ᠠᠳᠤᠭᠤᠴᠢᠨ᠎ᠤ ᠪᠠᠷᠢᠮᠲᠠᠯᠠᠯ ᠪᠠ ᠤᠯᠠᠮᠵᠢᠯᠠᠯ
2025-11-07 10:58:02
ᠵᠣᠬᠢᠶᠠᠭ᠍ᠴᠢ᠄
​ᠵᠤᠯᠠ ᠴᠢ ᠵᠢᠶᠣᠣ
ᠣᠩᠱᠢᠭ᠍ᠰᠠᠨ ᠣᠳᠠᠭ᠎ᠠ᠄
★★★☆☆

ᠦᠷ᠎ᠦᠨ ᠭᠡᠭᠡ᠎ᠶᠢ ᠤᠭᠲᠤᠵᠤ ᠲᠡᠮᠦᠷᠪᠠᠭᠠᠲᠤᠷ ᠵᠢᠯᠣᠭᠣ᠌ ᠰᠤᠩᠭᠠᠵᠤ ᠠᠳᠤᠭᠤᠨ᠎ᠳᠠᠭᠠᠨ ᠮᠣᠷᠳᠠᠬᠤ᠎ᠳᠤ ᠰᠦᠷᠦᠭ᠎ᠤᠨ ᠲᠦᠪᠡᠷᠭᠡᠨ᠂ ᠢᠨᠴᠠᠭᠠᠬᠤ ᠴᠢᠮᠡᠭᠡ ᠲᠠᠯ᠎ᠠ ᠨᠤᠲᠤᠭ᠎ᠤᠨ ᠨᠠᠮ ᠵᠢᠮ᠎ᠢ ᠡᠪᠳᠡᠨ᠎ᠠ᠃ ᠡᠨᠡ ᠪᠣᠯ ᠲᠡᠮᠦᠷᠪᠠᠭᠠᠲᠤᠷ᠎ᠤᠨ ᠠᠪᠤ ᠎ᠶᠢᠨ᠎ᠢᠶᠠᠨ 40 ᠭᠠᠷᠤᠢ ᠵᠢᠯ᠎ᠦᠨ ᠲᠤᠷᠰᠢ ᠮᠣᠷᠢ ᠳᠠᠢ ᠪᠡᠨ ᠶᠠᠪᠤᠭᠰᠠᠨ᠎ᠤ ᠬᠢᠨᠢ ᠦᠷᠭᠦᠯᠵᠢᠯᠡᠯ ᠪᠣᠯᠬᠤ ᠪᠥᠭᠡᠳ ᠲᠡᠭᠦᠨ᠎ᠤ ᠠᠳᠤᠭᠤ ᠮᠠᠯᠵᠢᠭ᠍ᠰᠠᠨ 25᠎ᠳᠡᠬᠢ ᠵᠢᠯ ᠶᠤᠮ᠃

ᠬᠠᠷᠠᠬᠠᠨ ᠪᠠᠭ᠎ᠠ᠎ᠠᠴᠠ᠎ᠪᠠᠨ ᠮᠣᠷᠢ᠎ᠤᠨᠤᠭ᠎ᠠ ᠳᠠᠢ ᠨᠣᠴᠣᠯᠳᠤᠵᠤ ᠥᠰᠦᠭᠰᠡᠨ ᠲᠡᠮᠦᠷᠪᠠᠭᠠᠲᠤᠷ ᠠᠳᠤᠭᠤ ᠮᠠᠯᠵᠢᠬᠤ᠂ ᠡᠮᠨᠢᠭ ᠰᠤᠷᠭᠠᠬᠤ᠎ᠳᠤ ᠭᠠᠷᠮᠠᠭᠠᠢ ᠭᠠᠷ ᠪᠠᠢᠵᠤ᠂ ᠨᠤᠳᠤᠭ ᠠᠳᠤᠭᠤ ᠲᠡᠵᠢᠭᠡᠨ ᠦᠷᠡᠵᠢᠭᠦᠯᠬᠦ ᠲᠠᠯ᠎ᠠ᠎ᠪᠠᠷ ᠪᠠᠶᠠᠯᠢᠭ᠋ ᠲᠤᠷᠰᠢᠯᠭ᠎ᠠ ᠬᠤᠷᠠᠮᠳᠤᠭᠤᠯᠵᠠᠢ᠃ ᠲᠡᠷᠡ᠄ 《ᠮᠣᠩᠭᠣᠯ ᠮᠣᠷᠢ ᠬᠦᠢᠲᠡᠨ᠎ᠳᠤ ᠲᠡᠰᠪᠦᠷᠢᠲᠡᠢ᠂ ᠡᠪᠦᠯ ᠴᠠᠰᠤ ᠮᠠᠰᠢ ᠶᠡᠬᠡ ᠦᠶ᠎ᠡ᠎ᠳᠦ ᠴᠤ᠌ ᠪᠣᠷᠳᠣᠵᠤ ᠲᠡᠵᠢᠭᠡᠬᠦ ᠴᠢᠬᠤᠯᠠ ᠦᠭᠡᠢ᠂ ᠴᠠᠰᠤᠨ᠎ᠤ ᠳᠣᠣᠷ᠎ᠠ᠎ᠠᠴᠠ ᠡᠪᠡᠰᠦ ᠮᠠᠯᠲᠠᠵᠤ  ᠢᠳᠡᠵᠦ ᠴᠢᠳᠠᠳᠠᠭ᠂ ᠲᠡᠷᠡᠴᠢᠯᠡᠨ ᠨᠠᠭᠠᠰᠢ ᠴᠠᠭᠠᠰᠢ ᠳᠠᠪᠬᠢᠯᠳᠤᠬᠤ᠎ᠳᠠᠭᠠᠨ ᠴᠡᠴᠡᠭ᠎ᠦᠨ ᠲᠣᠭᠣᠰᠣ᠌ ᠎ᠳᠠᠮᠵᠢᠭᠤᠯᠤᠨ᠂ ᠡᠪᠡᠰᠦᠨ᠎ᠤ ᠦᠷ᠎ᠡ᠎ᠶᠢᠨ ᠲᠠᠷᠬᠠᠯᠲᠠ᠎ᠶᠢ ᠪᠡᠶᠡᠯᠡᠭᠦᠯᠵᠦ᠂ ᠡᠪᠡᠰᠦ ᠪᠡᠯᠴᠢᠭᠡᠷ᠎ᠦᠨ ᠤᠷᠭᠤᠮᠠᠯ᠎ᠤᠨ ᠬᠤᠴᠢᠯᠭ᠎ᠠ᠎ᠶᠢᠨ ᠣᠯᠠᠨ ᠶᠠᠩᠵᠤᠲᠤ ᠴᠢᠨᠠᠷ᠎ᠢ ᠨᠡᠮᠡᠭᠳᠡᠭᠦᠯᠳᠡᠭ᠂ ᠡᠨᠡ ᠵᠢᠯ ᠮᠠᠨ᠎ᠤ ᠪᠡᠯᠴᠢᠭᠡᠷ ᠳᠡᠭᠡᠷ᠎ᠡ ᠤᠤᠯ ᠨᠢ ᠦᠵᠡᠵᠦ ᠥᠩᠭᠡᠷᠡᠭᠡ ᠦᠭᠡᠢ ᠤᠷᠭᠤᠮᠠᠯ ᠡᠪᠡᠰᠦ ᠴᠤ᠌ ᠤᠷᠭᠤᠭᠰᠠᠨ ᠪᠠᠢᠨ᠎ᠠ᠃ ᠮᠣᠷᠢᠨ᠎ᠤ ᠪᠡᠶ᠎ᠡ ᠳᠡᠭᠡᠷᠡᠬᠢ ᠵᠦᠢᠯᠡᠰ ᠪᠦᠬᠦᠨ ᠡᠷᠳᠡᠨᠢ ᠁》 ᠭᠡᠵᠦ ᠲᠡᠮᠦᠷᠪᠠᠭᠠᠲᠤᠷ ᠶᠠᠷᠢᠨ᠎ᠠ᠃

ᠲᠡᠮᠦᠷᠪᠠᠭᠠᠲᠤᠷ ᠮᠣᠷᠢ᠎ᠲᠠᠢ᠎ᠪᠠᠨ ᠲᠠᠯ᠎ᠠ ᠨᠤᠲᠤᠭ᠎ᠤᠨ ᠤᠯᠠᠮᠵᠢᠯᠠᠯᠲᠤ ᠨᠠᠭᠠᠳᠤᠮ᠂ ᠡᠯ᠎ᠡ ᠵᠦᠢᠯ᠎ᠦᠨ ᠬᠤᠷᠳᠤᠨ ᠮᠣᠷᠢᠨ᠎ᠤ ᠤᠷᠤᠯᠳᠤᠭᠠᠨ᠂ ᠮᠣᠷᠢ ᠤᠷᠭᠠᠯᠠᠬᠤ ᠣᠷᠤᠯᠳᠤᠭᠠᠨ᠎ᠳᠤ ᠪᠠᠢᠩᠭᠤ ᠣᠷᠣᠯᠴᠠᠳᠠᠭ ᠪᠥᠭᠡᠳ ᠲᠡᠭᠦᠨ᠎ᠦ ᠮᠣᠷᠢ ᠨᠢ ᠨᠢᠭᠡ ᠤᠳᠠᠭᠠᠨ᠎ᠤ ᠪᠦᠬᠦ ᠬᠣᠰᠢᠭᠤᠨ᠎ᠤ ᠠᠵᠢᠷᠭᠠᠨ᠎ᠤ ᠡᠭᠦᠯᠳᠡᠷ ᠰᠢᠯᠭᠠᠷᠠᠭᠤᠯᠬᠤ ᠤᠷᠤᠯᠳᠤᠭᠠᠨ᠎ᠳᠤ ᠬᠣᠶᠠᠳᠤᠭᠠᠷ ᠳᠡᠰ᠎ᠤᠨ ᠱᠠᠩᠨᠠᠯ ᠬᠦᠷᠲᠡᠵᠡᠢ᠃ 《ᠮᠠᠨ᠎ᠤ ᠠᠳᠤᠭᠤᠨ ᠰᠦᠷᠦᠭ ᠠᠪᠤ᠎ᠶᠢᠨ ᠦᠶ᠎ᠡ᠎ᠡᠴᠡ ᠤᠯᠠᠮᠵᠢᠯᠠᠭᠳᠠᠵᠤ ᠢᠷᠡᠭᠰᠡᠨ᠂ ᠠᠪᠤ᠎ᠶᠢᠨ ᠦᠶ᠎ᠡ᠎ᠳᠦ 100 ᠭᠠᠷᠤᠢ ᠠᠳᠤᠭᠤ ᠲᠠᠢ ᠪᠠᠢᠭᠰᠠᠨ᠂ ᠣᠳᠣ᠌ 120 ᠣᠷᠴᠢᠮ ᠪᠣᠯᠣᠭᠠᠳ ᠪᠠᠢᠨ᠎ᠠ》 ᠭᠡᠵᠦ ᠲᠡᠮᠦᠷᠪᠠᠭᠠᠲᠤᠷ ᠡᠷᠭᠢᠴᠡᠭᠦᠯᠦᠨ᠎ᠡ᠃ ᠥᠩᠭᠡᠷᠡᠭᠰᠡᠨ᠎ᠳᠦ᠂ ᠲᠡᠮᠦᠷᠪᠠᠭᠠᠲᠤᠷ᠎ᠤᠨ ᠠᠪᠤ ᠰᠠᠩᠪᠤ ᠭᠤᠸᠠᠢ ᠠᠳᠤᠭᠤ ᠮᠠᠯᠵᠢᠵᠤ ᠨᠡᠭᠦᠳᠡᠯ ᠠᠮᠢᠳᠤᠷᠠᠯ᠎ᠢᠶᠠᠨ ᠡᠷᠭᠦᠵᠦ ᠶᠠᠪᠤᠵᠤ ᠪᠠᠢᠵᠠᠢ᠃ 

ᠠᠳᠤᠭᠤ ᠮᠠᠯᠵᠢᠬᠤ ᠨᠢ ᠨᠠᠩ ᠴᠦ᠍ ᠲᠡᠳᠡᠨ᠎ᠦ ᠥᠭᠡᠳᠡᠷᠬᠡᠭ ᠠᠮᠢᠳᠤᠷᠠᠯ᠎ᠤᠨ ᠢᠷᠡᠯᠲᠡ ᠪᠣᠯᠵᠤ ᠪᠠᠢᠨ᠎ᠠ᠃ 《ᠡᠨᠡ ᠵᠢᠯ᠎ᠦᠨ ᠮᠣᠷᠢ ᠬᠤᠳᠠᠯᠳᠤᠭᠰᠠᠨ ᠣᠷᠣᠯᠭ᠎ᠠ ᠪᠠᠷᠤᠭ 15 ᠲᠦᠮᠡᠨ ᠲᠥᠭᠥᠷᠢᠭ ᠰᠢᠬᠠᠭᠤ᠎ᠳᠤ ᠬᠦᠷᠦᠭᠰᠡᠨ᠂ ᠵᠢᠯ ᠪᠣᠯᠭᠠᠨ᠎ᠦ ᠴᠡᠭᠡ ᠬᠤᠳᠠᠯᠳᠤᠭᠰᠠᠨ ᠣᠷᠣᠯᠭ᠎ᠠ ᠪᠠᠰᠠ 5 — 6 ᠲᠦᠮᠡᠨ ᠲᠥᠭᠥᠷᠢᠭ᠎ᠲᠤ ᠬᠦᠷᠲᠡᠭ》 ᠭᠡᠵᠦ ᠲᠡᠮᠦᠷᠪᠠᠭᠠᠲᠤᠷ ᠪᠠᠶᠠᠷᠲᠠᠢᠬᠠᠨ ᠤᠴᠢᠷᠯᠠᠨ᠎ᠠ᠃ 

ᠠᠳᠤᠭᠤ ᠮᠠᠯᠵᠢᠬᠤ ᠨᠢ ᠵᠥᠪᠬᠡᠨ ᠠᠮᠢᠳᠤᠷᠠᠬᠤ᠎ᠶᠢᠨ ᠲᠥᠯᠥᠭᠡ ᠪᠢᠰᠢ᠂ ᠨᠠᠩ ᠴᠦ᠍ ᠲᠡᠰᠪᠦᠷᠢ ᠬᠠᠲᠠᠭᠤᠵᠢᠯᠲᠠᠢ ᠵᠣᠷᠢᠭ᠋ ᠰᠠᠨᠠᠭᠠᠨ᠎ᠤ ᠦᠷᠭᠦᠯᠵᠢᠯᠡᠯ ᠮᠥᠨ᠃ ᠦᠬᠡᠷ ᠬᠣᠨᠢ᠎ᠲᠠᠢ ᠬᠠᠷᠢᠴᠠᠭᠤᠯᠪᠠᠯ᠂ ᠠᠳᠤᠭᠤ ᠮᠠᠯᠵᠢᠬᠤ ᠨᠢ ᠣᠷᠣᠯᠭ᠎ᠠ᠎ᠪᠠᠷ ᠬᠠᠷᠢᠴᠠᠩᠭᠤᠢ ᠳᠣᠣᠷ᠎ᠠ ᠤᠴᠢᠷ᠎ᠠᠴᠠ ᠠᠳᠤᠭᠤ ᠮᠠᠯᠵᠢᠳᠠᠭ ᠬᠥᠮᠥᠨ ᠵᠢᠯ᠎ᠡᠴᠡ᠎ᠪᠡᠨ ᠵᠢᠯ ᠴᠥᠭᠡᠷᠡᠵᠦ ᠪᠠᠢᠨ᠎ᠠ᠃ᠡᠬᠦᠨᠴᠢᠯᠡᠨ ᠳᠠᠮᠤᠷᠪᠠᠭᠠᠳᠤᠷ᠎ᠤᠨ ᠬᠣᠶᠠᠷ ᠦᠶ᠎ᠡ᠎ᠶᠢᠨ ᠬᠥᠮᠥᠰ᠎ᠦᠨ ᠠᠳᠤᠭᠤ ᠮᠠᠯᠵᠢᠬᠤ᠎ᠪᠠᠨ ᠪᠠᠷᠢᠮᠲᠠᠯᠠᠵᠤ ᠪᠠᠢᠭ᠎ᠠ ᠢᠲᠡᠭᠡᠯ ᠵᠣᠷᠢᠭ᠋ ᠪᠣᠯ ᠨᠤᠭᠤᠷᠠᠰᠢ ᠦᠭᠡᠢ᠂ ᠡᠷᠡᠯᠬᠡᠭ ᠪᠠᠭᠠᠲᠤᠷᠯᠢᠭ᠋ ᠡᠷᠡᠰ ᠬᠠᠲᠠᠨ ᠮᠣᠩᠭᠣᠯ ᠮᠣᠷᠢᠨ᠎ᠤ ᠵᠣᠷᠢᠭ᠋ ᠰᠠᠨᠠᠭ᠎ᠠ ᠵᠢᠴᠢ ᠦᠨᠳᠦᠰᠦᠲᠡᠨ᠎ᠦ ᠰᠣᠶᠣᠯ᠎ᠢ ᠤᠯᠠᠮᠵᠢᠯᠠᠨ ᠵᠠᠯᠭᠠᠮᠵᠢᠯᠠᠬᠤ ᠬᠡᠰᠡᠨ ᠦᠨᠡᠨᠴᠢ ᠠᠷᠠᠨᠰᠢᠨ᠎ᠳᠤᠨᠢ ᠪᠤᠢ᠃ ᠲᠡᠮᠦᠷᠪᠠᠭᠠᠲᠤᠷ᠎ᠤᠨ ᠬᠡᠯᠡᠬᠦ᠎ᠪᠡᠷ ᠮᠣᠩᠭᠣᠯ ᠮᠣᠷᠢ ᠲᠡᠵᠢᠭᠡᠬᠦ᠎ᠳᠦ ᠮᠠᠰᠢ ᠬᠢᠯᠪᠠᠷ᠂ ᠬᠠᠬᠢᠷ ᠬᠦᠢᠲᠡᠨ᠎ᠳᠤ ᠲᠡᠰᠪᠦᠷᠢᠲᠡᠢ ᠪᠠᠢᠳᠠᠭ᠂ ᠨᠢᠮᠪᠠᠢ ᠠᠷᠠᠴᠢᠯᠠᠬᠤ ᠦᠭᠡᠢ᠎ᠪᠠᠷ ᠲᠡᠭ᠎ᠠᠴᠠ ᠳᠣᠷᠣᠭ᠍ᠰᠢ 40 ᠭᠷᠡᠳᠦ᠋ᠰ᠎ᠦᠨ ᠬᠦᠢᠲᠡᠨ᠎ᠢ ᠳᠠᠭᠠᠭᠠᠵᠤ ᠳᠡᠢᠯᠳᠡᠭ᠃ ᠮᠣᠩᠭᠣᠯ ᠮᠣᠷᠢᠨ᠎ᠤ ᠵᠣᠷᠢᠭ᠋ ᠰᠠᠨᠠᠭ᠎ᠠ᠎ᠶᠢ ᠦᠨᠳᠦᠰᠦᠲᠡᠨ᠎ᠦ ᠰᠣᠶᠣᠯ ᠪᠠ ᠦᠨᠳᠦᠰᠦᠲᠡᠨ᠎ᠦ ᠵᠣᠷᠢᠭ᠋ ᠰᠠᠨᠠᠭᠠᠨ᠎ᠦ ᠲᠡᠮᠳᠡᠭ ᠮᠥᠨ ᠭᠡᠵᠦ ᠦᠵᠡᠪᠡᠯ᠂ ᠮᠣᠷᠢᠨ᠎ᠦ ᠬᠡᠷᠡᠭᠰᠡᠯ ᠦᠢᠯᠡᠳᠬᠦ ᠨᠢ ᠠᠳᠤᠭᠤᠴᠢᠨ᠎ᠤ ᠠᠮᠢᠳᠤᠷᠠᠯ᠎ᠳᠤ ᠰᠡᠢᠯᠦᠭᠳᠡᠭᠰᠡᠨ ᠰᠣᠶᠣᠯ᠎ᠤᠨ ᠢᠮ ᠲᠠᠮᠠᠭ᠎ᠠ ᠪᠣᠯᠣᠨ᠎ᠠ ᠬᠡᠯᠴᠡᠳᠡᠭ᠃ ᠲᠡᠮᠦᠷᠪᠠᠭᠠᠲᠤᠷ᠎ᠤᠨ ᠭᠡᠷ᠎ᠲᠤ ᠣᠷᠣᠮᠠᠭᠴᠠ ᠵᠣᠴᠢᠯᠠᠬᠤ ᠥᠷᠥᠭᠡᠨ᠎ᠳᠦ ᠪᠠᠢᠭ᠎ᠠ ᠡᠮᠡᠭᠡᠯ᠂ ᠬᠡᠷᠡᠮ ᠳᠡᠭᠡᠷ᠎ᠡ ᠡᠯᠭᠦᠭᠰᠡᠨ ᠨᠣᠭᠲᠣ᠌᠂ ᠬᠠᠵᠠᠭᠠᠷ ᠵᠡᠷᠭᠡ ᠨᠢ ᠢᠯᠡᠬᠡᠨ ᠬᠠᠷᠠᠭᠳᠠᠨ᠎ᠠ᠃ ᠡᠨᠡ ᠪᠣᠯ ᠲᠡᠭᠦᠨ᠎ᠦ ᠠᠪᠤ᠎ᠠᠴᠠ᠎ᠪᠠᠨ ᠰᠣᠷᠣᠭᠰᠠᠨ ᠭᠠᠷ᠎ᠤᠨ ᠡᠷᠳᠡᠮ ᠮᠥᠨ ᠪᠥᠭᠡᠳ ᠦᠨᠳᠦᠰᠦᠲᠡᠨ᠎ᠦ ᠤᠯᠠᠮᠵᠢᠯᠠᠯᠲᠤ ᠭᠠᠷ ᠤᠷᠠᠯᠠᠯ᠎ᠤᠨ ᠤᠯᠠᠮᠵᠢᠯᠠᠯ᠎ᠤᠨ ᠪᠤᠳᠠᠳᠤ ᠵᠢᠱ᠌ᠢᠶ᠎ᠠ ᠪᠣᠯᠣᠨ᠎ᠠ᠃ 《ᠮᠠᠨ᠎ᠤ ᠦᠶ᠎ᠡ᠎ᠶᠢᠨ ᠬᠢᠨ ᠮᠣᠷᠢᠨ ᠬᠡᠷᠡᠭᠰᠡᠯ᠎ᠢᠶᠡᠨ ᠥᠪᠡᠷ᠎ᠢᠶᠡᠨ ᠬᠢᠵᠦ ᠴᠢᠳᠠᠳᠠᠭ᠂ ᠬᠠᠷᠢᠨ ᠳᠣᠣᠷ᠎ᠠ ᠦᠶ᠎ᠡ᠎ᠶᠢᠨ ᠬᠢᠨᠢ ᠬᠢᠵᠦ ᠴᠢᠳᠠᠳᠠᠭ ᠨᠢ ᠴᠥᠭᠡᠨ ᠪᠣᠯᠵᠤ ᠪᠠᠢᠨ᠎ᠠ᠂ ᠮᠣᠷᠢᠨ᠎ᠤ ᠡᠳ᠋ᠯᠡᠯ ᠬᠢᠬᠦ ᠭᠠᠷ ᠤᠷᠠᠯᠠᠯ ᠎ᠢᠶᠠᠨ ᠤᠯᠠᠮᠵᠢᠯᠠᠵᠤ ᠴᠢᠳᠠᠬᠤ ᠨᠢ ᠨᠢᠬᠡ ᠶᠤᠰᠤᠨ᠎ᠳᠠᠭᠠᠨ ᠠᠳᠤᠭᠤ ᠮᠠᠯᠵᠢᠬᠤ᠎ᠶᠢᠨ ᠦᠨᠳᠦᠰᠦ᠎ᠪᠠᠨ ᠰᠠᠬᠢᠵᠤ ᠪᠠᠢᠭ᠎ᠠ ᠳᠠᠢ ᠠᠳᠠᠯᠢ》 ᠭᠡᠵᠦ ᠲᠡᠷᠡ ᠶᠠᠷᠢᠨ᠎ᠠ᠃

ᠮᠣᠩᠭᠣᠯ ᠮᠣᠷᠢ᠎ᠶᠢ ᠨᠠᠩ ᠰᠠᠢᠨ ᠬᠠᠮᠠᠭᠠᠯᠠᠬᠤ᠎ᠶᠢᠨ ᠲᠥᠯᠥᠭᠡ᠂ ᠠᠪᠠᠭ᠎ᠠ ᠬᠣᠰᠢᠭᠤᠨ᠎ᠤ ᠮᠠᠯ ᠠᠵᠤ ᠠᠬᠤᠢ᠎ᠶᠢᠨ ᠲᠣᠪᠴᠢᠶ᠎ᠠ᠎ᠶᠢᠨ ᠡᠭᠦᠯᠳᠡᠷ ᠰᠠᠢᠵᠢᠷᠠᠭᠤᠯᠬᠤ ᠥᠷᠲᠡᠭᠡ ᠲᠡᠳᠡᠨ᠎ᠦ ᠬᠢ᠎ᠡᠴᠡ 15 ᠲᠣᠯᠣᠭᠠᠢ ᠴᠡᠪᠡᠷ ᠡᠭᠦᠯᠳᠡᠷ᠎ᠦᠨ ᠮᠣᠩᠭᠣᠯ ᠮᠣᠷᠢ᠎ᠶᠢ ᠮᠣᠩᠭᠣᠯ ᠠᠳᠤᠭᠤᠨ᠎ᠤ ᠣᠨᠴᠠᠯᠢᠭ᠋  ᠪᠦᠬᠦᠢ ᠭᠧᠨ᠎ᠢ ᠬᠠᠮᠠᠭᠠᠯᠠᠬᠤ ᠲᠥᠷᠥᠯ ᠵᠦᠢᠯ᠎ᠳᠦ ᠣᠷᠣᠭᠤᠯᠵᠤ᠂ ᠴᠠᠬᠢᠮ᠎ᠳᠦ ᠨᠡᠢᠳᠬᠡᠨ᠂ ᠮᠣᠩᠭᠣᠯ ᠮᠣᠷᠢ ᠨᠢᠭᠡ ᠪᠦᠷᠢ᠎ᠳᠦ ᠴᠥᠮ ᠲᠤᠰᠬᠠᠢ 《ᠨᠡᠷ᠎ᠡ ᠎ᠶᠢᠨ  ᠬᠠᠭᠤᠳᠠᠰᠤ》᠎ᠲᠠᠢ ᠪᠣᠯᠭᠠᠵᠤ᠂ ᠰᠢᠨ᠎ᠡ ᠮᠡᠷᠭᠡᠵᠢᠯ᠎ᠦᠨ ᠠᠷᠭ᠎ᠠ ᠪᠠᠷᠢᠯ᠎ᠢ ᠬᠡᠷᠡᠭᠯᠡᠨ ᠮᠣᠩᠭᠣᠯ ᠠᠳᠤᠭᠤᠨ᠎ᠤ ᠡᠭᠦᠯᠳᠡᠷ᠎ᠢ ᠬᠠᠮᠠᠭᠠᠯᠠᠬᠤ ᠠᠵᠢᠯ᠎ᠢ ᠨᠠᠩ ᠣᠨᠣᠪᠴᠢᠲᠠᠶ ᠨᠠᠩ ᠰᠠᠢᠨ ᠴᠢᠩᠭᠠᠳᠬᠠᠪᠠ᠃ ᠨᠢᠳᠤᠨᠤᠨ᠂ ᠨᠠᠮ ᠪᠠ  ᠵᠠᠰᠠᠭ᠎ᠤᠨ ᠣᠷᠳᠣᠨ ᠎ᠤ ᠲᠥᠷᠥᠯ ᠵᠦᠢᠯ᠎ᠦᠨ ᠳᠡᠮᠵᠢᠯᠭᠡ᠎ᠪᠠᠷ ᠵᠤᠰᠠᠯᠠᠩ᠎ᠳᠠᠭᠠᠨ 200 ᠲᠡᠭᠰᠢ ᠳᠥᠷᠪᠡᠯᠵᠢᠨ ᠮᠧᠲᠷ ᠭᠡᠭᠦᠦ ᠰᠠᠭᠠᠬᠤ ᠲᠠᠯᠠᠪᠠᠢ ᠪᠠᠢᠭᠤᠯᠵᠠᠢ᠃ ᠲᠡᠮᠦᠷᠪᠠᠭᠠᠲᠤᠷ᠎ᠤᠨ ᠬᠡᠦᠬᠡᠳ᠎ᠦᠳ ᠨᠢ ᠴᠦ᠍ ᠠᠪᠤ᠎ᠠᠴᠠ᠎ᠪᠡᠨ ᠮᠣᠩᠭᠣᠯ ᠠᠳᠤᠭᠤ᠎ᠶᠢ ᠬᠠᠢᠷᠠᠯᠠᠬᠤ᠂ ᠮᠠᠯᠵᠢᠬᠤ ᠡᠷᠳᠡᠮ᠎ᠢ ᠪᠡᠶᠡᠴᠢᠯᠡᠨ ᠰᠤᠷᠴᠤ᠂ ᠮᠣᠩᠭᠣᠯ ᠮᠣᠷᠢᠨ᠎ᠤ ᠵᠣᠷᠢᠭ᠋ ᠰᠠᠨᠠᠭ᠎ᠠ᠎ᠶᠢ ᠤᠯᠠᠮᠵᠢᠯᠠᠨ ᠠᠪᠴᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号