ᠬᠢᠶ᠎ᠠ ᠪᠠᠭ᠍ᠰᠢ ᠲᠣᠭᠣᠷᠢᠭ ᠳᠤᠤᠷ᠎ᠠ ᠥᠷᠲᠡᠭ᠌ᠲᠦ ᠠᠵᠢᠯ ᠣᠯᠭᠣᠯᠲᠠ ᠶ᠋ᠢᠨ ᠲᠠᠪᠴᠠᠩ ᠵᠢᠡᠷ ᠰᠠᠭᠤᠭᠠᠯᠢ ᠠᠷᠠᠳ ᠤ᠋ᠨ ᠣᠷᠣᠯᠭ᠎ᠠ ᠶ᠋ᠢᠨ ᠨᠡᠮᠡᠭ᠌ᠳᠡᠯ ᠢ᠋ ᠠᠬᠢᠭᠤᠯᠤᠨ᠎ᠠ
2025-10-09 09:40:26
ᠵᠣᠬᠢᠶᠠᠭ᠍ᠴᠢ᠄
ᠬᠤᠤ ᠱᠢᠤᠸᠠᠢ ᠯᠢᠶᠠᠨ
ᠣᠩᠱᠢᠭ᠍ᠰᠠᠨ ᠣᠳᠠᠭ᠎ᠠ᠄
★★★☆☆

ᠠᠯᠲᠠᠨ ᠨᠠᠮᠤᠷ ᠤ᠋ᠨ ᠣᠷᠳᠣᠰ ᠤ᠋ᠨ ᠲᠩᠷᠢ ᠨᠢ ᠴᠡᠯᠮᠡᠭ ᠠᠭᠠᠷ ᠨᠢ ᠲᠤᠩᠭᠠᠯᠠᠭ᠃ ᠬᠢᠶ᠎ᠠ ᠪᠠᠭ᠍ᠰᠢ ᠲᠣᠭᠣᠷᠢᠭ ᠤ᠋ᠨ ᠬᠢᠶ᠎ᠠ ᠪᠠᠭ᠍ᠰᠢ ᠵᠡᠭᠡᠯᠢ ᠭᠤᠲᠤᠮᠵᠢ ᠶ᠋ᠢᠨ《ᠯᠢ ᡁᠢ ᠬᠤᠸᠠ ᠺᠠᠢ》 ᠠᠵᠢᠯ ᠤᠯᠭᠤᠵᠤ ᠦᠢᠯᠡᠰ ᠪᠤᠰᠬᠠᠬᠤ ᠦᠶ᠋ᠯᠡᠳᠭᠡᠯ ᠤ᠋ᠨ ᠭᠠᠵᠠᠷ ᠲᠦ᠍ ᠣᠶᠣᠳᠠᠯ ᠤ᠋ᠨ ᠮᠠᠱᠢᠨ ᠤ᠋ ᠳᠠᠷᠴᠢᠬᠢᠨᠠᠬᠤ ᠳᠠᠭᠤᠨ ᠰᠠᠭᠤᠭᠠᠯᠢ ᠠᠷᠠᠳ ᠤ᠋ᠨ ᠬᠦᠭᠡᠷᠦᠯᠳᠦᠨ ᠢᠨᠢᠶᠡᠯᠳᠦᠬᠦ᠌ ᠲᠠᠭᠤᠨ ᠲᠠᠶ ᠠᠶᠠᠯᠭᠤ ᠨᠡᠢᠯᠡᠵᠤ ᠬᠤᠯᠠ ᠡᠴᠡ ᠰᠤᠨᠤᠰᠳᠠᠨ᠎ᠠ᠃

ᠡᠨᠡ ᠬᠦ᠌ ᠦᠢᠯᠡᠳᠭᠡᠯ ᠤ᠋ᠨ ᠭᠠᠵᠠᠷ ᠲᠡᠬᠢ 6 ᠵᠡᠮᠳᠡᠭ ᠬᠥᠮᠦᠨ ᠵᠢᠴᠢ ᠭᠡᠷ ᠪᠦᠯᠢ ᠶ᠋ᠢᠨ ᠬᠢᠨ᠂ 6 ᠨᠡᠭᠦᠯᠭᠡᠵᠦ ᠠᠪᠴᠢᠷᠠᠭᠰᠠᠨ ᠮᠠᠯᠴᠢᠨ ᠲᠠᠷᠢᠶᠠᠴᠢᠨ ᠶ᠋ᠢᠡᠷ ᠪᠦᠷᠢᠯᠳᠦᠭ᠌ᠰᠡᠨ 《ᠯᠢ ᡁᠢ ᠬᠤᠸᠠ ᠺᠠᠢ》 ᠣᠶᠣᠳᠠᠯ ᠤ᠋ᠨ ᠠᠩᠭᠢ ᠵᠢᠨ ᠬᠢᠨ ᠬᠢᠶ᠎ᠠ ᠪᠠᠭ᠍ᠰᠢ ᠲᠣᠭᠣᠷᠢᠭ᠂ ᠳ᠋ᠦᠩᠱᠧᠩ ᠲᠣᠭᠣᠷᠢᠭ ᠪᠣᠯᠤᠨ ᠡᠵᠡᠨ ᠬᠣᠷᠣᠭ᠎ᠠ ᠬᠣᠱᠢᠭᠤ ᠶ᠋ᠢᠨ ᠤᠯᠤᠰ ᠤ᠋ᠨ ᠪᠠᠶᠠᠷ ᠎ᠢ ᠪᠡᠯᠭᠡᠯᠡᠬᠦ 《ᠨᠠᠮ ᠤ᠋ᠨ ᠪᠠᠢᠭᠤᠯᠤᠯᠲᠠ ᠪᠠᠷ ᠵᠢᠯᠣᠭᠣᠳᠤᠮᠵᠢ ᠪᠣᠯᠭᠠᠵᠤ ᠠᠵᠢᠯ ᠤᠯᠭᠤᠯᠳᠠ ᠪᠡᠷ ᠲᠡᠳᠬᠦᠮᠵᠢ ᠵᠢ ᠣᠷᠣᠯᠠᠭᠤᠯᠬᠤ — ᠪᠢ ᠤᠯᠤᠰ ᠤ᠋ᠨ ᠪᠠᠶᠠᠷ ᠲᠦ᠍ ᠤᠯᠤᠰ ᠤ᠋ᠨ ᠲᠤᠭ〈ᠤᠶᠤᠵᠤ ᠦᠭᠭᠦᠨ᠎ᠡ〉》 ᠲᠦᠷᠦᠯ ᠵᠦᠢᠯ᠂ ᠳᠠᠷᠤᠢ ᠨᠢᠭᠡᠳᠦᠯᠲᠡᠢ ᠬᠤᠳᠠᠯᠳᠤᠨ ᠠᠪᠤᠭ᠍ᠰᠠᠨ ᠤᠯᠤᠰ ᠤ᠋ᠨ ᠲᠤᠭ ᠳᠡᠭᠡᠷ᠎ᠡ ᠲᠤᠬᠤᠭᠠᠰᠤ ᠣᠶᠣᠬᠤ᠎ᠠᠵᠢᠯ ᠢ᠋ ᠬᠦᠯᠢᠶᠡᠨ ᠠᠪᠴᠤ ᠠᠵᠢᠯᠯᠠᠵᠠᠭᠠᠨ᠎ᠠ᠃ ᠲᠡᠳᠡ ᠣᠳᠣᠬᠠᠨ ᠳ᠋ᠤ ᠬᠢᠶ᠎ᠠ ᠪᠠᠭ᠍ᠰᠢ ᠲᠣᠭᠣᠷᠢᠭ ᠤ᠋ᠨ 1.1 ᠲᠦᠮᠡᠨ ᠬᠤᠪᠢ ᠤᠯᠤᠰ ᠤ᠋ᠨ ᠲᠣᠭ ᠤ᠋ᠨ ᠲᠤᠬᠤᠭᠠᠰᠤ ᠣᠶᠣᠬᠤ ᠡᠭᠦᠷᠭᠡ ᠵᠢ ᠨᠢᠭᠡᠨᠲᠡ ᠪᠡᠶᠡᠯᠡᠭᠦᠯᠵᠦ᠍᠂ ᠳ᠋ᠦᠩᠱᠧᠩ ᠲᠣᠭᠣᠷᠢᠭ ᠪᠤᠯᠤᠨ ᠡᠵᠡᠨ ᠬᠣᠷᠣᠭ᠎ᠠ ᠬᠣᠱᠢᠭᠤᠨ ᠤ᠋ ᠡᠭᠦᠷᠭᠡ ᠵᠢ ᠶᠠᠭ ᠱᠠᠯᠠᠪᠳᠠᠨ ᠭᠦᠶ᠋ᠴᠡᠳᠭᠡᠵᠦ᠍ ᠪᠠᠢᠨ᠎ᠠ᠃

《7 ᠰᠠᠷ᠎ᠠ ᠳ᠋ᠤ ᠨᠢᠭᠡᠳᠦᠭᠡᠷ ᠪᠦᠯᠦᠭ ᠤ᠋ᠨ ᠡᠭᠦᠷᠭᠡ ᠵᠢ ᠳᠤᠰᠤᠭ᠍ᠰᠠᠨ ᠤ᠋ ᠳᠠᠷᠠᠭ᠎ᠠ ᠪᠢ ᠭᠡᠷ ᠡᠴᠡ ᠪᠡᠨ ᠣᠶᠣᠳᠠᠯ ᠤ᠋ᠨ ᠮᠠᠱᠢᠨ ᠶ᠋ᠢᠡᠨ ᠠᠪᠴᠤ ᠣᠶᠣᠳᠠᠯ ᠤ᠋ᠨ ᠠᠩᠭᠢ ᠳ᠋ᠤ ᠢᠷᠡᠵᠡᠢ᠃ ᠡᠨᠳᠡᠬᠢ ᠵᠢᠨ ᠣᠯᠠᠩᠬᠢ ᠨᠢ ᠨᠠᠳᠠ ᠲᠠᠶ ᠨᠠᠰᠤ ᠰᠠᠴᠠᠭᠤ ᠵᠡᠷᠭᠡᠯᠡᠳᠡᠭᠡ ᠠᠢᠯ ᠤ᠋ᠨ ᠬᠢᠨ ᠪᠠᠢᠵᠤ᠂ ᠪᠢᠳᠡ ᠠᠵᠢᠯᠯᠠᠬᠤ ᠶ᠋ᠢᠨ ᠳᠠᠭᠠᠤ ᠵᠣᠭᠣᠭ᠍ᠳᠠᠵᠤ᠂ ᠨᠡᠢᠭᠡᠮ ᠲᠠᠢ ᠣᠢᠷᠠᠳᠭᠤ ᠶ᠋ᠢᠨ ᠳᠠᠭᠠᠤ ᠪᠠᠰᠠ ᠵᠢᠭᠠᠬᠠᠨ ᠰᠤᠯᠠ ᠵᠠᠷᠤᠬᠤ ᠵᠣᠭᠣᠰ ᠤᠯᠴᠢᠬᠠᠨ᠎ᠠ᠂ ᠮᠠᠰᠢ ᠪᠠᠶᠠᠷ ᠲᠠᠢ ᠪᠠᠢᠨ᠎ᠠ》 ᠭᠡᠵᠦ ᠲᠠᠷᠬᠠᠨ ᠨᠡᠢᠭᠡᠮ ᠲᠣᠭᠣᠷᠢᠭ ᠤ᠋ᠨ 64 ᠨᠠᠰᠤᠲᠠᠢ ᠵᠡᠮᠳᠡᠭ ᠬᠦᠮᠦᠨ ᠵᠠᠩ ᠮᠧᠢ ᠯᠢᠩ ᠬᠡᠯᠡᠵᠦ ᠪᠠᠢᠯ᠎ᠠ᠃ ᠲᠡᠷᠡ ᠪᠡᠷ ᠬᠤᠷᠢᠮᠯᠠᠬᠤ ᠦᠶ᠎ᠡ ᠶ᠋ᠢᠨ ᠢᠵᠢ ᠪᠡᠯᠡᠭ — ᠮᠦᠳᠠᠨ ᠲᠡᠮᠳᠡᠭ᠌ᠲᠦ ᠣᠶᠣᠳᠠᠯ ᠤ᠋ᠨ ᠮᠠᠱᠢᠨ ᠶ᠋ᠢᠡᠨ ᠠᠪᠴᠤ᠌ ᠣᠶᠣᠳᠠᠯ ᠤ᠋ᠨ ᠠᠩᠬᠢ ᠶ᠋ᠢᠨ ᠨᠢᠭᠡ ᠭᠡᠰᠢᠭᠦᠨ ᠪᠤᠯᠵᠤ᠂ ᠬᠡᠭᠦᠳᠡᠭ ᠳᠦᠭᠦᠷᠡᠩ ᠬᠠᠯᠠᠭᠤᠨ ᠰᠡᠳᠭᠢᠯᠭᠡ ᠪᠠᠨ ᠣᠶᠣᠳᠠᠯ ᠳ᠋ᠦ ᠠᠭᠤᠰᠬᠠᠨ ᠠᠵᠢᠯᠯᠠᠨ᠎ᠠ᠃

ᠬᠢᠶ᠎ᠠ ᠪᠠᠭ᠍ᠰᠢ ᠲᠣᠭᠣᠷᠢᠭ 2023 ᠣᠨ ᠳ᠋ᠤ 《ᠨᠠᠮ ᠤ᠋ᠨ ᠪᠠᠢᠭᠤᠯᠤᠯᠲᠠ ᠪᠠᠷ ᠬᠥᠲᠥᠯᠥᠨ ᠳᠠᠭᠠᠭᠤᠯᠵᠤ ᠠᠵᠢᠯ ᠣᠯᠭᠣᠯᠳᠠ ᠪᠠᠷ ᠲᠡᠳᠬᠦᠮᠵᠢ ᠵᠢ ᠣᠷᠣᠯᠠᠭᠤᠯᠬᠤ》 ᠲᠥᠷᠥ ᠶ᠋ᠢᠨ ᠪᠣᠳᠣᠯᠭ᠎ᠠ ᠵᠢ ᠬᠡᠷᠡᠭ᠌ᠵᠢᠭᠦᠯᠦᠭ᠌ᠰᠡᠨ ᠡᠴᠡ ᠨᠠᠭᠠᠰᠢ᠂ ᠬᠢᠶ᠎ᠠ ᠪᠠᠭ᠍ᠰᠢ ᠵᠡᠭᠡᠯᠢ ᠭᠤᠳᠤᠮᠵᠢ ᠶ᠋ᠢᠨ ᠬᠢᠨ ᠡᠢᠮᠦᠷᠬᠦᠦ 55 ᠲᠥᠷᠥᠯ ᠵᠦᠶ᠋ᠯ ᠢ᠋ ᠭᠥᠯᠢᠶᠡᠨ ᠠᠪᠴᠤ᠌᠂ ᠨᠢᠭᠡᠨᠲᠡ 28 ᠵᠢ ᠪᠡᠶᠡᠯᠡᠭᠦᠯᠵᠦ᠍᠂ ᠭᠡᠷ᠎ᠡ ᠶ᠋ᠢᠨ ᠪᠥᠬᠥ᠌ ᠵᠣᠭᠣᠰ ᠤ᠋ᠨ ᠲᠣᠭ᠎ᠠ ᠨᠢ 1660 ᠲᠦᠮᠡᠨ ᠲᠥᠭᠥᠷᠢᠭ᠎ᠲᠦ ᠬᠦᠷᠴᠦ᠍᠂ ᠨᠡᠢᠲᠡ 660 ᠭᠠᠷᠤᠶ ᠮᠠᠯᠴᠢᠨ ᠲᠠᠷᠢᠶᠠᠴᠢᠨ ᠢ᠋ ᠳᠠᠢᠴᠢᠯᠠᠨ ᠠᠵᠢᠯ ᠣᠯᠭᠣᠵᠤ᠂ ᠬᠥᠮᠦᠨ ᠳᠤᠮᠳᠠᠴᠢ ᠶ᠋ᠢᠨ ᠰᠠᠷ᠎ᠠ ᠶ᠋ᠢᠨ ᠣᠷᠣᠯᠭ᠎ᠠ ᠨᠢ 5000 ᠲᠥᠭᠥᠷᠢᠭ ᠢ᠋ ᠳᠠᠪᠠᠵᠠᠶ᠃

ᠲᠣᠰ ᠲᠥᠷᠥ ᠶ᠋ᠢᠨ ᠪᠣᠳᠣᠯᠭ᠎ᠠ ᠵᠢ ᠬᠡᠷᠡᠭ᠌ᠵᠢᠭᠦᠯᠦᠭ᠌ᠰᠡᠨ ᠨᠢ ᠬᠢᠶ᠎ᠠ ᠪᠠᠭ᠍ᠰᠢ ᠵᠡᠭᠡᠯᠢ ᠭᠤᠳᠤᠮᠵᠢ ᠶ᠋ᠢᠨ ᠬᠠᠷᠢᠶ᠎ᠠ ᠲᠣᠭᠣᠷᠢᠭ ᠤ᠋ᠨ ᠰᠠᠭᠤᠭᠠᠯᠢ ᠠᠷᠠᠳ ᠤ᠋ᠨ ᠠᠵᠢᠯ ᠣᠯᠵᠤ ᠦᠶ᠋ᠯᠡᠰ ᠪᠤᠰᠬᠠᠬᠤ ᠬᠠᠯᠠᠭᠤᠨ ᠰᠡᠳᠭᠢᠯᠭᠡ ᠵᠢ ᠬᠥᠭ᠌ᠵᠢᠭᠡᠪᠡ᠃ ᠰᠠᠭᠤᠭᠠᠯᠢ ᠠᠷᠠᠳ ᠤ᠋ᠨ ᠬᠦᠰᠡᠯ ᠱᠠᠭᠠᠷᠳᠠᠯᠭ᠎ᠠ ᠵᠢ ᠴᠠᠭ ᠲᠤᠬᠠᠶ ᠳ᠋ᠤᠨᠢ ᠴᠤᠤᠷᠢᠶᠠᠲᠤᠨ ᠳᠠᠭᠠᠬᠤ ᠶ᠋ᠢᠨ ᠲᠥᠯᠥᠭᠡ᠂ ᠲᠣᠰ ᠵᠡᠭᠡᠯᠢ ᠭᠤᠳᠤᠮᠵᠢ ᠵᠢᠨ ᠬᠢᠨ 2025 ᠣᠨ ᠡᠴᠡ ᠡᠬᠢᠯᠡᠨ 《ᠨᠠᠮ ᠤ᠋ᠨ ᠪᠠᠢᠭᠤᠯᠤᠯᠲᠠ ᠪᠠᠷ ᠬᠥᠲᠥᠯᠦᠨ ᠳᠠᠭᠠᠭᠤᠯᠵᠤ ᠠᠵᠢᠯ ᠤᠯᠭᠤᠯᠳᠠ ᠪᠠᠷ ᠲᠡᠳᠬᠦᠮᠵᠢ ᠵᠢ ᠣᠷᠣᠯᠠᠭᠤᠯᠬᠤ》 ᠲᠥᠷᠥ ᠶ᠋ᠢᠨ ᠪᠣᠳᠣᠯᠭ᠎ᠠ ᠶ᠋ᠢᠨ ᠰᠠᠭᠤᠷᠢᠨ ᠳᠡᠭᠡᠷ᠎ᠡ᠂ ᠠᠵᠢᠯ ᠣᠯᠭᠣᠯᠲᠠ ᠵᠢ ᠠᠬᠢᠭᠤᠯᠬᠤ ᠲᠠᠪᠤᠨ ᠲᠠᠯ᠎ᠠ ᠶ᠋ᠢᠨ ᠠᠷᠭ᠎ᠠ ᠬᠡᠮᠵᠢᠶ᠎ᠡ ᠵᠢ ᠨᠥᠬᠥᠪᠥᠷᠢᠯᠡᠨ ᠬᠡᠷᠡᠭ᠌ᠵᠢᠭᠦᠯᠪᠠ᠃ ᠲᠡᠷᠡ ᠨᠢ ᠲᠤᠰ ᠲᠤᠰ ᠬᠢᠶ᠎ᠠ ᠪᠠᠭ᠍ᠰᠢ ᠵᠢᠨ 《ᠯᠢ ᡁᠢ ᠬᠤᠸᠠ ᠺᠠᠢ》 ᠠᠵᠢᠯ ᠤᠯᠭᠤᠵᠤ ᠦᠢᠯᠡᠰ ᠪᠤᠰᠬᠠᠬᠤ ᠦᠶ᠋ᠯᠡᠳᠭᠡᠯ ᠤ᠋ᠨ ᠭᠠᠵᠠᠷ᠂ ᠵᠡᠮᠳᠡᠭ᠌ᠴᠦᠳ ᠢ᠋ ᠲᠤᠰᠠᠯᠠᠬᠤ ᠴᠢᠨᠠᠷᠲᠠᠶ ᠠᠵᠢᠯ ᠣᠯᠭᠣᠯᠲᠠ ᠶ᠋ᠢᠨ ᠰᠠᠭᠤᠷᠢᠨ᠂ 《ᠬᠠᠮᠲᠤ᠎ᠪᠠᠷ ᠪᠡᠶᠠᠵᠢᠬᠦ ᠦᠢᠯᠡᠳᠬᠡᠯ ᠤ᠋ᠨ ᠭᠠᠵᠠᠷ ᠤ᠋ᠨ ᠪᠦᠯᠬᠦᠮ》᠂ ᠠᠷᠠᠳ ᠲᠦ᠍ ᠠᠱᠢᠭ ᠬᠦᠷᠲᠡᠭᠡᠬᠦ᠌ ᠦᠶ᠋ᠯᠡᠳᠭᠡᠯ ᠤ᠋ᠨ ᠭᠠᠵᠠᠷ ᠪᠠ ᠠᠵᠢᠯ ᠣᠯᠭᠣᠯᠲᠠ ᠶ᠋ᠢᠨ ᠦᠶ᠋ᠯᠡᠴᠢᠯᠡᠭᠡᠨ ᠤ᠋ ᠦᠷᠲᠡᠭᠡ ᠵᠡᠷᠭᠡ ᠪᠠᠢᠵᠤ᠂ ᠣᠯᠠᠨ ᠡᠱᠢᠲᠦ ᠤᠷᠮᠠᠱᠢᠭᠤᠯᠤᠨ ᠵᠣᠷᠢᠭ᠍ᠵᠢᠭᠤᠯᠬᠤ ᠠᠵᠢᠯ ᠤᠯᠭᠤᠵᠤ ᠦᠶ᠋ᠯᠡᠰ ᠪᠤᠰᠬᠠᠬᠤ ᠠᠷᠭ᠎ᠠ ᠬᠡᠮᠵᠢᠶ᠎ᠡ ᠨᠢ ᠰᠠᠭᠤᠭᠠᠯᠢ ᠠᠷᠠᠳ ᠤ᠋ᠨ ᠤᠷᠤᠯᠭ᠎ᠠ ᠵᠢᠨ ᠨᠡᠮᠡᠭᠳᠡᠯ ᠢ᠋ ᠪᠦᠲᠦᠮᠵᠢᠲᠠᠢ ᠳᠠᠢᠴᠢᠯᠠᠪᠠ᠃

《ᠯᠢ ᡁᠢ ᠬᠤᠸᠠ ᠺᠠᠢ》 ᠠᠵᠢᠯ ᠤᠯᠭᠤᠵᠤ ᠦᠢᠯᠡᠰ ᠪᠤᠰᠬᠠᠬᠤ ᠦᠶ᠋ᠯᠡᠳᠭᠡᠯ ᠤ᠋ᠨ ᠭᠠᠵᠠᠷ ᠡᠨᠡ ᠵᠢᠯ ᠤ᠋ᠨ 5 ᠰᠠᠷ᠎ᠠ ᠳ᠋ᠤ ᠪᠠᠢᠭᠤᠯᠤᠭ᠍ᠳᠠᠨ᠂ 《ᠯᠢ ᡁᠢ》 ᠭᠡᠳᠡᠭ ᠨᠢ ᠬᠢᠲᠠᠳ ᠦᠭᠡᠨ ᠤ᠋ 《ᠤᠷᠮᠠᠱᠢᠭᠤᠯᠤᠨ ᠵᠣᠷᠢᠭ᠍ᠵᠢᠭᠤᠯᠬᠤ》 ᠭᠡᠰᠡᠨ ᠦᠭᠡ ᠲᠠᠢ ᠳᠠᠭᠤᠳᠠᠯᠭ᠎ᠠ ᠨᠢᠭᠡᠲᠡᠢ ᠪᠠᠢᠵᠤ᠂ ᠭᠣᠣᠯᠳᠠᠭᠤ ᠵᠡᠮᠳᠡᠭ᠌ᠴᠦᠳ ᠵᠢᠴᠢ ᠨᠡᠭᠦᠯᠭᠡᠵᠦ ᠠᠪᠴᠢᠷᠠᠭᠰᠠᠨ ᠮᠠᠯᠴᠢᠨ ᠲᠠᠷᠢᠶᠠᠴᠢᠨ ᠳ᠋ᠦ ᠦᠢᠯᠡᠴᠢᠯᠡᠵᠦ᠍᠂ ᠲᠡᠳᠡᠨ ᠤ᠋ ᠠᠵᠢᠯ ᠣᠯᠵᠤ ᠦᠢᠯᠡᠰ ᠪᠤᠰᠭᠠᠬᠤ ᠬᠦᠰᠡᠯ ᠵᠡᠭᠦᠳᠦ᠍ ᠪᠡᠨ ᠲᠡᠷᠭᠡᠯᠱᠢᠭᠦᠯᠬᠦ᠌ ᠳ᠋ᠦ ᠬᠦᠴᠦᠨ ᠨᠡᠮᠡᠷᠢᠯᠡᠵᠦ ᠪᠠᠢᠨ᠎ᠠ᠃ ᠦᠢᠯᠡᠳᠭᠡᠯ ᠤ᠋ᠨ ᠭᠠᠵᠠᠷ ᠨᠢ 《ᠯᠢ ᡁᠢ ᠬᠤᠸᠠ ᠺᠠᠢ》 ᠤᠶᠤᠳᠠᠯ ᠤ᠋ᠨ ᠭᠠᠵᠠᠷ ᠪᠠ 《ᠬᠦᠷᠰᠢ ᠵᠡᠷᠭᠡᠯᠡᠳᠡᠭᠡ ᠵᠢᠨ ᠭᠠᠷ ᠤᠷᠠᠯᠠᠯ》 ᠪᠤᠷᠤᠯᠠᠭᠤᠯᠬᠤ ᠲᠤᠭᠤᠷᠢᠭ ᠵᠡᠷᠭᠡ 2 ᠶᠡᠬᠡ ᠴᠢᠳᠠᠮᠵᠢᠲᠦ ᠲᠤᠭᠤᠷᠢᠭ ᠭᠠᠷᠭᠠᠵᠤ᠂ 《ᠤᠷ᠎ᠠ ᠮᠡᠷᠭᠡᠵᠢᠯ ᠤ᠋ᠨ ᠦᠶ᠋ᠯᠡᠳᠦᠯᠭᠡ + ᠪᠦᠲᠦᠭᠡᠭᠳᠡᠭᠦᠨ ᠤ᠋ ᠪᠣᠷᠣᠯᠠᠭᠤᠯᠭ᠎ᠠ》 ᠶ᠋ᠢᠨ ᠪᠢᠲᠡᠭᠦᠤ ᠬᠡᠯᠬᠢᠶᠡᠳᠤ ᠳᠡᠮᠵᠢᠯᠭᠡ ᠶ᠋ᠢᠨ ᠵᠠᠭ᠍ᠪᠤᠷ ᠢ᠋ ᠪᠦᠷᠢᠯᠳᠦᠭᠦᠯᠪᠡ᠃

《ᠯᠢ ᡁᠢ ᠬᠤᠸᠠ ᠺᠠᠢ》 ᠠᠵᠢᠯ ᠤᠯᠭᠤᠵᠤ ᠦᠢᠯᠡᠰ ᠪᠤᠰᠬᠠᠬᠤ ᠦᠶ᠋ᠯᠡᠳᠭᠡᠯ ᠤ᠋ᠨ ᠭᠠᠵᠠᠷ ᠤ᠋ᠨ ᠨᠢᠭᠡ ᠦᠨᠴᠦᠭ ᠲᠦ᠍ ᠬᠢᠶ᠎ᠠ ᠪᠠᠭ᠍ᠰᠢ 《ᠬᠦᠷᠰᠢ ᠵᠡᠷᠭᠡᠯᠡᠳᠡᠭᠡ ᠵᠢᠨ ᠭᠠᠷ ᠤᠷᠠᠯᠠᠯ》 ᠬᠠᠩᠭᠠᠨ ᠪᠣᠷᠣᠯᠠᠭᠤᠯᠬᠤ ᠬᠣᠷᠱᠢᠶ᠎ᠠ ᠶ᠋ᠢᠨ ᠠᠵᠢᠯ ᠤᠯᠭᠤᠵᠤ ᠦᠶ᠋ᠯᠡᠰ ᠪᠤᠰᠬᠠᠬᠤ ᠦᠶ᠋ᠯᠡᠳᠭᠡᠯ ᠤ᠋ᠨ ᠭᠠᠵᠠᠷ ᠤ᠋ᠨ ᠪᠣᠷᠣᠯᠠᠭᠤᠯᠭ᠎ᠠ ᠶ᠋ᠢᠨ ᠴᠡᠭ ᠢ᠋ ᠲᠤᠬᠢᠷᠠᠭᠤᠯᠵᠤ᠂ ᠬᠠᠷᠢᠶ᠎ᠠ ᠣᠷᠣᠨ ᠤ᠋ ᠪᠠᠨ ᠵᠡᠮᠳᠡᠭ᠌ᠴᠦᠳ᠂ ᠵᠡᠮᠳᠡᠭ᠌ᠴᠦᠳ ᠤ᠋ᠨ ᠬᠡᠷ ᠪᠦᠯᠢ ᠶ᠋ᠢᠨ ᠬᠢᠨ᠂ ᠨᠡᠭᠦᠯᠭᠡᠵᠦ ᠠᠪᠴᠢᠷᠠᠭᠰᠠᠨ ᠮᠠᠯᠴᠢᠨ ᠲᠠᠷᠢᠶᠠᠴᠢᠨ ᠪᠣᠯᠤᠨ ᠪᠤᠰᠤᠳ ᠰᠠᠭᠤᠭᠠᠯᠢ ᠠᠷᠠᠳ ᠤ᠋ᠨ ᠭᠠᠷ ᠤᠷᠠᠯᠠᠯ ᠤ᠋ᠨ ᠪᠦᠲᠦᠭᠡᠯ ᠢ᠋ ᠲᠥᠪᠯᠡᠷᠡᠭᠦᠯᠦᠨ ᠳᠡᠯᠭᠡᠨ ᠪᠣᠷᠣᠯᠠᠭᠤᠯᠵᠤ ᠪᠠᠢᠨ᠎ᠠ᠃ ᠦᠵᠡᠭᠦᠯᠭᠡ ᠶ᠋ᠢᠨ ᠲᠠᠯᠪᠢᠭᠤᠷ ᠳᠡᠭᠡᠷ᠎ᠡ ᠨᠠᠷᠢᠯᠢᠭ ᠰᠠᠢᠬᠠᠨ ᠢᠰᠡᠭᠡᠶ ᠵᠢᠷᠤᠭ᠂ ᠢᠰᠡᠭᠡᠶ ᠡᠯᠭᠦᠭᠦᠷ᠂ ᠪᠤᠷᠭᠠᠰᠤᠨ ᠭᠦᠷᠦᠮᠡᠯ ᠰᠠᠭ᠍ᠰᠤ᠂ ᠣᠯᠣᠰᠣᠨ ᠳᠡᠭᠡᠰᠦ ᠪᠡᠷ ᠰᠦᠯᠵᠢᠭ᠌ᠰᠡᠨ ᠭᠠᠷ ᠤᠷᠠᠯᠠᠯ ᠤ᠋ᠨ ᠡᠳ᠋᠂ ᠬᠤᠯᠤ᠎ᠳᠡᠭᠡᠷ᠎ᠡ ᠵᠢᠷᠤᠭᠰᠠᠨ ᠵᠢᠷᠤᠭ᠂ ᠴᠠᠭᠠᠰᠤᠨ ᠵᠢᠷᠤᠭ ᠵᠡᠷᠭᠡ ᠭᠠᠷ ᠤᠷᠠᠯᠠᠯ ᠤ᠋ᠨ ᠪᠦᠲᠦᠭᠡᠯ ᠤ᠋ᠳ ᠪᠦᠷᠢᠨ ᠬᠠᠷᠠᠭᠳᠠᠨ᠎ᠠ᠃

《ᠡᠨᠡ ᠪᠣᠯ ᠰᠠᠭᠤᠭᠠᠯᠢ ᠠᠷᠠᠳ ᠤ᠋ᠨ ᠭᠠᠷ ᠤᠷᠠᠯᠠᠯ ᠤ᠋ᠨ ᠪᠦᠲᠦᠭᠡᠭ᠌ᠳᠡᠬᠦᠨ ᠶ᠋ᠢᠡᠨ ᠳᠡᠯᠭᠡᠨ ᠦᠵᠡᠭᠦᠯᠬᠦ᠌᠂ ᠬᠤᠳᠠᠯᠳᠤᠬᠤ ᠴᠤᠡᠭᠬᠤᠪᠴᠢ ᠪᠣᠯᠤᠨ᠎ᠠ᠂ ᠪᠢᠳᠡ ᠥᠪᠡᠷᠲᠡᠭᠡᠨ ᠵᠠᠰᠠᠬᠤ ᠣᠷᠣᠨ ᠤ᠋ ᠵᠡᠮᠳᠡᠭ᠌ᠴᠦᠳ ᠤ᠋ᠨ ᠬᠣᠯᠪᠣᠭ᠎ᠠ ᠪᠣᠯᠤᠨ ᠥᠪᠡᠷᠲᠡᠭᠡᠨ ᠵᠠᠰᠠᠬᠤ ᠣᠷᠣᠨ ᠤ᠋ ᠶᠡᠬᠡ ᠬᠠᠢᠷ᠎ᠠ ᠤᠮᠠᠷᠠᠲᠤ ᠬᠢᠯᠢ ᠶ᠋ᠢᠨ ᠦᠵᠡᠰᠭᠦᠯᠡᠩᠲᠦ ᠰᠠᠢᠬᠠᠨ ᠦᠢᠯᠡᠳᠭᠡᠯ ᠤ᠋ᠨ ᠭᠠᠵᠠᠷ ᠤ᠋ᠨ ᠵᠠᠬᠢᠶᠠᠯᠠᠭ᠎ᠠ ᠵᠢ ᠬᠦᠯᠢᠶᠡᠨ ᠠᠪᠴᠤ᠌ ᠳᠡᠢᠯᠬᠦ᠌ ᠪᠥᠭᠡᠳ ᠪᠠᠰᠠ ᠪᠦᠬᠦ᠌ ᠬᠤᠳᠠ ᠶ᠋ᠢᠨ ᠡᠯ᠎ᠡ ᠬᠣᠯᠪᠣᠭ᠍ᠳᠠᠯ ᠪᠦᠬᠦᠢ ᠠᠵᠤ ᠠᠬᠤᠢᠯᠠᠯ ᠠᠵᠢᠯ ᠦᠢᠯᠡᠰ ᠤ᠋ᠨ ᠨᠢᠭᠡᠴᠢ ᠪᠣᠯᠤᠨ ᠣᠷᠣᠨ ᠤ᠋ ᠳᠣᠲᠣᠨ᠎ᠠ ᠭᠠᠳᠠᠨᠠᠬᠢ ᠵᠢᠭᠤᠯᠴᠢᠯᠠᠭᠰᠠᠳ ᠲᠦ᠍ ᠵᠠᠬᠢᠶᠠᠯᠠᠭ᠎ᠠ ᠶ᠋ᠢᠨ ᠬᠡᠯᠪᠡᠷᠢ ᠶ᠋ᠢᠨ ᠦᠢᠯᠡᠴᠢᠯᠡᠭᠡ ᠬᠠᠩᠭᠠᠵᠤ ᠳᠡᠢᠯᠦᠨ᠎ᠡ᠃ ᠡᠭᠦᠨ ᠡᠴᠡ ᠭᠠᠳᠠᠨ᠎ᠠ ᠪᠢᠳᠡ ᠪᠠᠰᠠ ᠤᠯᠠᠭᠠᠨᠮᠥ᠋ᠷᠡᠨ ᠨᠠᠭᠤᠷ ᠲᠣᠭᠣᠷᠢᠭ ᠵᠢᠴᠢ ᠱᠢᠨ ᠪᠸᠢ ᠨᠡᠢᠭᠡᠮ ᠲᠣᠭᠣᠷᠢᠭ ᠲᠦ᠍ ᠪᠤᠷᠤᠯᠠᠭᠤᠯᠭ᠎ᠠ ᠶ᠋ᠢᠨ ᠴᠡᠭ ᠭᠠᠷᠭᠠᠵᠤ᠂ ᠰᠠᠭᠤᠭᠠᠯᠢ ᠠᠷᠠᠳ ᠤ᠋ᠨ ᠣᠷᠣᠯᠭ᠎ᠠ ᠵᠢ ᠨᠡᠮᠡᠭᠳᠡᠭᠦᠯᠬᠦ ᠠᠷᠭ᠎ᠠ ᠵᠠᠮ ᠢ᠋ ᠦᠷᠭᠡᠳᠭᠡᠵᠦ ᠪᠠᠢᠨ᠎ᠠ》 ᠭᠡᠵᠦ᠍ ᠬᠢᠶ᠎ᠠ ᠪᠠᠭ᠍ᠰᠢ ᠵᠡᠭᠡᠯᠢ ᠭᠤᠳᠤᠮᠵᠢ ᠶ᠋ᠢᠨ ᠬᠡᠷᠡᠭ ᠡᠷᠬᠢᠯᠡᠬᠦ᠌ ᠭᠠᠵᠠᠷ ᠤ᠋ᠨ ᠳᠡᠳ᠋ ᠡᠷᠬᠢᠯᠡᠭ᠌ᠴᠢ ᠯᠢᠦ ᠱᠢᠶᠠᠩ ᠬᠣᠩ ᠲᠠᠨᠢᠯᠴᠠᠭᠤᠯᠪᠠ᠃

《ᠯᠢ ᡁᠢ ᠬᠤᠸᠠ ᠺᠠᠢ》 ᠠᠵᠢᠯ ᠤᠯᠭᠤᠵᠤ ᠦᠢᠯᠡᠰ ᠪᠤᠰᠬᠠᠬᠤ ᠦᠶ᠋ᠯᠡᠳᠭᠡᠯ ᠤ᠋ᠨ ᠭᠠᠵᠠᠷ ᠤ᠋ᠨ ᠬᠠᠵᠠᠭᠤ ᠳ᠋ᠤ ᠬᠢᠶ᠎ᠠ ᠪᠠᠭ᠍ᠰᠢ ᠵᠡᠮᠳᠡᠭ᠌ᠴᠦᠳ ᠢ᠋ ᠲᠤᠰᠠᠯᠠᠬᠤ ᠴᠢᠨᠠᠷᠲᠠᠢ ᠠᠵᠢᠯ ᠣᠯᠭᠣᠯᠲᠠ ᠶ᠋ᠢᠨ ᠰᠠᠭᠤᠷᠢᠨ ᠪᠤᠢ᠃ 2021 ᠣᠨ ᠳ᠋ᠤ ᠪᠠᠢᠭᠤᠯᠤᠭ᠍ᠳᠠᠭᠰᠠᠨ ᠲᠤᠰ ᠰᠠᠭᠤᠷᠢᠨ ᠪᠤᠯ ᠤᠯᠤᠰ ᠤ᠋ᠨ ᠲᠡᠰ ᠤ᠋ᠨ ᠵᠡᠮᠳᠡᠭ᠌ᠴᠦᠳ ᠤ᠋ᠨ ᠠᠵᠢᠯ ᠮᠡᠷᠭᠡᠵᠢᠯ ᠤ᠋ᠨ ᠪᠣᠯᠪᠠᠰᠤᠷᠠᠯ ᠤ᠋ᠨ ᠰᠠᠭᠤᠷᠢᠨ ᠪᠠ ᠥᠪᠡᠷᠲᠡᠭᠡᠨ ᠵᠠᠰᠠᠬᠤ ᠣᠷᠣᠨ ᠤ᠋ ᠵᠡᠮᠳᠡᠭ᠌ᠴᠦᠳ ᠢ᠋ ᠲᠤᠰᠠᠯᠠᠬᠤ ᠴᠢᠨᠠᠷᠲᠠᠢ ᠠᠵᠢᠯ ᠣᠯᠭᠣᠯᠲᠠ ᠶ᠋ᠢᠨ ᠰᠠᠭᠤᠷᠢᠨ ᠪᠣᠯᠤᠨ᠎ᠠ᠃ ᠵᠡᠮᠳᠡᠭ᠌ᠴᠦᠳ ᠢ᠋ ᠲᠤᠰᠠᠯᠠᠬᠤ ᠴᠢᠨᠠᠷᠲᠠᠢ ᠠᠵᠢᠯ ᠣᠯᠭᠣᠯᠲᠠ ᠶ᠋ᠢᠨ ᠰᠠᠭᠤᠷᠢᠨ ᠤ᠋ ᠬᠠᠷᠢᠭᠤᠴᠠᠯᠭᠠᠲᠠᠨ ᠵᠤᠤ ᠱᠢᠤᠸᠠᠢ ᠮᠧᠢ ᠥᠷᠯᠥᠭᠡ ᠪᠦᠷᠢ 20 ᠬᠥᠳᠡᠯᠮᠦᠷᠢᠯᠡᠬᠦ᠌ ᠴᠢᠳᠠᠪᠤᠷᠢ ᠲᠠᠶ ᠵᠡᠮᠳᠡᠭ᠌ᠴᠦᠳ ᠶ᠋ᠢᠡᠨ ᠳᠠᠭᠠᠭᠤᠯᠤᠨ ᠰᠡᠳᠭᠢᠴᠡ ᠶ᠋ᠢᠨ ᠡᠮᠴᠢᠯᠡᠭᠡ ᠬᠢᠭᠰᠡᠨ ᠤ᠋ ᠳᠠᠷᠠᠭ᠎ᠠ᠂ ᠡᠳᠦᠷ ᠤ᠋ᠨ ᠭᠠᠷ ᠤᠷᠠᠯᠠᠯ ᠤ᠋ᠨ ᠠᠵᠢᠯ ᠶ᠋ᠢᠡᠨ ᠡᠬᠢᠯᠡᠭᠦᠯᠳᠡᠭ᠃

《ᠬᠢᠭ᠌ᠰᠡᠨ ᠶᠠᠭᠤᠮ᠎ᠠ ᠵᠢ ᠪᠤᠰᠤᠳ ᠤ᠋ᠳ ᠬᠤᠳᠠᠯᠳᠤᠨ ᠠᠪᠴᠤ ᠪᠠᠢᠭ᠎ᠠ ᠨᠢ ᠮᠠᠨ ᠤ᠋ ᠬᠦᠴᠤ ᠬᠥᠳᠡᠯᠮᠦᠷᠢ ᠵᠢ ᠮᠡᠳᠡᠷᠡᠵᠦ ᠪᠠᠢᠭ᠎ᠠ ᠶᠠᠪᠤᠳᠠᠯ ᠮᠥᠨ》 ᠭᠡᠵᠦ᠍ ᠵᠤᠤ ᠱᠢᠤᠸᠠᠢ ᠮᠧᠢ ᠵᠡᠮᠳᠡᠭ᠌ᠴᠦᠳ ᠤ᠋ᠨ ᠠᠵᠢᠯ ᠣᠯᠵᠤ ᠦᠢᠯᠡᠰ ᠪᠤᠰᠭᠠᠬᠤ ᠰᠡᠳᠭᠢᠯ ᠤ᠋ᠨ ᠦᠭᠡ ᠵᠢ ᠲᠠᠯᠬᠡᠯ᠎ᠠ᠃ ᠬᠢᠶ᠎ᠠ ᠪᠠᠭ᠍ᠰᠢ ᠵᠡᠭᠡᠯᠢ ᠭᠤᠳᠤᠮᠵᠢ ᠶ᠋ᠢᠨ ᠨᠡᠭᠦᠯᠭᠡᠵᠦ ᠠᠪᠴᠢᠷᠠᠭᠰᠠᠨ ᠮᠠᠯᠴᠢᠨ ᠲᠠᠷᠢᠶᠠᠴᠢᠨ ᠨᠢ ᠬᠢᠶ᠎ᠠ ᠪᠠᠭ᠍ᠰᠢ ᠲᠣᠭᠣᠷᠢᠭ ᠤ᠋ᠨ ᠨᠡᠭᠦᠯᠭᠡᠵᠦ ᠠᠪᠴᠢᠷᠠᠭᠰᠠᠨ ᠮᠠᠯᠴᠢᠨ ᠲᠠᠷᠢᠶᠠᠴᠢᠨ ᠤ᠋ ᠶᠡᠷᠦᠡᠭᠬᠡᠢ ᠲᠤᠭᠠᠨ ᠤ᠋ 50% ᠡᠴᠡ ᠳᠡᠭᠡᠭ᠌ᠰᠢᠬᠢ ᠵᠢ ᠡᠵᠡᠯᠡᠵᠦ᠍᠂ ᠵᠡᠮᠳᠡᠭ᠌ᠴᠦᠳ ᠨᠡᠯᠢᠶᠡᠳ ᠲᠥᠪᠯᠡᠷᠡᠭ᠌ᠰᠡᠨ ᠵᠡᠭᠡᠯᠢ ᠭᠤᠳᠤᠮᠵᠢ ᠨᠡᠢᠭᠡᠮ ᠲᠣᠭᠣᠷᠢᠭ ᠪᠣᠯᠤᠨ᠎ᠠ᠃ ᠡᠨᠡ ᠵᠢᠯ ᠡᠴᠡ ᠨᠠᠭᠠᠰᠢ᠂ ᠬᠢᠶ᠎ᠠ ᠪᠠᠭ᠍ᠰᠢ ᠵᠡᠭᠡᠯᠢ ᠭᠤᠳᠤᠮᠵᠢ ᠵᠢᠨ ᠬᠢᠨ ᠪᠠᠰᠠ 《ᠬᠠᠮᠲᠤ ᠪᠠᠷ ᠪᠡᠶᠠᠵᠢᠬᠦ ᠦᠢᠯᠡᠳᠬᠡᠯ ᠤ᠋ᠨ ᠭᠠᠵᠠᠷ ᠤ᠋ᠨ ᠪᠦᠯᠬᠦᠮ》 ᠢ᠋ ᠪᠠᠢᠭᠤᠯᠵᠤ᠂ ᠣᠨᠴᠠᠭᠠᠶ ᠬᠠᠮᠲᠤ ᠨᠢᠭᠡᠴᠢ ᠪᠠ ᠨᠡᠭᠦᠯᠭᠡᠵᠦ ᠠᠪᠴᠢᠷᠠᠭᠰᠠᠨ ᠮᠠᠯᠴᠢᠨ ᠲᠠᠷᠢᠶᠠᠴᠢᠨ ᠳ᠋ᠤ ᠳᠤᠤᠷ᠎ᠠ ᠥᠷᠲᠡᠭ᠌ᠲᠦ ᠦᠶ᠋ᠯᠡᠰ ᠪᠤᠰᠬᠠᠬᠤ ᠲᠠᠪᠴᠠᠩ ᠬᠠᠩᠭᠠᠨ᠂ ᠠᠵᠤ ᠠᠬᠤᠢᠯᠠᠯ ᠪᠠ ᠰᠠᠭᠤᠭᠠᠯᠢ ᠠᠷᠠᠳ ᠲᠦ᠍ ᠤᠷᠢᠵᠤ ᠡᠯᠰᠡᠬᠦ᠌ ᠪᠠ ᠠᠵᠢᠯ ᠤᠯᠭᠤᠵᠤ ᠦᠶ᠋ᠯᠡᠰ ᠪᠤᠰᠬᠠᠬᠤ ᠵᠢ ᠬᠠᠪᠰᠤᠷᠤᠨ ᠲᠡᠳᠬᠦᠬᠦ᠌ ᠤᠨᠤᠴᠠᠳᠠᠢ ᠦᠶ᠋ᠯᠡᠴᠢᠯᠡᠭᠡ ᠬᠠᠩᠭᠠᠵᠤ᠂ ᠰᠠᠭᠤᠭᠠᠯᠢ ᠠᠷᠠᠳ ᠤ᠋ᠨ ᠤᠢᠷ᠎ᠠ ᠬᠠᠪᠢ ᠳ᠋ᠠᠭᠠᠨ ᠣᠷᠣᠯᠭ᠎ᠠ ᠤᠯᠬᠤ ᠵᠢ ᠪᠡᠶᠡᠯᠡᠭᠦᠯᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号