ᠢᠨᠭᠭᠡ ᠪᠤᠳᠤᠭᠤ ᠪᠤᠢᠯᠠᠯᠳᠤᠵᠦ ᠯᠡ ᠪᠠᠢᠳᠠᠭ᠂
ᠤᠶᠠᠷᠡᠮᠠ ᠰᠡᠳᠬᠢᠯ ᠰᠢᠭ ᠡᠵᠡᠨ᠎ᠠ ᠳᠤᠤᠷᠡᠢ ᠵᠠᠭ ᠱᠤᠤᠬᠢᠵᠦ ᠯᠡ ᠪᠠᠢᠳᠠᠭ᠂
ᠳᠤᠤᠯᠢᠮ᠎ᠠ ᠡᠬᠡᠰᠢᠭ ᠰᠢᠭ ᠡᠵᠡᠨ᠎ᠠ ᠭᠤᠤᠯ ᠪᠦᠷᠢᠳᠦ ᠬᠠᠷᠬᠢᠶᠡᠳᠦᠵᠦ ᠯᠡ ᠪᠠᠢᠳᠠᠭ᠂
ᠪᠤᠭᠤᠷᠤᠯ ᠬᠦᠯᠬᠡᠨ ᠡᠵᠡᠨ᠎ᠠ ᠴᠦᠯ ᠭᠤᠪᠢ ᠵᠡᠷᠬᠡᠯᠬᠡᠳᠤᠵᠦ ᠯᠡ ᠪᠠᠢᠳᠠᠭ᠂ ᠡᠴᠢᠨ᠎ᠠ ᠬᠦᠨᠵᠡᠬᠡᠢ ᠡᠵᠡᠨ᠎ᠠ
ᠡᠵᠡᠨ᠎ᠠ ᠬᠤᠰᠢᠭᠤ
ᠠᠯᠠᠱᠠ ᠠᠢᠮᠠᠭᠳᠡᠷᠡᠴᠢᠯᠡᠨ ᠥᠪᠥᠷ ᠮᠣᠩᠭᠣᠯᠤᠨ ᠥᠪᠡᠷᠲᠡᠭᠡᠨ ᠵᠠᠰᠠᠬᠤ ᠣᠷᠣᠨᠤ ᠬᠠᠮᠤᠭᠤᠨ ᠪᠠᠷᠠᠭᠤᠨ ᠵᠠᠬᠠᠳᠤ ᠪᠠᠢᠷᠢᠯᠠᠵᠤ᠂ ᠶᠡᠷᠦᠨᠭᠭᠡᠢ ᠳᠠᠯᠠᠪᠠᠢ ᠨᠢ 11.46 ᠲᠦᠮᠡᠨ ᠲᠡᠭᠰᠢ ᠳᠥᠷᠪᠡᠯᠵᠢᠨ ᠺᠢᠯᠣᠮᠧᠲᠷ᠂ ᠬᠤᠢᠳᠤ ᠳᠠᠯ᠎ᠠ ᠪᠡᠷ ᠵᠢᠡᠨ ᠮᠣᠩᠭᠣᠯ ᠤᠯᠤᠰᠲᠠᠢ ᠬᠢᠯᠢ ᠨᠡᠶ᠋ᠢᠯᠡᠵᠦ᠂ ᠬᠢᠯᠢᠶᠢᠨ ᠱᠤᠭᠤᠮᠤᠨ ᠣᠷᠳᠣ᠌ ᠨᠢ 507 ᠺᠢᠯᠣᠮᠧᠲᠷ ᠪᠠᠶ᠋ᠢᠵᠤ᠂ 3 ᠪᠠᠯᠭᠠᠰᠤ᠂ 6 ᠰᠤᠮᠤ᠂ 3 ᠲᠦᠮᠡ ᠤᠷᠴᠢᠮ ᠬᠦᠮᠦᠨ ᠠᠮᠠ ᠲᠠᠢ᠂ ᠥᠪᠥᠷ ᠮᠣᠩᠭᠣᠯᠤᠨ ᠲᠠᠯᠠᠪᠠᠶᠪᠠᠷ ᠬᠠᠮᠤᠭᠤᠨ ᠶᠡᠬᠡ᠂ ᠬᠥᠮᠦᠨ ᠠᠮᠠᠬᠠᠮᠤᠭᠤᠨ ᠴᠥᠭᠡᠨ ᠬᠣᠰᠢᠭᠤ ᠪᠣᠯᠤᠨ᠎ᠠ᠃

ᠳᠤᠤᠷᠡᠢᠳᠦ ᠨᠤᠳᠤᠭ
ᠪᠠᠭᠠᠨ᠎ᠠ ᠰᠡᠬᠦᠳᠡᠷᠯᠡᠪᠡ
《ᠲᠤᠮᠳᠠᠳᠤ ᠤᠯᠤᠰ ᠤ᠋ᠨ ᠲᠡᠮᠡᠬᠡᠳᠤ ᠨᠤᠳᠤᠭ》᠂ 《ᠲᠤᠮᠳᠠᠳᠤ ᠤᠯᠤᠰ ᠤ᠋ᠨ ᠤᠯᠠᠭᠠᠨ᠂ ᠴᠠᠭᠠᠨ ᠭᠤᠶᠤᠤ ᠵᠢᠨ ᠨᠤᠳᠤᠭ》᠂ 《ᠲᠤᠮᠳᠠᠳᠤ ᠤᠯᠤᠰ ᠤ᠋ᠨ ᠢᠩᠬᠡᠨ ᠰᠦ ᠵᠢᠨ ᠨᠤᠳᠤᠭ》 ᠁ ᠬᠡᠮᠡᠭᠳᠡᠪᠡ᠃ ᠳ᠋ᠦᠩᠹᠸᠩ ᠰᠠᠨᠰᠠᠷᠤᠨ ᠬᠣᠲᠠ ᠨᠢ ᠲᠠᠢᠷᠤᠯᠳᠤ ᠰᠤᠮᠤ᠂ ᠲᠠᠭᠠᠭᠤᠯᠢ ᠤᠳᠤ᠂ ᠬᠥᠮᠦᠨ ᠠᠴᠢᠶᠠᠯᠠᠭᠰᠠᠨ ᠬᠤᠪᠢᠯᠭᠠᠨ ᠣᠩᠭᠣᠴᠠ ᠵᠢ ᠰᠠᠨᠰᠠᠷ ᠲᠤ᠌ ᠬᠠᠷᠪᠤᠭᠰᠠᠨ ᠭᠠᠵᠠᠷ ᠤᠰᠤᠨ᠃
ᠭᠠᠵᠠᠷ ᠤ᠋ᠨ ᠪᠠᠢᠴᠠ ᠨᠢ ᠶᠡᠷᠦᠩᠬᠡᠢ ᠳ᠋ᠡᠬᠡᠨ ᠲᠡᠭᠰᠢ᠂ ᠭᠤᠪᠢ᠂ ᠠᠭᠤᠯᠡ᠂ ᠲᠤᠪᠤᠴᠠᠭ᠂ ᠨᠠᠭᠤᠷ ᠨᠠᠮᠤᠭ ᠬᠢᠬᠡᠳ ᠨᠤᠭᠤᠭᠠᠨ ᠪᠦᠷᠢᠳᠤ ᠭᠤᠤᠯᠴᠠᠭᠤ᠃ ᠬᠠᠷ᠎ᠠ ᠭᠤᠤᠯ ᠨᠢ ᠡᠵᠡᠨᠡᠶᠢᠨ ᠠᠮᠢᠨ ᠭᠤᠤᠯ ᠪᠠᠶ᠋ᠢᠵᠤ᠂ ᠥᠷᠭᠡᠨ ᠠᠭᠤᠳᠠᠮ ᠡᠵᠡᠨᠡᠶᠢᠨ ᠪᠠᠶᠠᠨ ᠪᠦᠷᠢᠳᠦᠶᠢ ᠠᠮᠢᠯᠠᠭᠤᠯᠳᠠᠭ᠃
ᠲᠤᠤᠷᠠᠢ ᠵᠢᠨ ᠮᠤᠳᠤ ᠨᠢ ᠠᠮᠢᠳᠤ ᠴᠢᠯᠠᠭᠤᠵᠢᠮᠡᠯ ᠬᠡᠮᠡᠨ ᠨᠡᠷᠡᠯᠡᠭᠳᠡᠵᠤ᠂ ᠡᠵᠡᠨ᠎ᠠ ᠵᠢᠨ ᠲᠤᠤᠷᠠᠢ ᠵᠢᠨ ᠤᠢ ᠨᠢ ᠲᠡᠯᠡᠬᠡᠢ ᠳ᠋ᠤ᠌ ᠪᠠᠢᠭᠠᠯᠢᠯᠢᠭ᠋ ᠵᠢᠡᠷ ᠬᠠᠳᠠᠭᠠᠯᠠᠭᠳᠠᠵᠤ ᠪᠠᠢᠭ᠎ᠠ ᠭᠤᠷᠪᠠᠨ ᠶᠡᠬᠡ ᠲᠤᠤᠷᠠᠢ ᠵᠢᠨ ᠤᠢ ᠵᠢᠨ ᠨᠢᠬᠡ᠃ ᠵᠢᠭᠤᠯᠴᠢᠯᠠᠯᠤᠨ ᠦᠵᠡᠮᠵᠢᠲᠦ ᠣᠷᠣᠨ ᠪᠣᠯᠤᠭᠰᠠᠨᠤ ᠬᠤᠪᠢᠳᠤ᠂ ᠠᠷᠪᠠᠨ ᠰᠠᠷ᠎ᠠ ᠵᠢᠨ ᠲᠤᠤᠷᠠᠶ ᠵᠢᠨ ᠤᠢ ᠵᠢᠨ ᠦᠵᠡᠮᠵᠢ ᠨᠢ ᠪᠦᠬᠦ ᠤᠯᠤᠰ ᠤ᠋ᠨ ᠡᠯ᠎ᠠ ᠭᠠᠵᠠᠷ ᠤ᠋ᠨ ᠵᠢᠭᠤᠯᠴᠢᠯᠠᠭᠰᠠᠳ ᠤ᠋ᠨ ᠰᠤᠨᠢᠷᠬᠠᠯᠢ ᠲᠠᠳᠠᠳᠠᠭ᠃ 5A ᠲᠠᠰ ᠤ᠋ᠨ ᠲᠤᠤᠷᠠᠢ ᠵᠢᠨ ᠤᠢ ᠵᠢᠨ ᠦᠵᠡᠮᠵᠢ ᠵᠢᠨ ᠤᠷᠤᠨ᠂ 4A ᠲᠠᠰ ᠤ᠋ᠨ ᠴᠡᠬᠡ ᠪᠤᠭᠤᠮᠳᠠ ᠵᠢᠨ ᠠᠵᠤ ᠠᠬᠤᠢ ᠵᠢᠨ ᠨᠡᠬᠡᠬᠡᠯᠳᠡ ᠵᠢᠨ ᠤᠷᠤᠨ᠂ 4A ᠲᠠᠰ ᠤ᠋ᠨ ᠰᠤᠪᠨᠠᠭᠤᠷ ᠤ᠋ᠨ ᠵᠢᠭᠤᠯᠴᠢᠯᠠᠯ ᠤ᠋ᠨ ᠤᠷᠤᠨ᠂ 4A ᠲᠠᠰ ᠤ᠋ᠨ ᠬᠠᠷ᠎ᠠ ᠬᠤᠳᠠ ᠵᠢᠨ ᠪᠠᠭᠤᠷᠢ ᠵᠡᠷᠬᠡ ᠰᠠᠢᠬᠠᠨ ᠦᠵᠡᠮᠵᠢ ᠵᠢᠨ ᠤᠷᠤᠨ ᠳᠠᠢ᠃
(ᠡᠵᠡᠨ᠎ᠠ ᠬᠤᠰᠢᠭᠤᠨᠤ ᠬᠠᠮ ᠵᠠᠭᠤᠴᠢᠯᠠᠭᠤᠷᠤᠨ ᠳᠦᠪ ᠳᠠᠢ ᠬᠠᠮᠳᠤᠷᠡᠨ ᠤᠬᠠᠭᠠᠯᠠᠪᠠ)