ᠬᠠᠷ᠎ᠠ ᠠᠳᠤᠭᠤ ᠨᠢ ᠬᠠᠳᠠᠨ ᠴᠢᠨᠠᠷ ᠢ᠋ᠶ᠋ᠠᠷ ᠢ᠋ᠶ᠋ᠠᠨ ᠡᠷᠳᠡᠨ ᠡᠳᠦᠭᠡ᠎ᠶᠢ ᠬᠤᠯᠪᠤᠵᠦ᠂ ᠬᠦᠴᠦᠳᠦ ᠳᠦᠷᠪᠡᠨ ᠳᠤᠭᠤᠷᠡᠢ ᠪᠡᠷ ᠵᠢᠡᠨ ᠡᠰᠡᠨᠢᠯ ᠬᠦᠭᠵᠢᠯ ᠳᠠᠮᠠᠭᠠᠯᠠᠨ᠂ ᠠᠪᠠᠭ᠎ᠠ ᠵᠢᠨ ᠤᠤᠭᠠᠯ ᠨᠤᠲᠤᠭ ᠲᠠᠭᠠᠨ ᠴᠢᠮᠡᠭ᠂ ᠠᠯᠳᠠᠷ ᠢ᠋ ᠡᠷᠬᠦᠬᠦ ᠠᠮᠢᠨ ᠡᠷᠳᠡᠨᠢ ᠪᠤᠯᠤᠭᠰᠠᠨ ᠪᠤᠶᠤ᠃ ᠳᠡᠤᠭᠡ ᠶ᠋ᠢᠨ ᠤᠷᠳᠤ ᠠᠶᠠᠨ ᠵᠢᠩ ᠳ᠋ᠥ ᠳᠠᠭᠠᠭᠠᠴᠠ ᠲᠠᠢ ᠶᠠᠪᠤᠵᠦ ᠢᠷᠡᠭᠰᠡᠨ ᠤᠨᠤᠭ᠎ᠠ ᠬᠦ᠋ᠯᠦᠭ ᠮᠠᠨᠢ ᠬᠢᠯᠢᠩ ᠬᠠᠷ᠎ᠠ ᠦᠩᠭᠡ ᠪᠠᠷ ᠢ᠋ᠶ᠋ᠠᠨ ᠤᠨᠴᠠᠯᠢᠭ᠍ᠳᠠᠵᠦ᠂ ᠬᠤᠷᠳᠤᠴᠠ ᠰᠠᠢᠳᠠᠢ᠂ ᠬᠦᠢᠳᠡᠨ ᠳ᠋ᠥ ᠳᠡᠰᠪᠤᠷᠢ ᠳᠠᠭᠠᠭᠠᠴᠠ ᠲᠠᠢ᠂ ᠰᠢᠮ᠎ᠠ ᠰᠠᠭᠠᠮ᠎ᠠ ᠰᠠᠢᠳᠠᠢ᠂ ᠳᠠᠷᠭᠤ ᠬᠦᠴᠦ ᠪᠠᠨ ᠠᠮᠠᠷᠬᠠᠨ ᠠᠯᠳᠠᠳᠠᠭ ᠦᠭᠡᠢ᠂ ᠳᠠᠯ᠎ᠠ ᠨᠤᠲᠤᠭ ᠲᠠᠭᠠᠨ ᠵᠤᠬᠢᠴᠠᠵᠦ ᠴᠢᠳᠠᠳᠠᠭ ᠢ᠋ᠶ᠋ᠠᠷ ᠢ᠋ᠶ᠋ᠠᠨ ᠰᠢᠯᠢᠳᠡᠭ ᠡᠬᠦᠯᠳᠡᠷ ᠤ᠋ᠨ ᠠᠳᠤᠭᠤ ᠬᠡᠮᠡᠨ ᠳᠠᠭᠤᠷᠢᠰᠤᠭᠳᠠᠨᠠ᠃

ᠠᠳᠤᠭᠤᠴᠢᠨ᠎ᠤ ᠵᠢᠪᠬᠤᠭ᠎ᠠ
ᠡᠶᠡᠯᠳᠡᠭ ᠰᠡᠬᠦᠳᠡᠷᠯᠡᠪᠡ
ᠦᠨᠦᠳᠦᠷ᠂ ᠠᠪᠠᠭ᠎ᠠ ᠨᠤᠲᠤᠭ ᠨᠢ 《ᠲᠤᠮᠳᠠᠳᠦ ᠤᠯᠤᠰ ᠤ᠋ᠨ ᠬᠠᠷ᠎ᠠ ᠠᠳᠤᠭᠤᠨ ᠤ᠋ ᠨᠤᠳᠤᠭ》᠂ 《ᠳᠤᠮᠳᠠᠳᠤ ᠤᠯᠤᠰ᠎ᠤᠨ ᠴᠡᠭᠡ᠎ᠶᠢᠨ ᠨᠤᠲᠤᠭ》 ᠭᠡᠮᠡᠬᠦ ᠠᠯᠳᠠᠷ ᠢ᠋ ᠡᠷᠬᠦᠵᠦ ᠶᠠᠪᠤᠭᠰᠠᠨ ᠨᠢ ᠴᠦ᠍ ᠵᠦᠭᠡᠷ ᠯᠡ ᠨᠢᠭᠡ ᠨᠠᠷᠠ ᠶ᠋ᠢᠨ ᠳᠡᠳᠤᠢ ᠪᠢᠰᠢ ᠬᠡᠳᠡᠭ ᠢ᠋ ᠤᠢᠯᠠᠭᠠᠵᠦ ᠪᠤᠯᠬᠤ ᠶᠤᠮ᠃ᠰᠠᠩᠰᠡᠨ ᠪᠤᠯᠠᠭ ᠤᠨᠳᠤᠷᠤᠨ ᠤᠷᠤᠰᠴᠦ᠂ ᠨᠤᠲᠤᠭ ᠤ᠋ᠨ ᠠᠳᠤᠭᠤᠨ ᠤ᠋ᠳ ᠢ᠋ᠶ᠋ᠠᠨ ᠢᠪᠢᠯᠦᠨ ᠤᠮᠳᠠᠯᠠᠭᠰᠠᠭᠠᠷ ᠬᠦᠭᠵᠢᠯ ᠳᠠᠪᠰᠢᠯ ᠲᠠᠢ ᠦᠨᠦ ᠡᠷᠢᠨ ᠳ᠋ᠥ ᠵᠤᠯᠭᠠᠯ᠎ᠠ᠃ ᠬᠠᠷ᠎ᠠ ᠠᠳᠤᠭᠤ ᠨᠢ ᠦᠨᠦᠳᠦᠷ᠂ ᠰᠢᠨ᠎ᠠ ᠵᠠᠭᠤᠨ᠎ᠤ ᠲᠠᠯ᠎ᠠ ᠨᠤᠲᠤᠭ ᠲᠤ᠌ ᠪᠠᠰᠨ ᠬᠡᠮᠵᠢᠶᠡᠯᠡᠰᠢ ᠦᠭᠡᠢ ᠦᠨ᠎ᠠ ᠦᠷᠳᠡᠭ ᠨᠡᠮᠡᠷᠢᠯᠡᠨ᠂ ᠬᠠᠷ᠎ᠠ ᠠᠳᠤᠭᠤ ᠪᠠᠨ ᠮᠠᠯᠵᠢᠭ᠍ᠰᠠᠭ᠋ᠠᠷ ᠢᠷᠡᠭᠰᠡᠨ ᠠᠪᠠᠭ᠎ᠠ ᠶ᠋ᠢᠨ ᠠᠷᠠᠳ ᠮᠠᠯᠴᠢᠳ ᠲᠤ᠌ ᠤᠷᠤᠯᠭ᠎ᠠ ᠨᠡᠮᠡᠷᠢᠯᠡᠨ ᠠᠮᠢᠳᠤᠷᠠᠯ ᠦᠭᠡᠳᠡᠯᠡᠬᠦᠯᠬᠦ ᠰᠢᠨ᠎ᠠ ᠵᠠᠮ ᠢ᠋ ᠳᠡᠪᠢᠰᠴᠦ ᠦᠭᠭᠦᠯ᠎ᠡ᠃ ᠦᠶ᠎ᠠ ᠶ᠋ᠢᠨ ᠦᠶ᠎ᠠ ᠳᠠᠮᠵᠢᠨ᠂ ᠬᠠᠷ᠎ᠠ ᠠᠳᠤᠭᠤ ᠪᠠᠨ ᠮᠠᠯᠵᠢᠵᠦ᠂ ᠤᠨᠤᠭ᠎ᠠ ᠬᠦᠰᠭᠡ ᠪᠤᠯᠭᠠᠨ ᠠᠰᠢᠭ᠋ ᠳᠤᠰᠠ ᠶ᠋ᠢ ᠨᠢ ᠬᠦᠷᠳᠡᠭᠰᠡᠭᠡᠷ ᠢᠷᠡᠭᠰᠡᠨ ᠠᠷᠠᠳ ᠲᠦᠮᠡᠨ ᠨᠢ᠂ ᠠᠢᠷᠠᠭ ᠴᠡᠭᠡ ᠪᠠᠨ ᠳᠡᠭᠡᠳᠦᠯᠡᠨ ᠬᠦᠷᠳᠡᠵᠦ᠂ ᠤᠷᠤᠵᠦ ᠢᠷᠡᠭᠰᠡᠨ ᠠᠢᠯᠴᠢᠨ ᠬᠡᠢᠴᠢᠨ ᠪᠦᠬᠦᠨ ᠳ᠋ᠡᠬᠡᠨ ᠠᠶᠠᠭ᠎ᠠ ᠴᠡᠭᠡ ᠲᠠᠢ ᠤᠭᠳᠤᠳᠠᠭ ᠰᠠᠢᠬᠠᠨ ᠵᠠᠩᠰᠢᠯ ᠤᠳᠤ ᠴᠦ᠍ ᠬᠠᠳᠠᠭᠠᠯᠠᠭᠳᠠᠵᠦ ᠪᠤᠢ᠃ ᠬᠠᠷᠢᠨ ᠰᠤᠳᠤᠯᠭ᠎ᠠ ᠮᠡᠷᠭᠡᠵᠢᠯ ᠰᠠᠢᠵᠢᠷᠠᠭᠰᠠᠨ ᠴᠠᠭ᠂ ᠬᠠᠷ᠎ᠠ ᠠᠳᠤᠭᠤᠨ᠎ᠤ ᠠᠢᠷᠠᠭ ᠴᠡᠭᠡ ᠶ᠋ᠢᠨ ᠠᠰᠢᠭ᠋ ᠰᠢᠮ᠎ᠠ ᠶ᠋ᠢ ᠨᠢ ᠦᠨᠡᠯᠡᠬᠦ ᠡᠳᠦᠷ ᠲᠤᠯᠵᠦ ᠢᠷᠡᠬᠦ ᠳ᠋ᠥ᠂ ᠠᠳᠤᠭᠤ ᠪᠠᠷ ᠢ᠋ᠶ᠋ᠠᠨ ᠪᠠᠬᠠᠷᠬᠠᠳᠠᠭ ᠠᠪᠠᠭ᠎ᠠ ᠨᠤᠲᠤᠭ ᠤ᠋ᠨ ᠠᠷᠠᠳ ᠲᠤ᠌ ᠴᠠᠭᠯᠠᠰᠢ ᠦᠭᠡᠢ ᠶᠡᠬᠡ ᠪᠠᠶᠠᠷ ᠪᠤᠯᠤᠭᠰᠠᠨ ᠪᠠᠢᠵᠦ ᠳᠠᠭᠠᠷᠠᠨ᠎ᠠ᠂ ᠠᠪᠠᠭ᠎ᠠ ᠨᠤᠲᠤᠭ ᠤ᠋ᠨ ᠠᠷᠠᠳ ᠮᠠᠯᠴᠢᠳ᠂ ᠬᠠᠷᠢ ᠨᠤᠲᠤᠭ ᠤ᠋ᠨ ᠵᠤᠴᠢᠳ ᠴᠦ᠍ ᠬᠠᠷ᠎ᠠ ᠠᠳᠤᠭᠤᠨ᠎ᠤ ᠠᠰᠢᠭ᠋ ᠰᠢᠮ᠎ᠠ ᠶ᠋ᠢ ᠤᠯᠠᠮ ᠢᠯᠡᠬᠦᠦ ᠮᠡᠳᠡᠷᠡᠳᠡᠭ ᠪᠤᠯᠵᠦ᠂ ᠰᠡᠳᠬᠢᠯ ᠰᠡᠷᠬᠦᠭᠡᠮᠡ ᠰᠠᠢᠬᠠᠨ ᠴᠡᠭᠡ ᠨᠢ ᠳᠡᠳᠡᠨ ᠳ᠋ᠥ ᠮᠠᠷᠳᠠᠭᠳᠠᠰᠢ ᠦᠭᠡᠢ ᠠᠮᠳᠠ ᠮᠡᠳᠡᠷᠡᠮᠵᠢ ᠶ᠋ᠢ ᠮᠡᠳᠡᠷᠡᠬᠦᠯᠵᠦ ᠴᠢᠳᠠᠭᠰᠠᠨ ᠢ᠋ᠶ᠋ᠠᠷ ᠢ᠋ᠶ᠋ᠠᠨ ᠭᠠᠢᠬᠠᠯᠳᠠᠢ᠃
ᠶᠡᠷᠦ ᠨᠢ ᠠᠪᠠᠭ᠎ᠠ ᠨᠤᠲᠤᠭ ᠲᠤ᠌ ᠬᠠᠷ᠎ᠠ ᠠᠳᠤᠭᠤᠨ᠎ᠤ ᠰᠠᠭᠠᠮ᠎ᠠ ᠰᠦ ᠶ᠋ᠢ ᠢᠰᠭᠡᠵᠦ ᠠᠢᠷᠠᠭ ᠴᠡᠭᠡ ᠪᠤᠯᠪᠠᠰᠤᠷᠠᠭᠤᠯᠳᠠᠭ ᠠᠢᠯ ᠵᠦᠩᠳᠡᠭᠡᠨ ᠪᠠᠢᠳᠠᠭ ᠢᠯᠠᠩᠭᠤᠶ᠎ᠠ ᠠᠵᠦ ᠦᠢᠯᠡᠰᠵᠢᠬᠦᠯᠦᠨ᠂ ᠵᠠᠬ᠎ᠠ ᠳᠡᠯᠭᠡᠭᠦᠷᠴᠢᠯᠡᠬᠦ ᠶ᠋ᠢ ᠳᠡᠮᠵᠢᠬᠦ ᠶ᠋ᠢ ᠳᠠᠭᠠᠯᠳᠤᠨ᠂ ᠬᠠᠷ᠎ᠠ ᠠᠳᠤᠭᠤᠨ᠎ᠤ ᠳᠤᠰᠬᠠᠢ ᠮᠠᠯᠵᠢᠬᠤ ᠡᠷᠦᠭᠡ ᠪᠠᠷ ᠳᠠᠩᠰᠠᠯᠠᠭᠤᠯᠵᠦ᠂ ᠳᠡᠬᠦᠨ᠎ᠤ ᠠᠰᠢᠭ᠋ ᠰᠢᠮ᠎ᠠ ᠶ᠋ᠢ ᠨᠢ ᠪᠤᠯᠪᠠᠰᠤᠷᠠᠭᠤᠯᠵᠦ᠂ ᠠᠢᠷᠠᠭ ᠴᠡᠭᠡᠨ᠎ᠤ ᠤᠯᠠᠨ ᠲᠦᠷᠦᠯ ᠤ᠋ᠨ ᠪᠦᠲᠦᠭᠡᠭᠳᠡᠬᠦᠨ ᠢ᠋ ᠵᠤᠷᠢᠭ᠍ᠳᠠᠢ ᠬᠢᠵᠦ᠂ ᠵᠠᠬ᠎ᠠ ᠳᠡᠯᠭᠡᠭᠦᠷ ᠲᠤ᠌ ᠭᠠᠷᠭᠠᠵᠦ ᠶᠠᠪᠤᠭ᠎ᠠ ᠮᠠᠯᠴᠢᠨ ᠠᠢᠯ ᠤᠯᠠᠮ ᠢ᠋ᠶ᠋ᠠᠷ ᠤᠯᠠᠨ ᠪᠤᠯᠤᠭᠰᠠᠨ ᠶᠤᠮ᠃ ᠳᠡᠳᠡᠨ᠎ᠤ ᠨᠢᠭᠡ ᠨᠢ ᠮᠠᠯᠴᠢᠨ ᠬᠦᠷᠡᠯ ᠤ᠋ᠨ ᠬᠢ ᠪᠤᠯᠤᠨ᠎ᠠ᠃ ᠠᠪᠠᠭ᠎ᠠ ᠬᠣᠰᠢᠭᠤᠨ᠎ᠤ ᠪᠡᠯᠭᠦᠳᠡᠢ ᠪᠠᠯᠭᠠᠰᠤᠨ᠎ᠤ ᠰᠠᠢᠬᠠᠨᠳᠦ᠋ᠮᠡᠨ ᠭᠠᠴᠠᠭᠠᠨ᠎ᠤ ᠮᠠᠯᠴᠢᠨ ᠬᠦᠷᠡᠯ ᠦ᠋ᠨ ᠬᠢᠨ ᠬᠡᠳᠦᠨ ᠦᠶ᠎ᠡ ᠪᠡᠷ᠎ᠢᠶᠡᠨ ᠠᠳᠤᠭᠤ ᠮᠠᠯᠵᠢᠭ᠍ᠰᠠᠨ ᠠᠢᠯ ᠪᠢᠯᠡ᠃ ᠣᠳᠣ᠌ ᠠᠪᠠᠭ᠎ᠠ ᠬᠠᠷ᠎ᠠ ᠠᠳᠤᠭᠤ ᠪᠡᠷ ᠭᠣᠣᠯᠳᠠᠭᠤᠯᠤᠭᠰᠠᠨ 150 ᠭᠠᠷᠤᠢ ᠠᠳᠤᠭᠤ ᠮᠠᠯᠵᠢᠵᠤ ᠪᠣᠢ᠃ 2008 ᠣᠨ᠎ᠠᠴᠠ ᠡᠬᠢᠯᠡᠨ ᠠᠳᠤᠭᠤᠨ᠎ᠤ ᠠᠵᠤ ᠦᠢᠯᠡᠰ᠎ᠢ ᠬᠥᠭᠵᠢᠭᠦᠯᠬᠦ ᠪᠡᠷ ᠠᠳᠤᠭᠤᠨ᠎ᠤ᠎ᠪᠠᠨ ᠲᠣᠭ᠎ᠠ᠎ᠶᠢ ᠨᠡᠮᠡᠭᠳᠡᠭᠦᠯᠵᠦ᠂ 《ᠬᠠᠭᠠᠨ ᠴᠡᠭᠡ》 ᠨᠡᠷᠡᠲᠦ ᠲᠡᠮᠳᠡᠭᠳᠤ ᠵᠢ ᠳᠠᠩᠰᠠᠯᠠᠭᠤᠯᠵᠤ᠂ ᠭᠡᠭᠦᠦ ᠰᠠᠭᠠᠵᠤ ᠴᠡᠭᠡ ᠪᠣᠷᠣᠯᠠᠭᠤᠯᠤᠨ ᠣᠷᠣᠯᠭ᠎ᠠ᠎ᠪᠠᠨ ᠨᠡᠮᠡᠭᠳᠡᠭᠦᠯᠬᠦ ᠵᠠᠮ᠎ᠢᠶᠠᠷ ᠵᠠᠮᠨᠠᠭᠰᠠᠨ ᠪᠠᠢᠨ᠎ᠠ᠃ ᠪᠠᠰᠠ ᠬᠣᠶᠠᠷ ᠵᠢᠯ ᠭᠠᠷᠤᠢ᠎ᠶᠢᠨ ᠬᠤᠭᠤᠴᠠᠭ᠎ᠠ ᠲᠠᠢ ᠪᠦᠲᠦᠭᠡᠨ ᠪᠠᠢᠭᠤᠯᠤᠯᠳᠠ ᠬᠢᠵᠦ᠂ 2000 ᠳᠡᠭᠰᠢ ᠳᠥᠷᠪᠡᠯᠵᠢᠨ ᠮᠸᠲᠷ᠎ᠦᠨ ᠲᠠᠯᠠᠪᠠᠢ ᠲᠠᠢ 《ᠵᠡᠭᠦᠨ ᠡᠯᠡᠰᠦᠲᠡᠢ》 ᠭᠡᠷ ᠪᠦᠯᠢ᠎ᠶᠢᠨ ᠮᠠᠯᠵᠢᠯ᠎ᠤᠨ ᠲᠠᠯᠠᠪᠠᠢ᠎ᠶᠢ ᠪᠠᠢᠭᠤᠯᠵᠤ᠂ ᠪᠡᠯᠭᠦᠳᠡᠢ ᠪᠠᠯᠭᠠᠰᠤ᠎ᠶᠢᠨ ᠴᠡᠭᠡ ᠦᠢᠯᠡᠳᠪᠦᠷᠢᠯᠡᠵᠦ ᠡᠳ᠋ᠰᠢᠭᠦᠯᠬᠦ ᠵᠢᠱ᠌ᠢᠶ᠎ᠡ ᠦᠵᠡᠭᠦᠯᠬᠦ ᠭᠡᠷ ᠪᠦᠯᠢ᠎ᠶᠢᠨ ᠮᠠᠯᠵᠢᠯ᠎ᠤᠨ ᠲᠠᠯᠠᠪᠠᠢ ᠪᠡᠷ ᠦᠨᠡᠯᠡᠭᠳᠡᠵᠦ᠂ 2021 ᠤᠨ ᠳ᠋ᠤ᠌ ᠰᠢᠨ᠎ᠡ ᠪᠡᠷ 2500 ᠳᠡᠭᠰᠢ ᠲᠦᠷᠪᠡᠯᠵᠢᠨ ᠮᠸᠲᠷ ᠤ᠋ᠨ ᠤᠯᠠᠨ ᠴᠢᠳᠠᠮᠵᠢᠳᠦ ᠠᠳᠤᠭᠤᠨ ᠤ᠋ ᠫᠸᠩ ᠪᠠᠢᠭᠤᠯᠵᠦ᠂ ᠭᠡᠬᠦᠦ ᠰᠠᠭᠠᠬᠤ ᠫᠸᠩ ᠳ᠋ᠡᠭᠡᠨ ᠰᠢᠨᠡᠴᠢᠯᠡᠯᠳᠡ ᠬᠢᠵᠦ᠂ ᠤᠯᠠᠮᠵᠢᠯᠠᠯᠳᠦ ᠮᠠᠶᠢᠭ᠋ ᠢ᠋ᠶ᠋ᠠᠷ ᠰᠠᠭᠠᠬᠤ ᠴᠢᠳᠠᠮᠵᠢ ᠶ᠋ᠢ ᠪᠦᠷᠢᠳᠦᠬᠦᠯᠦᠨ᠂ 70 ᠰᠢᠬᠠᠮ ᠭᠡᠬᠦᠦ ᠵᠡᠷᠭᠡ ᠳ᠋ᠤᠨᠢ ᠰᠠᠭᠠᠵᠦ ᠴᠢᠳᠠᠬᠤ ᠪᠤᠯᠭᠠᠵᠦ᠂ ᠦᠢᠯᠡᠳᠪᠤᠷᠢᠯᠡᠯ ᠤ᠋ᠨ ᠦᠷ᠎ᠡ ᠠᠰᠢᠭ᠋ ᠢ᠋ᠶ᠋ᠠᠨ ᠪᠦᠳᠦᠮᠵᠢᠳᠠᠢ ᠲᠡᠭᠡᠭᠰᠢᠯᠡᠬᠦᠯᠵᠦ᠂ 2023 ᠣᠨ᠎ᠳᠤ 40 ᠭᠠᠷᠤᠢ ᠭᠡᠬᠦᠦ ᠪᠠᠷᠢᠵᠦ᠂ 300 ᠵᠢᠩ ᠴᠡᠭᠡ ᠪᠣᠷᠤᠯᠠᠭᠤᠯᠤᠨ ᠠᠢᠮᠠᠭ ᠳᠠᠶᠠᠭᠠᠷ ᠠᠯᠳᠠᠷᠰᠢᠭ᠍ᠰᠠᠨ ᠶᠤᠮ᠃ ᠨᠢᠳᠦᠨᠥᠨ ᠵᠢᠯ ᠭᠤᠴᠢᠭᠠᠳ ᠭᠡᠬᠦᠦ᠎ᠪᠠᠨ ᠡᠳᠦᠷ ᠲᠦ᠍ 5 ᠤᠳᠠᠭ᠎ᠠ ᠰᠠᠭᠠᠵᠤ᠂ ᠡᠳᠦᠷ᠎ᠦᠨ ᠭᠠᠷᠤᠯᠲᠠ ᠨᠢ 240 ᠡᠴᠡ 250 ᠵᠢᠩ ᠬᠦᠷᠴᠦ᠂ ᠮᠦᠨᠬᠦ ᠣᠬᠤᠷᠬᠠᠨ ᠬᠣᠶᠠᠷ ᠰᠠᠷ᠎ᠠ᠎ᠶᠢᠨ ᠬᠤᠭᠤᠴᠠᠭᠠᠨ᠎ᠳᠤ ᠪᠣᠷᠤᠯᠠᠭᠤᠯᠭ᠎ᠠ ᠨᠢ 18 ᠲᠦᠮᠡᠨ ᠲᠦᠭᠦᠷᠢᠭ᠎ᠲᠤ ᠬᠦᠷᠦᠭᠰᠡᠨ ᠶᠡᠬᠡᠬᠡᠨ ᠠᠮᠵᠢᠯᠲᠠ ᠲᠠᠢ᠃ ᠲᠡᠷᠡ ᠦᠪᠡᠷᠳᠡᠭᠡᠨ ᠴᠢᠨᠡᠭᠡᠯᠢᠭᠵᠢᠭᠡᠳ ᠯᠡ ᠰᠠᠭᠤᠭᠰᠠᠨ ᠪᠢᠰᠢ᠂ ᠬᠠᠷᠢᠨ ᠦᠷᠦᠭᠡᠯ ᠳ᠋ᠤ᠌ ᠲᠤᠰᠠᠷᠬᠠᠭ ᠶᠠᠪᠤᠬᠤ ᠶ᠋ᠢ ᠪᠤᠳᠤᠵᠦ᠂ 6 ᠬᠦᠮᠦᠨ ᠳ᠋ᠤ᠌ ᠠᠵᠢᠯ ᠤ᠋ᠨ ᠪᠠᠢᠷᠢ ᠬᠠᠩᠭᠠᠵᠦ᠂ ᠵᠢᠯ ᠤ᠋ᠨ 7.2 ᠲᠦᠮᠡᠨ ᠲᠦᠬᠦᠷᠢᠭ ᠤ᠋ᠨ ᠤᠷᠤᠯᠭ᠎ᠠ ᠤᠯᠭᠤᠵᠦ ᠪᠠᠢᠭ᠎ᠠ ᠶᠤᠮ᠃
ᠠᠵᠤ ᠦᠢᠯᠡᠰ᠎ᠤᠨ ᠳᠡᠰ ᠲᠡᠪᠰᠢᠯᠳᠡ᠎ᠨᠢ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠤᠨ ᠲᠦᠰᠢᠭ ᠠ᠋ᠴᠠ ᠰᠠᠯᠵᠤ ᠴᠢᠳᠠᠰᠢ ᠦᠭᠡᠢ᠃ ᠣᠷᠴᠢᠮ᠎ᠤᠨ ᠵᠢᠯ᠎ᠳᠤ᠂ ᠠᠪᠠᠭ᠎ᠠ ᠬᠤᠰᠢᠭᠤ ᠨᠢ ᠡᠣᠢ᠍ᠪᠤᠷ ᠮᠣᠩᠭᠣᠯ᠎ᠤᠨ ᠳᠠᠷᠢᠶᠡᠯᠡᠩ᠎ᠤᠨ ᠶᠡᠬᠡ ᠰᠤᠷᠭᠠᠭᠤᠯᠢ ᠲᠠᠢ ᠰᠤᠷᠭᠠᠭᠤᠯᠢ ᠡᠠᠵᠣ᠌ ᠠᠬᠤᠢᠯᠠᠯ᠎ᠤᠨ ᠬᠠᠮᠲᠤᠷᠠᠯᠴᠠᠭ᠎ᠠ ᠬᠢᠵᠦ᠂ ᠴᠡᠬᠡ᠎ᠶᠢᠨ ᠲᠠᠯᠬ᠎ᠠ᠂ ᠴᠡᠭᠡ᠎ᠶᠢᠨ ᠠᠰᠢᠭ᠍ᠳᠦ ᠪᠠᠺᠲᠸᠷᠢ ᠶ᠋ᠢᠨ ᠪᠦᠲᠦᠭᠡᠭᠳᠡᠭᠦᠨ᠎ᠢ ᠰᠤᠳᠤᠯᠤᠨ ᠦᠢᠯᠡᠳᠪᠠ; ᠡᠣᠯᠠᠠ ᠲᠦᠷᠦᠯ᠎ᠤᠨ ᠲᠤᠰᠬᠠᠢ ᠠᠰᠢᠭ᠋᠎ᠤᠨ ᠡᠷᠭᠡ ᠶ᠋ᠢᠨ ᠮᠡᠷᠭᠡᠵᠢᠯ ᠪᠣᠯᠤᠨ ᠡᠠᠵᠣ᠌ ᠡᠠᠬ᠍ᠤᠢᠯᠠᠯᠤᠨ ᠪᠠᠷᠢᠮᠵᠢᠶ᠎ᠠ᠎ᠶᠢ ᠲᠣᠭᠲᠠᠭᠠᠭᠰᠠᠨ᠎ᠨᠢ ᠤᠯᠠᠮᠵᠢᠯᠠᠯᠲᠤ ᠤᠮᠳᠠᠭᠠᠨ᠎ᠢ ᠶᠠᠰᠤ ᠴᠢᠨᠠᠷ᠎ᠤᠨ ᠬᠠᠮᠢᠶᠠᠷᠤᠯᠲᠠ᠎ᠶᠢᠨ ᠰᠢᠰᠲᠧᠮ᠎ᠤᠨ ᠭᠡᠷᠡᠴᠢᠯᠡᠯ ᠲᠠᠢ ᠪᠤᠯᠭᠠᠵᠦ᠂ ᠪᠤᠢ᠍ᠭᠦ ᠡᠣᠯᠣᠰ᠎ᠤᠨ ᠵᠠᠬ᠎ᠠ ᠳᠡᠯᠭᠡᠭᠦᠷ᠎ᠲᠤ ᠭᠠᠷᠭᠠᠭᠰᠠᠨ ᠪᠠᠢᠨ᠎ᠠ᠃ ᠵᠣᠣ ᠹᠦ ᠠᠵᠤ ᠠᠬᠤᠶ ᠠᠷᠠᠯᠵᠢᠶᠠᠨ ᠤ᠋ ᠬᠢᠵᠠᠭᠠᠷᠳᠦ ᠺᠤᠮᠫᠠᠨᠢ᠂ ᠢᠰᠭᠡ ᠠᠮᠢᠳᠤ ᠪᠣᠳᠠᠰ᠎ᠤᠨ ᠰᠢᠨᠵᠢᠯᠡᠭᠡ ᠮᠡᠷᠭᠡᠵᠢᠯ ᠤ᠋ᠨ ᠬᠢᠵᠠᠭᠠᠷᠳᠦ ᠺᠤᠮᠫᠠᠨᠢ ᠵᠡᠷᠭᠡ ᠲᠣᠯᠣᠭᠠᠶ᠋ᠢᠯᠠᠭ᠍ᠴᠢ ᠠᠵᠤ ᠠᠬᠤᠶ᠋ᠢᠯᠠᠯ ᠲᠦᠷᠦᠭᠦᠯᠡᠨ᠂ 1536 ᠭᠡᠭᠦᠦ ᠪᠡ 57 ᠮᠠᠯᠵᠢᠬᠤ ᠡᠷᠦᠬᠡ᠂ 12 ᠡᠳ᠋ᠰᠢᠭᠦᠯᠬᠦ ᠵᠢᠵᠢᠭ ᠦᠢᠯᠡᠳᠬᠡᠯ ᠤ᠋ᠨ ᠭᠠᠵᠠᠷ ᠢ᠋ ᠬᠡᠯᠬᠢᠶᠡᠵᠢᠬᠦᠯᠦᠨ ᠬᠤᠯᠪᠣᠵᠤ᠂ 2024 ᠣᠨ᠎ᠳᠤ ᠴᠡᠭᠡ ᠶ᠋ᠢᠨ ᠭᠠᠷᠤᠯᠳᠠ 484 ᠲᠣᠨ ᠬᠦᠷᠴᠦ᠂ 1400 ᠲᠦᠮᠡᠨ ᠲᠥᠭᠦᠷᠢᠭ᠎ᠤᠨ ᠦᠢᠯᠡᠳᠬᠦᠨ᠎ᠤ ᠥᠷᠲᠡᠭ᠎ᠢ ᠡᠬᠦᠳᠦᠨ᠂ ᠮᠠᠯᠴᠢᠨ ᠲᠦᠮᠡᠨ᠎ᠢ ᠳᠠᠶ᠋ᠢᠴᠢᠯᠠᠨ ᠣᠷᠣᠯᠭ᠎ᠠ᠎ᠶᠢ᠎ᠨᠢ ᠨᠡᠮᠡᠭᠳᠡᠭᠦᠯᠪᠠ᠃
ᠠᠪᠠᠭ᠎ᠠ ᠬᠣᠰᠢᠭᠤᠨ᠎ᠤ ᠵᠣᠣ ᠹᠦ ᠠᠷᠠᠯᠵᠢᠶ᠎ᠠ ᠬᠤᠳᠠᠯᠳᠤᠭᠠᠨ ᠤ᠋ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠪᠣᠯ ᠰᠢᠨᠵᠢᠯᠡᠬᠦ ᠤᠬᠠᠭᠠᠨ᠂ ᠠᠵᠤ ᠦᠢᠯᠡᠳᠪᠦᠷᠢ ᠪᠠ ᠠᠷᠠᠯᠵᠢᠶ᠎ᠠ᠎ᠶᠢ ᠨᠢᠭᠡ ᠴᠣᠭᠴᠠᠵᠢᠭᠤᠯᠤᠭᠰᠠᠨ᠂ ᠦᠢᠯᠡᠳᠪᠤᠷᠢᠯᠡᠬᠦ᠂ ᠬᠠᠩᠭᠠᠬᠤ᠂ ᠪᠣᠷᠣᠯᠠᠭᠤᠯᠬᠤ᠎ᠶᠢ ᠤᠶᠠᠯᠳᠤᠭᠤᠯᠤᠭᠰᠠᠨ ᠰᠢᠨᠵᠢᠯᠡᠭᠡ ᠮᠡᠷᠭᠡᠵᠢᠯ᠎ᠦᠨ ᠬᠡᠯᠪᠡᠷᠢ᠎ᠶᠢᠨ ᠠᠷᠠᠳ ᠠ᠋ᠴᠠ ᠡᠵᠡᠩᠨᠡᠭᠰᠡᠨ ᠠᠵᠤ ᠠᠬᠤᠢᠯᠠᠯ ᠪᠠᠢᠵᠤ᠂ ᠪᠦᠳᠦᠭᠡᠭᠳᠡᠬᠦᠨ ᠢ᠋ᠶ᠋ᠠᠨ ᠴᠡᠭᠡ ᠪᠡᠷ ᠲᠦᠭᠦᠬᠡᠢ ᠮᠠᠲᠧᠷᠢᠶᠠᠯ ᠪᠣᠯᠭᠠᠨ ᠨᠠᠷᠢᠯᠢᠭ᠋ ᠡᠳ᠋ᠰᠢᠬᠦᠯᠳᠡᠭ᠃ ᠤᠳᠤᠬᠠᠨ ᠪᠤᠯᠳᠠᠯ᠎ᠠ ᠴᠡᠭᠡ᠎ᠶᠢᠨ ᠵᠠᠢᠷᠮᠠᠭ᠂ ᠴᠡᠭᠡ᠎ᠶᠢᠨ ᠲᠠᠯᠬ᠎ᠠ᠂ ᠴᠡᠭᠡ᠎ᠶᠢᠨ ᠦᠷᠢᠯ ᠭᠡᠬᠦ ᠮᠡᠲᠦᠴᠢᠯᠡᠨ 7 ᠲᠦᠷᠦᠯ ᠤ᠋ᠨ 23 ᠵᠦᠢᠯ ᠤ᠋ᠨ ᠴᠡᠭᠡ ᠪᠡᠷ ᠡᠳ᠋ᠰᠢᠬᠦᠯᠦᠭᠰᠡᠨ ᠰᠢᠨ᠎ᠡ ᠪᠦᠲᠦᠭᠡᠭᠳᠡᠭᠦᠨ ᠲᠠᠢ ᠪᠠᠢᠵᠦ᠂ ᠪᠦᠬᠦ ᠤᠯᠤᠰ ᠤ᠋ᠨ ᠡᠯ᠎ᠡ ᠭᠠᠵᠠᠷ ᠲᠣ᠌ ᠴᠢᠨᠠᠭᠰᠢᠯᠠᠨ ᠶᠠᠫᠤᠨ ᠵᠡᠷᠭᠡ ᠤᠯᠤᠰ ᠲᠣ᠌ ᠴᠦ᠍ ᠪᠤᠷᠤᠯᠠᠭᠤᠯᠵᠦ ᠪᠠᠢᠭ᠎ᠠ᠃
ᠤᠢᠯᠠᠭᠠᠭᠰᠠᠨ ᠢ᠋ᠶ᠋ᠠᠷ᠂ ᠠᠪᠠᠭ᠎ᠠ ᠨᠤᠲᠤᠭ ᠲᠤ᠌ ᠵᠤᠨ ᠪᠤᠯᠪᠠᠯ ᠠᠢᠷᠠᠭ ᠴᠡᠭᠡ ᠤᠤᠭᠤᠵᠦ ᠬᠤᠤᠷ ᠳᠠᠢᠯᠳᠠᠭ ᠵᠠᠩᠰᠢᠯ ᠢᠵᠠᠭᠤᠷ ᠠ᠋ᠴᠠ ᠪᠠᠨ ᠪᠠᠢᠳᠠᠭ᠂ ᠨᠤᠲᠤᠭ ᠤ᠋ᠨ ᠬᠦᠮᠦᠨ ᠠᠷᠠᠳ ᠨᠢ ᠬᠠᠷ᠎ᠠ ᠠᠳᠤᠭᠤᠨ᠎ᠤ ᠠᠰᠢᠭ᠋ ᠦᠢᠯᠡᠳᠦᠯ ᠢ᠋ ᠮᠡᠳᠡᠷᠡᠵᠦ ᠡᠳ᠋ᠯᠡᠭᠰᠡᠭᠡᠷ ᠢᠷᠡᠭᠰᠡᠨ ᠬᠡᠳᠡᠭ ᠨᠢ ᠢᠯᠡᠭᠡᠨ᠃ ᠠᠪᠠᠭ᠎ᠠ ᠬᠤᠰᠢᠭᠤ ᠨᠢ ᠴᠡᠭᠡ ᠶ᠋ᠢᠨ ᠡᠷᠡᠬᠦᠯᠵᠢᠯ ᠰᠤᠪᠢᠯᠠᠯᠳᠠ ᠡᠮᠴᠢᠯᠡᠭᠡ ᠶ᠋ᠢ ᠨᠢᠭᠡ ᠴᠤᠭᠴᠠᠵᠢᠭᠤᠯᠤᠭᠰᠠᠨ ᠬᠦᠭᠵᠢᠯᠳᠡ ᠶ᠋ᠢ ᠠᠬᠢᠭᠤᠯᠵᠦ ᠡᠬᠢᠯᠡᠨ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠲᠥᠷᠥᠯ ᠵᠦᠢᠯ᠎ᠦᠨ ᠳᠡᠮᠵᠢᠯᠭᠡ᠎ᠪᠡᠷ ᠳᠡᠮᠵᠢᠨ᠂ ᠬᠣᠰᠢᠭᠤᠨ᠎ᠤ ᠮᠣᠩᠭᠣᠯ ᠡᠮᠨᠡᠯᠭᠡ᠎ᠶᠢᠨ ᠬᠣᠷᠢᠶ᠎ᠠ᠎ᠶᠢ ᠬᠥᠲᠥᠯᠥᠨ ᠵᠢᠯᠤᠭᠣᠳᠴᠤ ᠪᠠᠢᠭᠠᠳ ᠣᠯᠠᠨ ᠵᠦᠢᠯ᠎ᠦᠨ ᠡᠪᠡᠳᠴᠢᠨ ᠠᠷᠬᠠᠭ᠎ᠢ ᠡᠮᠨᠡᠨ ᠵᠠᠰᠠᠬᠤ ᠪᠠ ᠡᠷᠡᠭᠦᠯᠵᠢᠭᠦᠯᠬᠦ ᠠᠷᠭ᠎ᠠ᠎ᠲᠠᠢ ᠤᠶᠠᠯᠳᠤᠭᠤᠯᠵᠤ᠂ ᠢᠳᠡᠭᠡᠨ ᠤᠮᠳᠠᠭᠠᠨ᠎ᠤ ᠡᠮᠴᠢᠯᠡᠭᠡ᠂ ᠡᠳᠦᠷ ᠲᠤᠲᠤᠮ᠎ᠤᠨ ᠠᠮᠢᠳᠤᠷᠠᠯ᠎ᠤᠨ ᠡᠮᠴᠢᠯᠡᠭᠡ᠂ ᠡᠮ᠎ᠳᠦ ᠡᠮᠴᠢᠯᠡᠭᠡ ᠪᠠ ᠠᠨᠠᠭᠠᠬᠤ ᠡᠮᠴᠢᠯᠡᠭᠡ ᠵᠡᠷᠭᠡ ᠳᠥᠷᠪᠡᠨ ᠵᠦᠢᠯ᠎ᠦᠨ ᠡᠪᠡᠳᠴᠢᠨ ᠡᠮᠭᠡᠭ᠎ᠦᠨ ᠡᠮᠴᠢᠯᠡᠭᠡ ᠪᠠ ᠡᠷᠡᠭᠦᠯᠵᠢᠯ᠎ᠦᠨ ᠠᠷᠭ᠎ᠠ᠎ᠶᠢ ᠪᠡᠭᠢᠵᠢᠬᠦᠯᠦᠨ᠂ ᠰᠢᠨ᠎ᠡ᠎ᠪᠡᠷ ᠪᠠᠢᠭᠤᠯᠤᠭᠰᠠᠨ 6 ᠴᠡᠭᠡ ᠶ᠋ᠢᠨ ᠠᠵᠦ ᠦᠢᠯᠡᠰ ᠤ᠋ᠨ ᠰᠠᠭᠤᠷᠢᠨ ᠭᠠᠵᠠᠷ᠎ᠲᠠᠢ ᠬᠠᠮᠲᠤᠷᠠᠨ ᠠᠪᠠᠭ᠎ᠠ ᠬᠠᠷ᠎ᠠ ᠠᠳᠤᠭᠤᠨ᠎ᠤ ᠴᠡᠭᠡ ᠵᠠᠰᠠᠯ᠎ᠤᠨ ᠭᠠᠵᠠᠷ ᠪᠠ ᠰᠤᠪᠢᠯᠠᠯᠲᠠ᠎ᠶᠢᠨ ᠰᠠᠭᠤᠷᠢᠨ ᠭᠠᠵᠠᠷ᠎ᠢ ᠪᠠᠢᠭᠤᠯᠵᠤ᠂ 《ᠤᠯᠠᠮᠵᠢᠯᠠᠯᠳᠦ ᠴᠡᠭᠡ ᠵᠠᠰᠠᠯ》 ᠢ᠋ ᠬᠢᠵᠦ᠂ ᠲᠦᠩᠯᠢᠶᠣᠣ ᠬᠣᠲᠠ᠎ᠶᠢᠨ ᠬᠠᠷᠢᠶᠠᠲᠤ ᠡᠮᠨᠡᠯᠭᠡ᠎ᠶᠢᠨ ᠬᠣᠷᠢᠶ᠎ᠠ᠎ᠶᠢᠨ ᠡᠷᠡᠭᠦᠯᠵᠢᠯ᠎ᠦᠨ ᠲᠥᠪ᠎ᠦᠨ ᠡᠪᠡᠳᠴᠢᠲᠡᠨ᠎ᠢ ᠰᠠᠯᠭᠠᠨ ᠡᠮᠨᠡᠬᠦ ᠪᠤᠯᠵᠠᠢ᠃
ᠶᠡᠷᠦ ᠨᠢ ᠬᠠᠢᠨ ᠰᠦᠪᠡᠭᠴᠢᠯᠡᠯᠳᠡ ᠶ᠋ᠢᠨ ᠲᠤᠮᠳᠠ ᠤᠷᠤᠭ᠍ᠰᠢ ᠬᠦᠭᠵᠢᠳᠡᠭ ᠨᠢ ᠦᠨᠡᠨ ᠠᠢ᠃ ᠠᠪᠠᠭ᠎ᠠ ᠬᠠᠷ᠎ᠠ ᠠᠳᠤᠭᠤ ᠪᠣᠯ ᠰᠢᠯᠢᠳᠡᠭ ᠮᠠᠯ ᠠᠵᠤ ᠠᠬᠤᠢ᠎ᠶᠢᠨ ᠡᠬᠢ ᠪᠠᠶᠠᠯᠢᠭ᠋ ᠪᠣᠯᠬᠤ᠎ᠪᠠᠷ ᠪᠠᠷᠠᠬᠤ ᠦᠭᠡᠢ᠂ ᠨᠡᠩ ᠴᠤ᠌ 《ᠬᠥᠮᠦᠨ ᠬᠢᠭᠡᠳ ᠪᠠᠶ᠋ᠢᠭᠠᠯᠢ ᠡᠶ᠎ᠡ ᠵᠣᠬᠢᠴᠠᠩᠭᠤᠢ᠎ᠪᠠᠷ ᠬᠠᠮᠲᠤ ᠣᠷᠣᠰᠢᠬᠤ》 ᠶ᠋ᠢᠨ ᠠᠮᠢᠳᠤᠯᠢᠭ᠋ ᠤᠯᠠᠮᠵᠢᠯᠠᠯ ᠪᠠᠢᠵᠦ ᠳᠠᠭᠠᠷᠠᠨ᠎ᠠ᠃ ᠠᠪᠠᠭ᠎ᠠ ᠬᠤᠰᠢᠭᠤ ᠨᠢ ᠣᠷᠣᠨ ᠪᠦᠰᠡ᠎ᠶᠢᠨ ᠳᠠᠪᠠᠭᠤᠯᠢᠭ᠋ ᠪᠠ ᠠᠳᠤᠭᠤᠨ᠎ᠤ ᠡᠬᠢ ᠪᠠᠶᠠᠯᠢᠭ᠋᠎ᠤᠨ ᠳᠠᠪᠠᠭᠤᠯᠢᠭ᠋᠎ᠢᠶᠠᠨ ᠭᠦᠢᠴᠡᠳ ᠠᠰᠢᠭ᠍ᠯᠠᠨ᠂ ᠠᠳᠤᠭᠤᠨ ᠰᠣᠶᠣᠯ᠎ᠤᠨ ᠨᠠᠷᠠᠲᠤ ᠲᠡᠮᠳᠡᠭᠲᠦ᠎ᠶᠢ ᠡᠬᠦᠳᠦᠨ᠂ ᠠᠳᠤᠭᠤᠨ ᠰᠣᠶᠣᠯ᠎ᠤᠨ ᠲᠠᠲᠠᠬᠤ ᠬᠦᠴᠦᠨ ᠪᠠ ᠠᠭᠤᠯᠤᠭᠳᠠᠬᠤᠨ᠎ᠢ ᠨᠠᠩ ᠣᠯᠠᠨ ᠬᠥᠮᠦᠰ᠎ᠲᠤ ᠤᠢᠯᠠᠭᠠᠭᠤᠯᠬᠤ ᠶ᠋ᠢ ᠵᠤᠷᠢᠭ᠍ᠰᠠᠨ ᠶᠤᠮ᠃
ᠬᠠᠷ᠎ᠠ ᠠᠳᠤᠭᠤᠨ ᠰᠣᠶᠣᠯ ᠪᠣᠯᠤᠨ ᠴᠡᠭᠡ ᠶ᠋ᠢᠨ ᠠᠵᠤ ᠦᠢᠯᠡᠰ᠎ᠨᠢ ᠰᠣᠶᠣᠯ ᠵᠤᠭᠠᠴᠠᠯ᠎ᠤᠨ ᠠᠭᠤᠰᠤᠯᠴᠠᠯ᠎ᠢ ᠬᠦᠴᠦᠲᠡᠢ ᠳᠦᠯᠬᠢᠨ ᠠᠬᠢᠭᠤᠯᠵᠤ᠂ ᠠᠪᠠᠭ᠎ᠠ ᠬᠤᠰᠢᠭᠤᠨ᠎ᠤ ᠬᠦᠭᠵᠢᠬᠦᠯᠦᠨ ᠮᠠᠨᠳᠤᠭᠤᠯᠬᠤ ᠵᠠᠮ ᠢ ᠳᠤᠳᠤᠷᠠᠭᠤᠯᠤᠭᠰᠠᠭᠠᠷ ᠁
ᠣᠶ᠋ᠢᠷ᠎ᠠ᠎ᠶᠢᠨ ᠵᠢᠯ᠎ᠠᠴᠠ᠂ 《ᠰᠣᠶᠣᠯ + ᠠᠮᠢ ᠠᠬᠤᠶ + ᠪᠡᠶᠡᠴᠢᠯᠡᠨ ᠣᠶ᠋ᠢᠯᠠᠭᠠᠬᠤ》 ᠪᠠᠷ ᠭᠤᠤᠯ ᠪᠣᠯᠭᠠᠵᠤ᠂ 《ᠲᠡᠬᠦᠰ ᠦᠵᠡᠮᠵᠢ᠎ᠶᠢᠨ ᠬᠡᠯᠪᠡᠷᠢ + ᠪᠡᠶᠡᠴᠢᠯᠡᠨ ᠤᠢᠯᠠᠭᠠᠬᠤ ᠬᠡᠯᠪᠡᠷᠢ》 ᠪᠦᠬᠦᠢ ᠠᠮᠢ ᠠᠬᠤᠶ ᠶ᠋ᠢᠨ ᠪᠤᠯᠪᠠᠰᠤᠨ ᠤ ᠬᠦᠮᠦᠵᠢᠯ ᠤ᠋ᠨ ᠵᠤᠭᠠᠴᠠᠯ ᠤ᠋ᠨ ᠰᠢᠨ᠎ᠡ ᠵᠠᠮ ᠱᠤᠭᠤᠮ ᠢ᠋ ᠴᠤᠭᠴᠠᠯᠠᠨ ᠪᠠᠢᠭᠤᠯᠪᠠ᠃ ᠵᠤᠭᠠᠴᠠᠭᠰᠠᠳ ᠤᠮᠠᠷᠠᠲᠤ ᠬᠢᠯᠢ᠎ᠶᠢᠨ ᠵᠠᠮ ᠱᠤᠭᠤᠮ᠎ᠢᠶᠠᠷ ᠬᠠᠷ᠎ᠠ ᠠᠳᠤᠭᠤ᠎ᠶᠢ ᠭᠠᠷᠰᠢᠭᠤᠯᠤᠨ ᠲᠡᠵᠢᠭᠡᠬᠦ ᠰᠠᠭᠤᠷᠢᠨ ᠭᠠᠵᠠᠷ᠎ᠢᠶᠠᠷ ᠠᠶᠠᠯᠠᠵᠤ᠂ ᠴᠡᠭᠡ ᠢᠰᠬᠡᠬᠦ ᠦᠢᠯᠡᠳᠭᠡᠯ ᠤ᠋ᠨ ᠭᠠᠵᠠᠷ᠎ᠲᠤ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ ᠴᠢᠨᠠᠷᠲᠠᠶ ᠲᠥᠷᠥᠯ ᠵᠦᠢᠯ ᠪᠤᠯᠬᠤ ᠴᠡᠭᠡ ᠢᠰᠭᠡᠬᠦ ᠮᠡᠷᠭᠡᠵᠢᠯ᠎ᠢ ᠪᠡᠶᠡᠴᠢᠯᠡᠨ ᠣᠶ᠋ᠢᠯᠠᠭᠠᠵᠤ ᠪᠣᠯᠤᠨ᠎ᠠ᠃ ᠵᠤᠭᠠᠴᠠᠭᠰᠠᠳ ᠵᠢᠭᠤᠯᠴᠢᠯᠠᠵᠤ ᠰᠡᠭᠦᠳᠡᠷᠯᠡᠬᠦ ᠭᠡᠷ ᠪᠠᠭᠤᠳᠠᠯ ᠳ᠋ᠤ᠌ ᠠᠬ᠍ᠳᠠ ᠶ᠋ᠢᠨ ᠲᠦᠪᠡᠷᠭᠡᠨ ᠲᠠᠢ ᠦᠷᠯᠦᠭᠡ ᠶ᠋ᠢ ᠲᠠᠯ᠎ᠠ ᠨᠤᠳᠤᠭ ᠤ᠋ᠨ ᠴᠡᠪᠡᠷ ᠠᠭᠠᠷ ᠳᠠᠢ ᠠᠮᠢᠰᠬᠤᠯᠯᠠᠵᠦ ᠤᠭᠳᠤᠨ᠂ ᠪᠠᠰᠠ 《ᠬᠡᠤᠬᠡᠳ ᠪᠠ ᠮᠣᠷᠢ》 ᠭᠤᠤᠯ ᠰᠡᠳᠦᠪᠲᠦ ᠰᠣᠶᠣᠯ᠎ᠤᠨ ᠬᠦᠷᠢᠶᠡᠯᠡᠩ᠎ᠳᠤ ᠮᠣᠷᠢᠨ ᠮᠡᠷᠭᠡᠵᠢᠯ᠎ᠤᠨ ᠪᠣᠯᠪᠠᠰᠤᠷᠠᠯ᠎ᠳᠤ ᠣᠷᠣᠯᠴᠠᠵᠤ᠂ ᠭᠡᠷ ᠪᠦᠯᠢ ᠪᠡᠷ ᠢ᠋ᠶ᠋ᠠᠨ ᠰᠤᠳᠤᠯᠤᠨ ᠰᠣᠷᠣᠯᠴᠠᠵᠤ᠂ ᠠᠬᠤᠢ ᠲᠠᠯᠠᠪᠠᠶ᠎ᠳᠤ ᠪᠠᠶᠡᠴᠢᠯᠡᠨ ᠤᠷᠤᠯᠴᠠᠵᠦ᠂ ᠰᠣᠶᠣᠯ᠎ᠤᠨ ᠡᠭᠦᠳᠦᠯᠲᠡ᠎ᠶᠢᠨ ᠪᠦᠲᠦᠭᠡᠭᠳᠡᠬᠦᠨ᠎ᠢ ᠭᠦᠨᠵᠡᠭᠡᠢ ᠤᠢᠯᠠᠭᠠᠬᠤ ᠪᠤᠯᠤᠮᠵᠢ ᠳᠠᠢ ᠪᠤᠯᠵᠡᠢ᠃
ᠵᠢᠷᠦᠭᠡᠨ ᠲᠠᠯ᠎ᠠ ᠳ᠋ᠥ ᠡᠭᠡᠨᠡᠭᠰᠢᠨ ᠳᠠᠰᠤᠯᠴᠠᠭᠰᠠᠨ ᠠᠳᠤᠭᠤ ᠬᠦᠮᠦᠨ ᠬᠤᠶᠠᠷ ᠤ᠋ᠨ ᠬᠤᠪᠢ ᠪᠠᠷᠢᠯᠳᠤᠯᠭ᠎ᠠ ᠨᠢ ᠳᠡᠤᠭᠡ ᠶ᠋ᠢ ᠪᠦᠲᠦᠭᠡᠵᠦ᠂ ᠦᠨᠦᠳᠦᠷ ᠢ᠋ ᠪᠢᠴᠢᠭᠯᠡᠨ᠂ ᠢᠷᠡᠭᠡᠳᠦᠢ ᠶ᠋ᠢ ᠵᠢᠷᠤᠭᠯᠠᠵᠦ᠂ ᠠᠪᠠᠭ᠎ᠠ ᠶ᠋ᠢᠨ ᠲᠠᠯ᠎ᠠ ᠳ᠋ᠥ ᠪᠢᠴᠢᠭᠳᠡᠭᠰᠡᠨ 《ᠮᠤᠩᠭᠤᠯ ᠮᠤᠷᠢᠨ》᠎ᠤ᠋ ᠵᠤᠷᠢᠭ᠋ ᠰᠠᠨᠠᠭ᠎ᠠ ᠶ᠋ᠢ ᠪᠠᠳᠠᠷᠠᠭᠤᠯᠬᠤ ᠪᠤᠳᠠᠳᠦ ᠨᠢᠭᠡᠨ ᠢᠯᠡᠷᠡᠯ ᠪᠤᠯᠵᠦ ᠪᠠᠢᠨ᠎ᠠ᠃ ᠡᠳᠦᠭᠡ᠂ 《ᠠᠵᠠ ᠬᠡᠢᠮᠦᠷᠢ᠎ᠲᠦ ᠠᠪᠠᠭ᠎ᠠ ᠬᠣᠰᠢᠭᠤ》 ᠳᠦᠷᠦᠯ ᠲᠡᠮᠳᠡᠭ᠎ᠤᠨ ᠨᠥᠯᠥᠭᠡᠯᠡᠬᠦ ᠬᠦᠴᠦᠨ ᠦᠷᠭᠦᠯᠵᠢᠯᠡᠨ ᠳᠡᠭᠡᠭᠰᠢᠯᠡᠵᠦ᠂ ᠤᠯᠠᠮ ᠴᠢᠩᠭ᠎ᠠ ᠦᠢᠯᠡᠳᠦᠯ᠎ᠢᠶᠡᠨ ᠪᠠᠳᠠᠷᠠᠭᠤᠯᠤᠨ᠎ᠠ᠃ ᠠᠪᠠᠭ᠎ᠠ ᠬᠤᠰᠢᠭᠤ᠎ᠨᠢ ᠭᠦᠨ ᠵᠤᠵᠠᠭᠠᠨ ᠰᠣᠶᠣᠯ᠎ᠤᠨ ᠠᠭᠤᠯᠭ᠎ᠠ᠎ᠪᠠᠷ 《ᠡᠮᠡᠭᠡᠯ》 ᠪᠣᠯᠭᠠᠵᠤ᠂ ᠲᠥᠪ ᠶᠣᠰᠣ᠌᠎ᠶᠢ ᠪᠠᠷᠢᠮᠲᠠᠯᠠᠨ ᠰᠢᠨ᠎ᠡ᠎ᠶᠢ ᠡᠭᠦᠳᠦᠨ ᠬᠥᠭᠵᠢᠭᠦᠯᠬᠦ᠎ᠪᠠᠷ 《ᠲᠤᠭᠤᠷᠠᠢ》 ᠪᠤᠯᠭᠠᠨ᠂ ᠮᠣᠩᠭᠤᠯ ᠮᠣᠷᠢᠨ᠎ᠤ ᠵᠣᠷᠢᠭ᠋ ᠰᠠᠨᠠᠭ᠎ᠠ᠎ᠶᠢ ᠪᠠᠳᠠᠷᠠᠭᠤᠯᠬᠤ᠎ᠪᠠᠷ 《ᠵᠠᠮᠨᠡᠯ》 ᠪᠣᠯᠭᠠᠵᠤ᠂ ᠤᠮᠠᠷᠠᠲᠤ ᠬᠢᠯᠢ᠎ᠶᠢᠨ ᠡᠬᠡ ᠭᠠᠵᠠᠷ᠎ᠲᠤ 《ᠰᠣᠶᠣᠯ᠎ᠤᠨ ᠰᠦᠭ ᠰᠦᠨᠡᠰᠦ᠎ᠶᠢ ᠱᠤᠭᠤᠬᠤ᠂ ᠠᠵᠤ ᠦᠢᠯᠡᠰ᠎ᠲᠤ ᠡᠨᠧᠷᠭᠢ ᠣᠯᠭᠤᠬᠤ᠂ ᠰᠣᠶᠣᠯ ᠵᠢᠭᠤᠯᠴᠢᠯᠠᠯ᠎ᠢ ᠠᠭᠤᠰᠤᠯᠴᠠᠭᠤᠯᠬᠤ》 ᠬᠦᠭᠵᠢᠬᠦᠯᠦᠨ ᠮᠠᠨᠳᠤᠭᠤᠯᠬᠤ ᠠᠶᠠᠨ ᠵᠠᠮ ᠳ᠋ᠠᠭᠠᠨ ᠳᠦᠭᠦᠷᠡᠩ ᠢᠲᠡᠭᠡᠯ ᠲᠠᠢ ᠤᠷᠤᠭ᠍ᠰᠢ ᠵᠠᠮᠨᠠᠨ᠎ᠠ᠃