ᠪᠣᠬᠢᠷᠲᠤᠯ ᠦᠭᠡᠢ ᠬᠥᠭ᠌ᠵᠢᠯᠲᠡ᠎ᠶ᠋ᠢᠨ ᠵᠠᠮ᠎ᠢ ᠨᠡᠭᠡᠭᠡᠭ᠌ᠰᠡᠨ ᠪᠠᠢᠨ᠎ᠠ᠃
ᠯᠢ ᠱᠢᠤ ᠬᠤᠢ᠂ ᠡᠯᠡᠰᠦᠷᠬᠡᠭ᠌ᠵᠢᠯ᠎ᠢ ᠰᠡᠷᠭᠡᠢᠯᠡᠨ ᠡᠯᠡᠰᠦ ᠵᠢ ᠵᠠᠰᠠᠬᠤ ᠨᠢ ᠠᠮᠢ ᠠᠬᠤᠢ᠎ᠶ᠋ᠢᠨ ᠢᠨᠵᠧᠨᠧᠷᠢᠩ ᠪᠣᠯᠬᠤ᠎ᠪᠠᠷ ᠪᠠᠷᠠᠬᠤ ᠦᠬᠡᠢ᠂ ᠨᠡᠩ ᠴᠤ᠌ ᠠᠷᠠᠳ᠎ᠢ ᠪᠠᠶᠠᠵᠢᠭᠤᠯᠬᠤ ᠠᠵᠤ ᠦᠢᠯᠡᠰ ᠪᠣᠯᠬᠤ᠎ᠶ᠋ᠢ ᠭᠦᠨᠵᠡᠭᠡᠢ ᠣᠢᠯᠠᠭᠠᠵᠤ ᠪᠠᠢᠯ᠎ᠠ᠃ ᠴᠢᠬᠢ ᠮᠣᠳᠣᠨ᠎ᠤ ᠬᠦᠷᠢᠶᠡᠯᠡᠩ᠎ᠦᠨ ᠰᠠᠭᠤᠷᠢᠨ᠎ᠤ᠋ ᠴᠢᠬᠢ ᠮᠣᠳᠣ ᠪᠣᠢᠵᠢᠭᠤᠯᠬᠤ ᠠᠵᠤ ᠦᠢᠯᠡᠰ ᠨᠢ ᠠᠮᠢ ᠠᠬᠤᠶ᠎ᠶ᠋ᠢᠨ ᠦᠷ᠎ᠡ ᠠᠱᠢᠭ ᠪᠠ ᠠᠵᠤ ᠠᠬᠤᠶ᠎ᠶ᠋ᠢᠨ ᠦᠷ᠎ᠡ ᠠᠱᠢᠭ ᠢ ᠡᠭᠦᠳᠦᠭ᠌ᠰᠡᠨ᠎ᠢᠶᠡᠷ ᠪᠠᠷᠠᠬᠤ ᠦᠭᠡᠶ ᠪᠠᠰᠠ ᠲᠤᠬᠠᠶ ᠶ᠋ᠢᠨ ᠭᠠᠵᠠᠷ᠎ᠤᠨ ᠲᠣᠰᠭᠣᠨ᠎ᠤ ᠠᠷᠠᠳ᠎ᠤᠨ ᠭᠡᠷ᠎ᠦᠨ ᠡᠭᠦᠳᠡᠨ᠎ᠳᠡᠬᠢ 《ᠠᠵᠢᠯ ᠣᠯᠭᠣᠬᠤ ᠥᠷᠲᠡᠭᠡ》 ᠪᠣᠯᠤᠭ᠍ᠰᠠᠨ ᠪᠠᠢᠨ᠎ᠠ᠃
ᠴᠢᠬᠢ ᠮᠣᠳᠣᠨ᠎ᠤ ᠬᠦᠷᠢᠶᠡᠯᠡᠩ᠎ᠦᠨ ᠰᠠᠭᠤᠷᠢᠨ᠎ᠳᠤ ᠂ ᠠᠷᠪᠠᠨ ᠬᠡᠳᠦᠨ ᠠᠵᠢᠯᠴᠢᠨ ᠶᠠᠭᠠᠷᠠᠯᠲᠠᠢ ᠪᠡᠷ ᠴᠢᠬᠢ ᠮᠤᠳᠤ ᠰᠠᠯᠭᠠᠵᠤ᠂ ᠮᠣᠳᠣᠨ᠎ᠤ ᠰᠢᠷᠣᠢ᠎ᠶᠢ ᠪᠣᠭᠣᠵᠤ᠂ ᠰᠠᠪᠠᠨ᠎ᠳᠦ ᠬᠢᠵᠤ᠂ ᠨᠦᠬᠡ ᠮᠠᠯᠲᠠᠨ ᠴᠢᠬᠢ ᠮᠣᠳᠣ᠌ ᠲᠠᠷᠢᠵᠦ ᠪᠠᠢᠯ᠎ᠠ᠃ ᠰᠠᠭᠤᠷᠢᠨ᠎ᠤ ᠡᠭᠦᠳᠡᠨ᠎ᠳᠦ ᠬᠦᠷᠪᠡᠯ᠂ ᠯᠢ ᠰᠢᠸ᠋ ᠬᠤᠢ ᠠᠵᠢᠯᠴᠢᠳ᠎ᠢ ᠵᠢᠯᠣᠭᠣᠳᠤᠨ ᠨᠢᠮᠪᠠᠢ ᠪᠣᠢᠵᠢᠭᠤᠯᠤᠭᠰᠠᠨ ᠬᠡᠳᠦᠨ ᠠᠷᠪᠠᠨ ᠨᠢᠯᠬ᠎ᠠ ᠮᠣᠳᠣ᠌᠎ᠶᠢ ᠮᠠᠰᠢᠨ ᠲᠡᠷᠭᠡᠨ᠎ᠳᠦ ᠠᠴᠢᠪᠠ᠃
《ᠬᠢᠬᠦ ᠠᠵᠢᠯ᠎ᠲᠠᠢ ᠪᠣᠯᠣᠮᠠᠭᠴᠠ ᠯᠢ ᠡᠭᠡᠴᠢ ᠪᠢᠳᠡᠨ᠎ᠢ ᠳᠠᠭᠤᠳᠠᠳᠠᠭ᠂ ᠪᠢᠳᠡ ᠴᠢᠬᠢ ᠮᠣᠳᠣᠨ᠎ᠤ ᠬᠦᠷᠢᠶᠡᠯᠡᠩ᠎ᠳᠦ ᠢᠷᠡᠵᠦ ᠠᠵᠢᠯᠯᠠᠪᠠᠯ ᠰᠠᠷ᠎ᠠ᠎ᠳᠤ ᠳᠥᠷᠪᠡᠨ ᠮᠢᠩᠭ᠎ᠠ ᠭᠠᠷᠤᠢ ᠲᠥᠭᠥᠷᠢᠭ᠎ᠦᠨ ᠴᠠᠯᠢᠩ᠎ᠲᠠᠢ᠂ ᠡᠨᠳᠡ ᠠᠵᠢᠯᠯᠠᠭᠠᠳ ᠶᠠᠳᠠᠷᠠᠭ᠎ᠠ ᠪᠠᠭᠠᠲᠠᠢ᠂ ᠪᠠᠰᠠ ᠦᠷ᠎ᠡ ᠬᠡᠦᠬᠡᠳ᠎ᠦᠨ᠎ᠢᠶᠡᠨ ᠳᠠᠷᠤᠭᠠᠰᠤ᠎ᠶᠢ ᠴᠦ᠍ ᠬᠥᠩᠭᠡᠯᠡᠴᠢᠬᠡᠳᠡᠭ᠂ ᠠᠮᠢᠳᠤᠷᠠᠯ ᠴᠦ᠍ ᠤᠯᠠᠮ᠎ᠢᠶᠡᠷ ᠰᠠᠢ᠍ᠢᠵᠢᠷᠠᠵᠤ ᠪᠠᠢᠨ᠎ᠠ》 ᠭᠡᠵᠦ ᠵᠢᠶᠠ ᠬᠤᠢ ᠴᠢᠬᠢ ᠮᠣᠳᠣᠨ᠎ᠤ ᠬᠦᠷᠢᠶᠡᠯᠡᠩ᠎ᠦᠨ ᠰᠠᠭᠤᠷᠢᠨ᠎ᠳᠤ ᠤᠳᠠᠭᠠᠨ ᠵᠢᠯ ᠬᠥᠯᠥᠰᠦᠨ ᠠᠵᠢᠯ ᠬᠢᠭᠰᠡᠨ ᠨᠢᠭᠡᠨ ᠲᠣᠰᠬᠣᠨ᠎ᠤ ᠠᠷᠠᠳ ᠪᠠᠶᠠᠷ ᠲᠠᠢ ᠶᠠᠷᠢᠵᠤ ᠪᠠᠢᠯ᠎ᠠ᠃
15 ᠵᠢᠯ᠎ᠦᠨ ᠲᠤᠷᠰᠢ᠂ ᠯᠢ ᠰᠢᠸ᠋ ᠬᠤᠢ᠎ᠶᠢᠨ ᠴᠢᠬᠢ ᠮᠣᠳᠣᠨ ᠤ ᠬᠦᠷᠢᠶᠡᠯᠡᠩ᠎ᠦᠨ ᠰᠠᠭᠤᠷᠢᠨᠨᠡᠢ᠍ᠢᠳᠡ 1200 ᠭᠠᠷᠤᠢ ᠠᠵᠢᠯ ᠤᠨ ᠪᠠᠢᠷᠢ ᠬᠠᠩᠭᠠᠵᠤ᠂ ᠲᠤᠬᠠᠢ᠎ᠶᠢᠨ ᠭᠠᠵᠠᠷ᠎ᠤᠨ ᠲᠣᠰᠬᠣᠨ᠎ᠤ ᠠᠷᠠᠳ᠎ᠲᠦ 《ᠬᠡᠷ᠎ᠤᠨ ᠡᠭᠦᠳᠡᠨ》 ᠳ᠋ᠡᠬᠡᠨ ᠠᠵᠢᠯ ᠣᠯᠬᠤ ᠲᠣᠬᠢᠶᠠᠯ ᠣᠯᠭᠣᠵᠠᠢ᠃ ᠥᠩᠭᠡᠷᠡᠭᠰᠡᠨ᠎ᠳᠦ ᠳᠤᠭᠤᠢ ᠲᠡᠷᠬᠡ᠎ᠪᠡᠷ ᠴᠢᠬᠢ ᠮᠣᠳᠣᠨ ᠤ ᠬᠦᠷᠢᠶᠡᠯᠡᠩ᠎ᠦᠨ ᠰᠠᠭᠤᠷᠢᠨ᠎ᠳᠦ ᠣᠴᠢᠵᠤ ᠬᠦᠴᠦ ᠶᠠᠪᠤᠭᠰᠠᠳ᠎ᠤᠨ ᠤᠯᠠᠨᠭᠬᠢ ᠨᠢ ᠣᠲᠣ᠌ ᠪᠤᠯᠬᠤ ᠳᠦ ᠨᠢᠭᠡᠨᠲᠡ ᠵᠢᠵᠢᠭ ᠰᠠᠭᠤᠳᠠᠯ᠎ᠤᠨ ᠮᠠᠰᠢᠨ ᠪᠠᠷᠢᠵᠤ᠂ ᠰᠢᠨ᠎ᠡ ᠠᠰᠠᠷ᠎ᠲᠤ ᠨᠡᠭᠦᠨ ᠣᠷᠣᠵᠤ᠂ ᠠᠮᠢᠳᠤᠷᠠᠯ ᠨᠢ ᠡᠳᠦᠷ ᠢᠷᠡᠬᠦᠶ᠎ᠡ ᠥᠭᠡᠳᠡᠯᠡᠨ ᠲᠡᠭᠵᠢᠷᠡᠵᠡᠢ᠃
ᠰᠢᠷᠭᠠᠯ ᠡᠯᠡᠰᠦ ᠵᠢ ᠨᠤᠭᠤᠭᠠᠨ ᠪᠦᠷᠢ᠎ᠳᠤ ᠪᠤᠯᠭᠠᠨ ᠬᠤᠪᠢᠷᠠᠭᠤᠯᠤᠬᠰᠠᠨ ᠬᠦᠷᠳᠡᠯ᠎ᠡ᠂ ᠯᠢ ᠰᠢᠸ᠋ ᠬᠤᠢ ᠠᠵᠢᠯᠴᠢ ᠬᠣᠶᠠᠷ ᠭᠠᠷ᠎ᠢᠶᠠᠷ᠎ᠢᠶᠠᠨ ᠦᠵᠡᠰᠬᠦᠯᠡᠩᠲᠦ ᠰᠠᠢᠬᠠᠨ ᠠᠮᠢ ᠠᠬᠤᠢ᠎ᠶᠢᠨ ᠵᠢᠷᠤᠭ᠎ᠢ ᠵᠢᠷᠤᠵᠤ᠂ ᠦᠷ᠎ᠡ ᠬᠣᠢᠴᠢᠰ᠎ᠲᠠᠭᠠᠨ ᠨᠣᠭᠣᠭᠠᠨ ᠬᠠᠯᠬᠠᠪᠴᠢ ᠵᠢ ᠪᠣᠰᠬᠠᠨ ᠦᠭᠴᠠᠢ᠃ ᠶᠠᠭ ᠯᠢ ᠰᠢᠸ᠋ ᠬᠤᠢ ᠮᠡᠲᠦ᠎ᠶᠢᠨ ᠦᠶ᠎ᠡ ᠦᠶ᠎ᠡ ᠶᠢᠨ ᠡᠯᠡᠰᠦ ᠵᠠᠰᠠᠭ᠍ᠴᠢᠳ ᠠᠷᠢᠭᠤᠨ ᠬᠥᠯᠥᠰᠦ᠎ᠪᠡᠨ ᠤᠷᠤᠰᠬᠠᠵᠤ᠂ ᠰᠠᠯᠬᠢ ᠰᠢᠭᠤᠷᠭ᠎ᠠ ᠲᠠᠢ ᠪᠠᠢᠯᠳᠤᠵᠤ᠂《ᠡᠯᠡᠰᠦ ᠤᠷᠤᠭᠰᠢᠯᠠᠨ ᠬᠥᠮᠥᠨ ᠤᠬᠤᠷᠢᠭᠰᠠᠨ》 ᠡᠴᠡ 《ᠨᠣᠭᠣᠭᠠᠷᠠᠭᠤᠯᠤᠯᠲᠠ ᠤᠷᠤᠭᠰᠢᠯᠠᠨ ᠡᠯᠡᠰᠦ ᠤᠬᠤᠷᠢᠭᠰᠠᠨ》 ᠲᠡᠦᠬᠡᠲᠦ ᠴᠢᠨᠠᠷᠲᠠᠢ ᠬᠤᠪᠢᠷᠠᠯᠲᠠ᠎ᠶᠢ ᠪᠡᠶᠡᠯᠡᠭᠦᠯᠵᠡᠢ᠃
ᠠᠷᠪᠠ ᠭᠠᠷᠤᠢ ᠵᠢᠯ᠎ᠦᠨ ᠲᠤᠷᠰᠢ᠂ ᠰᠠᠭᠠᠳ ᠪᠡᠷᠬᠡᠰᠢᠶᠡᠯ ᠶᠡᠷᠦ᠎ᠡᠴᠡ ᠯᠢ ᠰᠢᠸ᠋ ᠬᠤᠢ ᠵᠢᠨ ᠡᠯᠡᠰᠦᠷᠬᠡᠭᠵᠢᠯ᠎ᠢ ᠰᠡᠷᠭᠡᠢᠯᠡᠨ ᠡᠯᠡᠰᠦ᠎ᠶᠢ ᠵᠠᠰᠠᠬᠤ ᠲᠡᠮᠡᠴᠡᠯ᠎ᠦᠨ ᠵᠣᠷᠢᠭ᠋᠎ᠢ ᠮᠤᠬᠤᠭᠤᠵᠤ ᠴᠢᠳᠠᠭᠰᠠᠨ ᠦᠭᠡᠢ᠃ ᠢᠷᠡᠭᠡᠳᠦᠢ ᠶᠢᠨ ᠬᠥᠭᠵᠢᠯᠲᠡ᠎ᠶᠢᠨ ᠲᠥᠯᠥᠪᠯᠡᠭᠡ᠎ᠶᠢᠨ ᠲᠤᠬᠠᠢ ᠶᠠᠷᠢᠬᠤ᠎ᠳᠠᠭᠠᠨ᠂ ᠡᠨᠡ ᠵᠢᠯ 62 ᠨᠠᠰᠤᠲᠠᠢ ᠯᠢ ᠰᠢᠸ᠋ ᠬᠣᠶ᠂ 《ᠭᠠᠷ ᠬᠦᠯ ᠮᠢᠨᠢ ᠬᠦᠳᠡᠯᠵᠤ ᠳᠡᠢᠯᠳᠡᠭ ᠯᠡ ᠶᠤᠮ ᠪᠣᠯ ᠦᠷᠭᠦᠯᠵᠢᠯᠡᠨ ᠠᠵᠢᠯᠯᠠᠵᠤ᠂ ᠬᠣᠵᠢᠮ᠎ᠤᠨ ᠬᠥᠮᠥᠰ᠎ᠲᠦ ᠢᠯᠡᠭᠦᠬᠡᠨ ᠨᠤᠮᠢᠨ ᠨᠣᠭᠣᠭᠠᠨ ᠢ ᠦᠯᠡᠳᠡᠭᠡᠵᠦ ᠥᠭᠬᠦᠨ᠎ᠡ!》ᠭᠡᠪᠡ᠃ ᠯᠢ ᠰᠢᠸ᠋ ᠬᠤᠢ ᠨᠡᠢᠯᠡᠮᠡᠯ ᠬᠡᠯᠪᠡᠷᠢ᠎ᠶᠢᠨ ᠴᠢᠬᠢ ᠮᠣᠳᠣᠨ᠎ᠤ ᠬᠦᠷᠢᠶᠡᠯᠡᠩ᠎ᠦᠨ ᠡᠵᠡᠩᠨᠡᠯᠲᠡ᠎ᠶᠢᠨ ᠰᠢᠨ᠎ᠡ ᠵᠠᠭᠪᠤᠷ᠎ᠢ ᠰᠦᠪᠡᠭᠴᠢᠯᠡᠵᠦ᠂ ᠴᠢᠬᠢ ᠮᠣᠳᠣ᠌᠂ ᠴᠡᠴᠡᠭ ᠡᠪᠡᠰᠦ ᠵᠢᠴᠢ ᠬᠢᠲᠠᠳ ᠮᠣᠩᠭᠣᠯ ᠡᠮ᠎ᠦᠨ ᠮᠠᠲᠧᠷᠢᠶᠠᠯ ᠳᠠᠷᠢᠬᠤ᠎ᠶᠢ ᠨᠢᠭᠡ ᠴᠣᠭᠴᠠᠵᠢᠭᠤᠯᠤᠭᠰᠠᠨ ᠴᠢᠬᠢ ᠮᠣᠳᠣᠨ᠎ᠤ ᠬᠦᠷᠢᠶᠡᠯᠡᠩ᠎ᠦᠨ ᠶᠡᠷᠦᠩᠬᠡᠢᠯᠡᠭᠰᠡᠨ ᠴᠣᠭᠴᠠ᠎ᠶᠢ ᠪᠠᠢᠭᠤᠯᠵᠤ᠂ ᠴᠢᠬᠢ ᠮᠣᠳᠣᠨ᠎ᠤ ᠡᠭᠦᠯᠳᠡᠷ ᠢ ᠲᠠᠰᠤᠷᠠᠯᠲᠠ ᠦᠭᠡᠢ ᠪᠠᠶᠠᠯᠢᠭ᠍ᠵᠢᠭᠤᠯᠵᠤ᠂ ᠬᠣᠷᠴᠢᠨ᠎ᠤ ᠡᠯᠡᠰᠦᠷᠬᠡᠭ ᠭᠠᠵᠠᠷ᠎ᠤᠨ ᠰᠥᠨᠥᠭᠡᠯᠲᠡ ᠵᠢᠨ ᠳᠠᠢᠯᠠᠯᠳᠤᠭᠠᠨ᠎ᠢ ᠰᠠᠢᠲᠤᠷ ᠬᠢᠬᠦ᠎ᠳᠦ ᠨᠠᠢᠳᠠᠪᠤᠷᠢᠲᠠᠢ ᠴᠢᠬᠢ ᠮᠣᠳᠣᠨ᠎ᠤ ᠪᠠᠲᠤᠯᠠᠭ᠎ᠠ ᠬᠠᠩᠭᠠᠬᠤ ᠪᠡᠷ ᠲᠥᠯᠥᠪᠯᠡᠵᠦ ᠪᠣᠶ᠃