ᠰᠦᠯᠵᠢᠶᠡᠨ ᠤᠳᠤᠳ ᠡᠵᠡᠨ᠎ᠡ ᠬᠣᠰᠢᠭᠤᠨ ᠳ᠋ᠤ
2025-11-14 10:56:04
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠤᠢᠷ᠎ᠠ᠎ᠳᠤ᠂ 《ᠤᠮᠠᠷᠠᠲᠤ ᠬᠢᠯᠢ — ᠠᠮᠢᠵᠢᠷᠠᠯ᠎ᠤᠨ ᠬᠦᠴᠦᠨ᠎ᠲᠠᠢ ᠥᠪᠥᠷ ᠮᠣᠩᠭᠣᠯ》 ᠠᠵᠢᠯᠯᠠᠭ᠎ᠠ᠎ᠶᠢᠨ ᠨᠢᠬᠡ ᠠᠭᠤᠯᠭ᠎ᠠ ᠪᠤᠯᠬᠤ ᠭᠤᠷᠪᠠᠳᠤᠭᠠᠷ ᠬᠤᠭᠤᠴᠠᠭᠠᠨ᠎ᠤ ᠰᠦᠯᠵᠢᠶᠠᠨ ᠤᠳᠤᠳ ᠎ᠤᠨ 《ᠠᠯᠳᠠᠨ ᠰᠢᠷᠭᠠᠯ ᠨᠠᠮᠣᠷ᠎ᠤᠨ ᠪᠣᠯᠵᠣᠭ᠎ᠠ — ᠠᠯᠠᠱᠠ ᠨᠣᠳᠣᠭ᠎ᠢ ᠵᠣᠷᠢᠶ᠎ᠠ》 ᠪᠡᠶᠡᠴᠢᠯᠡᠨ ᠤᠢᠯᠠᠭᠠᠬᠤ ᠬᠦᠳᠡᠯᠬᠡᠬᠡᠨ ᠡᠵᠡᠨ᠎ᠡ ᠬᠣᠰᠢᠭᠤᠨ᠎ᠳᠤ ᠶᠠᠪᠤᠭᠳᠠᠵᠦ᠂ 6 ᠳᠤᠭᠤᠶ᠋ᠢᠯᠠᠩ ᠰᠦᠯᠵᠢᠶᠠᠨ ᠤᠳᠣᠳ᠎ᠤᠨ ᠬᠠᠷᠠᠭᠠᠰᠤ᠎ᠠᠴᠠ ᠡᠵᠡᠨ᠎ᠡ᠎ᠶᠢᠨ ᠥᠪᠡᠷᠮᠢᠴᠡ ᠷᠢᠳᠢ ᠰᠢᠳᠢ᠎ᠶᠢ ᠤᠢᠯᠠᠭᠠᠨ ᠤᠬᠠᠭᠤᠯᠪᠠ᠃

ᠡᠵᠡᠨ᠎ᠡ᠎ᠶᠢᠨ ᠲᠣᠣᠷᠠᠢ᠎ᠶᠢᠨ ᠤᠢ᠎ᠶᠢᠨ ᠵᠢᠭᠤᠯᠴᠢᠯᠡᠯ᠎ᠤᠨ ᠣᠷᠣᠨ᠎ᠳᠤ᠂ ᠬᠥᠮᠦᠰ ᠠᠯᠳᠠᠨ ᠰᠢᠷᠭᠠᠯ ᠲᠣᠣᠷᠠᠢ᠎ᠶᠢᠨ ᠤᠢ᠎ᠪᠠᠷ ᠠᠯᠬᠤᠯᠠᠵᠤ᠂ ᠵᠢᠵᠢᠭ ᠭᠠᠯᠲᠤ ᠲᠡᠷᠭᠡᠨ᠎ᠳᠦ ᠰᠠᠭᠤᠵᠤ ᠡᠵᠡᠨ᠎ᠡ᠎ᠶᠢᠨ ᠥᠪᠡᠷᠮᠢᠴᠡ ᠨᠠᠮᠤᠷ᠎ᠤᠨ ᠷᠣᠮᠠᠨᠲ᠋ᠢᠭ᠋᠎ᠢ ᠮᠡᠳᠡᠷᠡᠨ᠎ᠡ᠃ ᠲᠡᠳᠡ ᠰᠡᠬᠦᠳᠡᠷᠯᠡᠬᠦ ᠲᠥᠬᠥᠭᠡᠷᠦᠮᠵᠢ᠎ᠪᠡᠨ ᠭᠠᠷᠭᠠᠨ ᠭᠣᠢᠳᠠ ᠥᠩᠭᠡ ᠦᠵᠡᠮᠵᠢ᠎ᠶᠢ ᠲᠡᠮᠳᠡᠭᠯᠡᠵᠦ᠂ ᠰᠦᠯᠵᠢᠶᠡᠨ ᠠᠨᠳᠠ᠎ᠨᠠᠷ ᠪᠣᠯᠤᠨ ᠪᠠᠬᠠᠷᠬᠠᠭ᠍ᠴᠢᠳ᠎ᠲᠠᠭᠠᠨ ᠲᠣᠣᠷᠠᠢ᠎ᠶᠢᠨ ᠣᠢ᠎ᠶᠢᠨ ᠰᠠᠶ᠋ᠢᠬᠠᠨ ᠦᠵᠡᠮᠵᠢ᠎ᠶᠢ ᠲᠠᠨᠢᠯᠴᠠᠭᠤᠯᠪᠠ᠃ ᠴᠤᠤᠷᠢᠶ᠎ᠠ ᠵᠢᠨ ᠰᠦᠯᠵᠢᠶᠡᠨ ᠤᠳᠤ᠄ 《ᠡᠨᠡ ᠤᠳᠠᠭ᠎ᠠ ᠪᠢᠳᠡ ᠦᠵᠡᠰᠬᠦᠯᠡᠩᠲᠦ ᠰᠠᠶ᠋ᠢᠬᠠᠨ ᠡᠵᠡᠨ᠎ᠡ ᠬᠣᠰᠢᠭᠤᠨ᠎ᠳᠤ ᠢᠷᠡᠵᠦ᠂ ᠵᠢᠩᠬᠢᠨᠢ ᠤᠳᠬ᠎ᠠ ᠵᠢᠨ ᠲᠣᠣᠷᠠᠢ᠎ᠶᠢᠨ ᠤᠢ᠎ᠶᠢ ᠣᠯᠵᠤ ᠬᠠᠷᠠᠯ᠎ᠠ᠃ ᠮᠢᠨᠦ ᠦᠵᠡᠬᠦ᠎ᠪᠡᠷ ᠲᠤᠬᠠᠢ᠎ᠶᠢᠨ ᠭᠠᠵᠡᠷ ᠲᠤᠨᠢ ᠦᠵᠡᠬᠦ᠎ᠨᠢ ᠰᠡᠭᠦᠳᠡᠷ ᠵᠢᠷᠤᠭ ᠳᠡᠭᠡᠷ᠎ᠠ ᠡᠴᠡ ᠥᠵᠡᠬᠦ᠎ᠡᠴᠡ ᠬᠣᠯᠡ ᠭᠠᠢᠬᠠᠮᠰᠢᠭ᠍ᠲᠠᠢ ᠰᠠᠢᠬᠠᠨ ᠪᠠᠢᠨ᠎ᠠ᠃ ᠡᠨᠡ ᠤᠳᠠᠭ᠎ᠠ ᠪᠢ ᠪᠠᠰᠠ ᠮᠠᠰᠢ ᠤᠯᠠᠨ ᠳᠦᠷᠰᠦ ᠰᠢᠩᠭᠡᠭᠡᠬᠦ ᠲᠥᠬᠥᠭᠡᠷᠦᠮᠵᠢ ᠠᠪᠴᠤ᠂ ᠰᠡᠭᠦᠳᠡᠷᠯᠡᠬᠦ ᠮᠠᠰᠢᠨ᠎ᠢᠶᠠᠷ ᠳᠠᠮᠵᠢᠨ ᠣᠯᠠᠨ ᠪᠦᠬᠦᠨ᠎ᠳᠦ ᠡᠨᠳᠡ ᠴᠤᠬᠤᠮ ᠬᠡᠳᠦᠢ ᠰᠦᠷᠯᠢᠭ ᠰᠠᠶ᠋ᠢᠬᠠᠨ ᠪᠠᠶ᠋ᠢᠬᠤ᠎ᠶᠢ ᠬᠡᠯᠡᠵᠦ ᠥᠭᠭᠦᠮᠡᠷ ᠪᠠᠶ᠋ᠢᠨ᠎ᠠ᠂ ᠲᠠ ᠪᠦᠬᠦᠨ᠎ᠤ᠎ᠡᠨᠡ ᠬᠦ᠌ ᠰᠣᠶᠣᠯ᠂ ᠡᠨᠡ ᠬᠦ᠌ ᠦᠵᠡᠮᠵᠢ᠂ ᠡᠨᠡ ᠬᠦ᠌ ᠭᠤᠢᠳᠠ ᠠᠭᠱᠠᠨ᠎ᠢ ᠪᠡᠶᠡᠴᠢᠯᠡᠨ ᠮᠡᠲᠡᠷᠡᠬᠦ ᠪᠡᠷ ᠡᠵᠡᠨ᠎ᠡ ᠬᠣᠰᠢᠭᠤᠨ᠎ᠳᠤ ᠢᠷᠡᠬᠦ ᠵᠢ ᠤᠷᠢᠵᠦ ᠪᠠᠢᠨ᠎ᠠ》 ᠭᠡᠪᠡ᠃

ᠰᠤᠪᠨᠠᠭᠤᠷ᠎ᠤᠨ ᠦᠵᠡᠮᠵᠢ᠎ᠶᠢᠨ ᠣᠷᠣᠨ᠎ᠳᠤ᠂ ᠲᠠᠳᠠ ᠰᠤᠪᠨᠠᠭᠤᠷ᠎ᠤᠨ ᠠᠮᠢ ᠠᠬᠤᠶ᠎ᠶᠢᠨ ᠪᠥᠲᠥᠭᠡᠨ ᠪᠠᠶ᠋ᠢᠭᠤᠯᠤᠯᠲᠠ᠎ᠶᠢᠨ ᠦᠵᠡᠰᠬᠦᠯᠡᠩ᠎ᠦᠨ ᠣᠷᠳᠣᠨ᠎ᠢ ᠲᠣᠭᠣᠷᠢᠨ ᠦᠵᠡᠵᠦ᠂ ᠰᠤᠪᠨᠠᠭᠤᠷ᠎ᠤᠨ ᠠᠮᠢ ᠠᠬᠤᠶ᠎ᠶᠢᠨ ᠬᠠᠮᠠᠭᠠᠯᠠᠯᠲᠠ᠎ᠶᠢᠨ ᠦᠷ᠎ᠠ ᠪᠦᠲᠦᠮᠵᠢ᠎ᠶᠢ ᠣᠢᠯᠠᠭᠠᠨ᠂ ᠣᠩᠭᠣᠴᠠᠨ᠎ᠳᠤ ᠰᠠᠭᠤᠵᠤ ᠨᠠᠭᠤᠷ᠎ᠢᠶᠠᠷ ᠵᠤᠭᠠᠴᠠᠨ᠂ ᠨᠠᠭᠤᠷ᠎ᠤᠨ ᠦᠵᠡᠮᠵᠢ᠎ᠶᠢ ᠰᠣᠨᠢᠷᠬᠠᠬᠤ᠎ᠶᠢᠨ ᠳᠠᠭᠠᠤ ᠴᠠᠬᠤᠯᠠᠶ᠎ᠶᠢ ᠴᠤ᠌ ᠰᠣᠨᠢᠷᠬᠠᠵᠤ ᠬᠥᠬᠡᠷᠤᠯᠳᠤᠨ᠎ᠠ᠃

ᠪᠠᠰᠠ ᠰᠦᠬᠡ᠎ᠶᠢᠨ ᠣᠶ᠋ᠢᠵᠢᠭᠤᠯᠤᠯᠲᠠ᠎ᠶᠢᠨ ᠰᠠᠭᠤᠷᠢᠨ᠎ᠳᠤ ᠬᠦᠷᠴᠦ᠂ ᠵᠠᠭ᠎ᠮᠤᠳᠤ ᠵᠢ ᠤᠰᠤᠯᠠᠵᠤ᠂ ᠡᠯᠡᠰᠦᠷᠬᠡᠭᠵᠢᠯ᠎ᠢ ᠰᠡᠷᠭᠡᠶ᠋ᠢᠯᠡᠨ ᠡᠯᠡᠰᠦ᠎ᠵᠢ ᠵᠠᠰᠠᠬᠤ ᠠᠵᠢᠯ᠎ᠤᠨ ᠠᠮᠢ ᠠᠬᠤᠢ᠎ᠶᠢᠨ ᠬᠠᠮᠠᠭᠠᠯᠠᠯᠲᠠ᠎ᠳᠡᠬᠢ ᠴᠢᠬᠤᠯᠠ ᠠᠴᠢ ᠬᠣᠯᠪᠣᠭᠳᠠᠯ᠎ᠢ ᠪᠡᠶ᠎ᠡ᠎ᠪᠡᠷ᠎ᠢᠶᠡᠨ ᠣᠶ᠋ᠢᠯᠠᠭᠠᠪᠠ᠃

ᠬᠠᠷ᠎ᠠ ᠬᠤᠳᠠ᠎ᠶᠢᠨ ᠪᠠᠭᠤᠷᠢ᠎ᠳᠤ᠂ ᠰᠦᠯᠵᠢᠶᠠᠨ ᠤᠳᠤᠳ ᠵᠢᠤᠢ ᠶᠠᠨ᠂ᠬᠠᠷ᠎ᠠ ᠬᠤᠳᠠ᠎ᠶᠢᠨ ᠪᠠᠭᠤᠷᠢ᠎ᠶᠢᠨ ᠦᠯᠢᠭᠡᠷ ᠲᠡᠦᠬᠡ᠎ᠶᠢᠨ ᠳᠤᠷᠠᠰᠬᠠᠯᠲᠤ ᠵᠦᠢᠯᠡᠰ᠂ ᠲᠡᠦᠬᠡ ᠰᠣᠶᠣᠯ᠎ᠤᠨ ᠲᠣᠭ᠎ᠠ ᠪᠠᠷᠢᠮᠳᠠᠳᠤ ᠦᠵᠡᠭᠦᠯᠭᠡ᠎ᠶᠢ ᠲᠣᠭᠣᠷᠢᠨ ᠦᠵᠡᠵᠦ᠂ ᠲᠣᠭᠠᠴᠢᠯᠠᠭᠰᠠᠨ ᠰᠢᠨᠵᠢᠯᠡᠬᠦ ᠤᠬᠠᠭᠠᠨ  ᠲᠸᠭᠨᠢᠭ ᠮᠡᠷᠭᠡᠵᠢᠯ᠎ᠢᠶᠡᠷ ᠬᠠᠷ᠎ᠠ ᠬᠤᠳᠠ᠎ᠶᠢᠨ ᠪᠠᠭᠤᠷᠢ᠎ᠶᠢᠨ ᠲᠡᠦᠬᠡ ᠰᠣᠶᠣᠯ᠎ᠢ ᠣᠶ᠋ᠢᠯᠠᠭᠠᠪᠠ᠃ ᠳᠠᠳᠠ ᠪᠠᠰᠠ 《ᠠᠯᠠᠱᠠ ᠪᠡᠯᠡᠭ᠎ᠦᠨ ᠳᠡᠯᠭᠡᠭᠦᠷ》᠎ᠲᠦ ᠬᠦᠷᠴᠦ᠂ ᠠᠯᠠᠱᠠ᠎ᠶᠢᠨ ᠣᠨᠴᠠ ᠭᠠᠷᠤᠯᠲᠠ᠎ᠶᠢ ᠠᠮᠳᠠᠯᠠᠨ᠂ ᠬᠠᠴᠢᠨ ᠴᠢᠯᠠᠭᠤ᠎ᠶᠢ ᠰᠣᠨᠢᠷᠬᠠᠵᠤ᠂ ᠵᠢᠤᠢ ᠶᠠᠨ᠎ᠤ ᠬᠤᠯᠤᠰᠤᠨ ᠪᠢᠴᠢᠭ ᠤ᠋ᠨ ᠷᠢᠳᠢ ᠰᠢᠳᠢ᠎ᠶᠢ ᠣᠶ᠋ᠢᠯᠠᠭᠠᠵᠠᠢ᠃ 《ᠡᠨᠡ ᠤᠳᠠᠭ᠎ᠠ᠎ᠶᠢᠨ ᠭᠣᠣᠯ ᠰᠡᠳᠦᠪᠲᠦ ᠠᠵᠢᠯᠯᠠᠭ᠎ᠠ᠎ᠳᠤ᠂ ᠪᠢᠳᠡ ᠲᠣᠣᠷᠠᠢ᠎ᠶᠢᠨ ᠤᠢ᠂ ᠰᠤᠪᠨᠠᠭᠤᠷ᠂ ᠬᠠᠷ᠎ᠠ ᠬᠤᠳᠠ᠎ᠶᠢᠨ ᠪᠠᠭᠤᠷᠢ᠎ᠪᠠᠷ ᠬᠦᠷᠴᠦ᠂ ᠵᠢᠤᠢ ᠶᠠᠨ ᠤ᠋᠎ᠲᠣᠭ᠎ᠠ ᠪᠠᠷᠢᠮᠳᠠᠳᠤ ᠦᠵᠡᠭᠦᠯᠭᠡ᠎ᠶᠢ ᠲᠠᠬᠢᠨ ᠦᠵᠡᠵᠦ᠂ ᠪᠠᠰᠠ ᠵᠠᠭ ᠮᠣᠳᠣ᠌᠎ᠶᠢᠨ ᠤᠰᠤᠯᠠᠯᠲᠠ᠎ᠶᠢ ᠪᠡᠶᠡᠴᠢᠯᠡᠨ ᠣᠶ᠋ᠢᠯᠠᠭᠠᠭᠰᠠᠨ ᠵᠢᠡᠷ ᠡᠳᠡᠬᠡᠷ ᠨᠢ ᠨᠠᠳᠠ᠎ᠳᠤ ᠠᠳᠠᠯᠢ ᠪᠤᠰᠤ ᠵᠢᠨ ᠲᠦᠷᠦᠭᠳᠡᠯ ᠥᠭᠴᠦ᠂ ᠵᠣᠬᠢᠶᠠᠨ ᠪᠦᠲᠦᠭᠡᠯᠭᠡ᠎ᠳᠦ ᠡᠯᠪᠡᠭ ᠪᠠᠶᠠᠯᠢᠭ᠋ ᠮᠠᠲᠧᠷᠢᠶᠠᠯ ᠬᠠᠩᠭᠠᠵᠠᠢ》 ᠭᠡᠪᠡ᠃

ᠣᠶ᠋ᠢᠯᠠᠭᠠᠭᠰᠠᠨ᠎ᠢᠶᠠᠷ᠂ 《ᠠᠯᠳᠠᠨ ᠰᠢᠷᠭᠠᠯ ᠨᠠᠮᠤᠷ ᠤ᠋ᠨ ᠪᠣᠯᠵᠣᠭ᠎ᠠ᠂ ᠠᠯᠠᠱᠠ ᠨᠤᠳᠤᠭ ᠢ᠋ ᠵᠤᠷᠢᠶ᠎ᠠ》 ᠨᠢᠭᠡᠳᠦᠭᠡᠷ ᠦᠷᠳᠡᠭᠡ ᠡᠵᠡᠨ᠎ᠡ ᠬᠣᠰᠢᠭᠤᠨ᠎ᠳᠤ ᠢᠷᠡᠵᠤ᠂ ᠲᠡᠦᠬᠡ᠂ ᠰᠣᠶᠣᠯ᠂ᠵᠢᠭᠤᠯᠴᠢᠯᠡᠯ ᠵᠡᠷᠭᠡ ᠬᠦᠷᠢᠶᠡᠨ᠎ᠳᠤ ᠰᠦᠯᠵᠢᠶᠠᠨ ᠤᠳᠤᠳ᠎ᠢ ᠤᠷᠢᠵᠤ᠂ 《ᠬᠠᠶ᠋ᠢᠨ ᠰᠤᠷᠪᠤᠯᠵᠢᠯᠠᠯ + ᠣᠬᠣᠷ ᠸᠢᠳᠢᠣ᠋ ᠵᠣᠬᠢᠶᠠᠨ ᠪᠦᠲᠦᠭᠡᠬᠦ》 ᠬᠡᠯᠪᠡᠷᠢ᠎ᠪᠡᠷ ᠡᠵᠡᠨ᠎ᠡ ᠬᠣᠰᠢᠭᠤᠨ᠎ᠤ ᠨᠠᠮᠤᠷ᠎ᠤᠨ ᠦᠵᠡᠮᠵᠢ᠂ ᠠᠮᠢ ᠠᠬᠤᠢ᠎ᠶᠢᠨ ᠬᠠᠮᠠᠭᠠᠯᠠᠯᠲᠠ᠎ᠶᠢᠨ ᠦᠷ᠎ᠠ ᠪᠦᠲᠦᠭᠡᠯ ᠪᠣᠯᠤᠨ ᠲᠡᠦᠬᠡ ᠰᠣᠶᠣᠯ᠎ᠢ ᠪᠦᠬᠦ ᠲᠠᠯ᠎ᠠ᠎ᠪᠠᠷ ᠳᠡᠯᠭᠡᠨ ᠦᠵᠡᠭᠦᠯᠵᠦ᠂ ᠥᠷᠭᠡᠨ ᠤᠯᠠᠨ ᠰᠦᠯᠵᠢᠶᠡᠨ ᠠᠨᠳᠠ᠎ᠶᠢᠨ ᠤᠮᠠᠷᠠᠲᠤ ᠬᠢᠯᠢ᠎ᠶᠢᠨ ᠰᠣᠶᠣᠯ᠎ᠤᠨ ᠷᠢᠳᠢ ᠰᠢᠳᠢ᠎ᠶᠢ ᠣᠶ᠋ᠢᠯᠠᠭᠠᠬᠤ᠎ᠳᠤ ᠬᠥᠭᠥᠷᠭᠡ ᠲᠠᠯᠪᠢᠵᠤ᠂ ᠨᠡᠩ ᠠᠮᠢᠵᠢᠷᠠᠯ᠎ᠤᠨ ᠬᠦᠴᠦᠨ ᠪᠠ ᠬᠦᠰᠡᠯ ᠡᠷᠡᠮᠡᠯᠵᠡᠯ᠎ᠲᠠᠢ ᠠᠯᠠᠱᠠ᠎ᠶᠢ ᠬᠠᠷᠠᠭᠤᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号