— ᠳ᠋ᠦᠩᠱᠧᠩ ᠲᠣᠭᠣᠷᠢᠭ ᠱᠢᠨ᠎ᠡ ᠴᠠᠭ ᠦᠶ᠎ᠡ ᠶ᠋ᠢᠨ ᠪᠣᠯᠪᠠᠰᠤᠨ ᠤ᠋ ᠦᠶ᠋ᠯᠡᠳᠦᠯᠭᠡ ᠶ᠋ᠢᠨ ᠠᠵᠢᠯ ᠢ᠋ ᠭᠦᠨᠵᠡᠭᠡᠢᠷᠡᠭᠦᠯᠦᠨ ᠪᠣᠳᠠᠲᠠᠢᠵᠢᠭᠤᠯᠬᠤ ᠵᠢ ᠠᠬᠢᠭᠤᠯᠪᠠ
ᠦᠵᠡᠯ ᠰᠠᠨᠠᠭ᠎ᠠ ᠪᠡᠷ ᠬᠦᠳᠦᠯᠥᠨ ᠳᠠᠭᠠᠭᠤᠯᠬᠤ᠂ ᠰᠣᠶᠣᠯ ᠢ᠋ᠶ᠋ᠡᠷ ᠠᠷᠠᠳ ᠲᠦ᠍ ᠠᠱᠢᠭ ᠬᠦᠷᠲᠡᠭᠡᠬᠦ᠌᠂ ᠵᠠᠰᠠᠯᠲᠠ ᠪᠡᠷ ᠦᠷ᠎ᠡ ᠠᠱᠢᠭ ᠢ᠋ ᠨᠡᠮᠡᠭ᠌ᠳᠡᠭᠦᠯᠬᠦ ᠳ᠋ᠤ ᠬᠣᠯᠪᠣᠭ᠍ᠳᠠᠬᠤ ᠪᠣᠯᠪᠠᠰᠤᠨ ᠤ᠋ ᠦᠢᠯᠡᠳᠦᠯᠭᠡ ᠤᠳᠤ ᠶᠠᠭ ᠤᠷᠳᠤᠰ ᠬᠤᠳᠠ ᠶ᠋ᠢᠨ ᠳ᠋ᠦᠩᠱᠧᠩ ᠲᠣᠭᠣᠷᠢᠭ ᠲᠦ᠍ ᠲᠤᠭᠤᠰᠢᠳᠠᠢ ᠨᠠᠢᠳᠠᠪᠤᠷᠢᠵᠢᠭᠤᠯᠤᠭᠳᠠᠵᠤ ᠪᠠᠢᠨ᠎ᠠ᠃
ᠦᠢᠯᠡᠴᠢᠯᠡᠭᠡᠨᠤ ᠲᠤᠤᠷ ᠢ᠋ ᠪᠦᠷᠬᠦᠬᠦᠯᠵᠤ ᠬᠠᠮᠳᠤᠵᠢᠨ ᠰᠡᠳᠭᠢᠯ ᠢ᠋ ᠨᠢᠬᠲᠠᠷᠠᠭᠤᠯᠬᠤ ᠵᠢ ᠨᠢᠭᠡᠳᠦᠯᠲᠡᠶ ᠲᠥᠯᠥᠪᠵᠢᠭᠦᠯᠪᠡ
《ᠤᠯᠠᠨ ᠲᠦᠮᠡᠨ ᠬᠠᠮᠢᠭ᠎ᠠ ᠪᠠᠢᠪᠠᠯ ᠪᠣᠯᠪᠠᠰᠤᠨ ᠤ᠋ ᠦᠢᠯᠡᠳᠦᠯᠭᠡ ᠶ᠋ᠢᠨ ᠭᠣᠣᠯᠳᠠᠯᠭ᠎ᠠ ᠲᠡᠨᠳᠡ ᠪᠠᠢᠨ᠎ᠠ》᠃ 2018 ᠣᠨ ᠳ᠋ᠤ ᠂ ᠳ᠋ᠦᠩᠱᠧᠩ ᠲᠣᠭᠣᠷᠢᠭ ᠥᠪᠡᠷᠲᠡᠭᠡᠨ ᠵᠠᠰᠠᠬᠤ ᠣᠷᠣᠨ ᠤ᠋ ᠱᠢᠨ᠎ᠡ ᠴᠠᠭ ᠦᠶ᠎ᠡ ᠶ᠋ᠢᠨ ᠪᠣᠯᠪᠠᠰᠤᠨ ᠤ᠋ ᠦᠶ᠋ᠯᠡᠳᠦᠯᠭᠡ ᠶ᠋ᠢᠨ ᠲᠥᠪ ᠤ᠋ᠨ ᠲᠤᠷᠱᠢᠯᠲᠠ ᠶ᠋ᠢᠨ ᠴᠡᠭ ᠪᠣᠯᠵᠣ᠂ ᠨᠢᠭᠡ ᠵᠢᠯ ᠤ᠋ᠨ ᠳᠠᠷᠠᠭ᠎ᠠ ᠪᠠᠰᠠ ᠪᠥᠬᠥ᠌ ᠤᠯᠤᠰ ᠤ᠋ᠨ ᠲᠤᠷᠱᠢᠯᠲᠠ ᠶ᠋ᠢᠨ ᠴᠡᠭ ᠪᠣᠯᠪᠠ᠃
ᠵᠢᠱ᠌ᠢᠶ᠎ᠡ ᠦᠵᠡᠭᠦᠯᠦᠨ ᠬᠥᠲᠥᠯᠥᠨ ᠳᠠᠭᠠᠭᠤᠯᠬᠤ ᠦᠶ᠋ᠯᠡᠳᠦᠯ ᠢ᠋ ᠬᠡᠷᠬᠢᠨ ᠪᠠᠳᠠᠷᠠᠭᠤᠯᠬᠤ ᠪᠤᠢ ? ᠱᠢᠨ᠎ᠡ ᠴᠠᠭ ᠦᠶ᠎ᠡ ᠶ᠋ᠢᠨ ᠪᠣᠯᠪᠠᠰᠤᠨ ᠤ᠋ ᠦᠶ᠋ᠯᠡᠳᠦᠯᠭᠡ ᠶ᠋ᠢᠨ ᠲᠥᠪ ᠢ᠋ ᠬᠡᠷᠬᠢᠨ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ ᠤ᠋ᠨ ᠠᠵᠢᠯ ᠤ᠋ᠨ ᠦᠨᠳᠦᠰᠦᠨ ᠱᠠᠲᠤᠨ ᠤ᠋ ᠦᠶ᠋ᠯᠡᠴᠢᠯᠡᠭᠡᠨ ᠤ᠋ ᠶᠡᠷᠦᠩᠬᠡᠶ ᠴᠣᠩᠬᠣᠪᠴᠢ ᠪᠣᠯᠭᠠᠨ ᠪᠠᠢᠭᠤᠯᠬᠤ ᠪᠤᠢ?
ᠦᠢᠯᠡᠴᠢᠯᠡᠭᠡᠨᠤ ᠲᠤᠤᠷ ᠢ᠋ ᠰᠦᠯᠵᠢᠵᠤ᠂ ᠬᠠᠮᠳᠤᠵᠢᠨ ᠰᠡᠳᠬᠢᠯ ᠢ᠋ ᠨᠢᠭ᠍ᠲᠠᠷᠠᠭᠤᠯᠬᠤ ᠪᠣᠯ ᠳ᠋ᠦᠩᠱᠧᠩ ᠲᠣᠭᠣᠷᠢᠭ ᠤ᠋ᠨ ᠠᠰᠠᠭᠤᠳᠠᠯ ᠢ᠋ ᠰᠢᠢᠳᠪᠦᠷᠢᠯᠡᠬᠦ ᠵᠠᠩᠭᠢᠯᠠᠭ᠎ᠠ ᠪᠣᠯᠤᠨ᠎ᠠ᠃
58.6 ᠲᠦᠮᠡᠨ ᠪᠠᠢᠩᠭᠤ ᠰᠠᠭᠤᠭ᠎ᠠ ᠬᠥᠮᠦᠨ ᠠᠮᠠ ᠲᠠᠢ᠂ 95% ᠶ᠋ᠢᠨ ᠬᠣᠲᠠᠴᠢᠯᠠᠯᠲᠠ ᠶ᠋ᠢᠨ ᠨᠣᠷᠮ᠎ᠠ ᠲᠠᠢ ᠭᠤᠤᠯ ᠬᠣᠲᠠ ᠲᠣᠭᠣᠷᠢᠭ ᠪᠣᠯᠤᠭ᠍ᠰᠠᠨ ᠤ᠋ ᠬᠤᠪᠢ ᠳ᠋ᠤ᠂ ᠳ᠋ᠦᠩᠱᠧᠩ ᠲᠣᠭᠣᠷᠢᠭ ᠱᠢᠨ᠎ᠡ ᠴᠠᠭ ᠦᠶ᠎ᠡ ᠶ᠋ᠢᠨ ᠪᠣᠯᠪᠠᠰᠤᠨ ᠤ᠋ ᠦᠶ᠋ᠯᠡᠳᠦᠯᠭᠡ ᠶ᠋ᠢᠨ ᠲᠥᠪ ᠤ᠋ᠨ ᠪᠠᠢᠭᠤᠯᠤᠯᠲᠠ ᠵᠢ ᠤᠯᠤᠰ ᠲᠥᠷᠥ ᠶ᠋ᠢᠨ ᠡᠭᠦᠷᠭᠡ᠂ ᠠᠷᠠᠳ ᠤ᠋ᠨ ᠰᠡᠳᠭᠢᠯ ᠤ᠋ᠨ ᠢᠨᠵᠧᠨᠧᠷᠢᠩ ᠪᠣᠯᠭᠠᠬᠤ ᠵᠢ ᠪᠠᠷᠢᠮᠲᠠᠯᠠᠵᠤ᠂ ᠨᠢᠭᠡᠳᠦᠯᠲᠡᠶ ᠲᠥᠯᠥᠪᠵᠢᠭᠦᠯᠦᠨ᠂ ᠭᠦᠨᠵᠡᠭᠡᠢᠷᠡᠭᠦᠯᠦᠨ ᠠᠬᠢᠭᠤᠯᠵᠤ᠂ ᠱᠢᠨ᠎ᠡ ᠴᠠᠭ ᠦᠶ᠎ᠡ ᠶ᠋ᠢᠨ ᠪᠣᠯᠪᠠᠰᠤᠨ ᠤ᠋ ᠦᠶ᠋ᠯᠡᠳᠦᠯᠭᠡ ᠶ᠋ᠢᠨ ᠲᠥᠪ ᠢ᠋ ᠡᠳᠦᠷ ᠳᠤᠮᠳᠠᠴᠢ ᠶ᠋ᠢᠨ ᠬᠥᠮᠦᠨ ᠤ᠋ ᠤᠷᠤᠰᠬᠠᠯ ᠤ᠋ᠨ ᠬᠡᠮᠵᠢᠶ᠎ᠡ 5000 ᠬᠥᠮᠦᠨ ᠤᠳᠠᠭ᠎ᠠ ᠬᠦᠷᠬᠦ ᠬᠣᠲᠠ ᠶ᠋ᠢᠨ ᠠᠷᠠᠳ ᠤ᠋ᠨ ᠦᠶ᠋ᠯᠡᠴᠢᠯᠡᠭᠡᠨ ᠤ᠋ ᠲᠥᠪ ᠲᠦ᠍ ᠪᠠᠢᠭᠤᠯᠵᠤ᠂ ᠪᠣᠯᠪᠠᠰᠤᠨ ᠤ᠋ ᠦᠶ᠋ᠯᠡᠳᠦᠯᠭᠡ ᠵᠢ ᠣᠯᠠᠨ ᠲᠦᠮᠡᠨ ᠤ᠋ ᠳᠤᠮᠳᠠ ᠪᠤᠳᠠᠲᠠᠢᠵᠢᠭᠤᠯᠵᠤ᠂ ᠨᠡᠢᠭᠡᠮ ᠤ᠋ᠨ ᠬᠦᠴᠦᠨ ᠢ᠋ ᠨᠢᠭ᠍ᠲᠠᠷᠠᠭᠤᠯᠪᠠ᠃
ᠣᠳᠣᠬᠠᠨ ᠳ᠋ᠤ᠂ ᠳ᠋ᠦᠩᠱᠧᠩ ᠲᠣᠭᠣᠷᠢᠭ ᠤ᠋ᠨ ᠪᠥᠬᠥ᠌ ᠣᠷᠣᠨ ᠪᠦᠰᠡ ᠳ᠋ᠤ ᠨᠢᠭᠡᠨᠲᠡ 《ᠲᠥᠪ᠂ ᠭᠠᠵᠠᠷ᠂ ᠥᠷᠲᠡᠭᠡ᠂ ᠴᠡᠭ》 ᠤ᠋ᠨ ᠳᠥᠷᠪᠡᠨ ᠱᠠᠲᠤᠨ ᠤ᠋ ᠪᠣᠯᠪᠠᠰᠤᠨ ᠤ᠋ ᠦᠶ᠋ᠯᠡᠳᠦᠯᠭᠡ ᠶ᠋ᠢᠨ ᠵᠢᠭ᠍ᠰᠠᠭᠠᠯ ᠤ᠋ᠨ ᠭᠠᠵᠠᠷ ᠤ᠋ᠨ ᠲᠤᠤᠷ ᠢ᠋ ᠪᠠᠢᠭᠤᠯᠪᠠ᠃ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠱᠢᠨ᠎ᠡ ᠵᠢ ᠡᠭᠦᠳᠬᠦ᠌ ᠣᠷᠣᠨ ᠵᠠᠢ ᠡᠴᠡ ᠬᠠᠭᠤᠴᠢᠨ ᠵᠡᠭᠡᠯᠢ ᠲᠤᠭᠤᠷᠢᠭ ᠤ᠋ᠨ ᠵᠢᠵᠢᠭ ᠬᠦᠷᠢᠶᠡᠯᠡᠩ ᠬᠦᠷᠲᠡᠯ᠎ᠡ᠂ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠦᠢᠯᠡᠳᠭᠡᠯ ᠤ᠋ᠨ ᠭᠠᠵᠠᠷ ᠡᠴᠡ ᠬᠤᠪᠢᠰᠭᠠᠯ ᠤ᠋ᠨ ᠬᠥᠮᠦᠵᠢᠯ ᠤ᠋ᠨ ᠰᠠᠭᠤᠷᠢᠨ ᠬᠦᠷᠲᠡᠯ᠎ᠡ᠂ ᠳ᠋ᠦᠩᠱᠧᠩ ᠲᠣᠭᠣᠷᠢᠭ 1 ᠲᠥᠪ᠂ 15 ᠭᠠᠵᠠᠷ᠂ 108 ᠦᠷᠳᠡᠭᠡ᠂ 140 ᠭᠠᠷᠤᠢ ᠥᠪᠡᠷᠮᠢᠴᠡ ᠣᠨᠴᠠᠯᠢᠭ ᠲᠠᠢ ᠴᠡᠭ ᠢ᠋ ᠪᠠᠢᠭᠤᠯᠬᠤ ᠪᠡᠷ ᠳᠠᠮᠵᠢᠨ᠂ 《15 ᠮᠢᠨᠦ᠋ᠲ ᠤ᠋ᠨ ᠪᠣᠯᠪᠠᠰᠤᠨ ᠤ᠋ ᠦᠢᠯᠡᠳᠦᠯᠭᠡ ᠶ᠋ᠢᠨ ᠲᠣᠭᠣᠷᠢᠭ》 ᠢ᠋ ᠪᠠᠢᠭᠤᠯᠵᠤ᠂ ᠤᠯᠠᠨ ᠲᠦᠮᠡᠨ ᠢ᠋ 15 ᠮᠢᠨᠦ᠋ᠲ ᠠᠯᠬᠤᠪᠠᠯ ᠳᠠᠷᠤᠢ 《ᠤᠶᠤᠨ ᠰᠠᠨᠠᠭᠠᠨ ᠤ᠋ ᠭᠡᠷ ᠣᠷᠣᠨ》 ᠳ᠋ᠤ ᠬᠦᠷᠴᠤ ᠳᠡᠢᠯᠬᠦ᠌ ᠪᠣᠯᠭᠠᠪᠠ᠃
ᠳᠥᠷᠪᠡᠨ ᠬᠡᠮᠵᠢᠯᠳᠦ ᠬᠤᠷᠠᠮᠠᠯ ᠢ᠋ ᠪᠦᠷᠢᠯᠳᠦᠭᠦᠯᠵᠦ ᠨᠠᠷᠢᠯᠢᠭ ᠤᠨᠤᠴᠠᠲᠠᠢ ᠦᠶ᠋ᠯᠡᠴᠢᠯᠡᠭᠡ ᠬᠠᠨᠭᠭᠠᠪᠠ
ᠵᠢᠭ᠍ᠰᠠᠭᠠᠯ ᠤ᠋ᠨ ᠭᠠᠵᠠᠷ ᠢ᠋ ᠪᠠᠢᠭᠤᠯᠬᠤ ᠪᠦᠭᠡᠳ ᠨᠡᠩ ᠴᠦ᠍ ᠬᠦᠭᠵᠢᠶᠡᠨ ᠲᠠᠢ ᠪᠠᠢᠯᠭᠠᠬᠤ ᠬᠡᠷᠡᠭᠲᠡᠢ᠃ ᠳ᠋ᠦᠩᠱᠧᠩ ᠲᠣᠭᠣᠷᠢᠭ 《 ᠬᠦᠴᠦᠨ ᠴᠢᠳᠠᠯ᠂ ᠡᠬᠢ ᠪᠠᠶᠠᠯᠢᠭ᠂ ᠠᠭᠤᠯᠭ᠎ᠠ᠂ ᠲᠠᠪᠴᠠᠩ》ᠤ᠋ᠨ ᠳᠥᠷᠪᠡᠨ ᠬᠡᠮᠵᠢᠯᠳᠦ ᠬᠤᠷᠠᠮᠠᠯ ᠢ᠋ᠶ᠋ᠡᠷ ᠰᠠᠯᠠᠭ᠎ᠠ ᠮᠥᠴᠢᠷ ᠤ᠋ᠨ ᠪᠡᠬᠢᠯᠡᠯᠲᠡ ᠵᠢ ᠡᠪᠳᠡᠵᠦ᠍᠂ ᠦᠶ᠋ᠯᠡᠴᠢᠯᠡᠭᠡᠨ ᠤ᠋ ᠨᠠᠷᠢᠯᠢᠭ ᠣᠨᠣᠴᠠᠲᠠᠶ ᠪᠠᠢᠬᠤ ᠵᠢ ᠪᠡᠶᠡᠯᠡᠭᠦᠯᠪᠡ᠃
ᠵᠢᠯ ᠤ᠋ᠨ ᠡᠬᠢ ᠵᠢ ᠡᠷᠭᠢᠴᠡᠭᠦᠯᠬᠦᠶ᠎ᠡ᠂ ᠳ᠋ᠦᠩᠱᠧᠩ ᠲᠣᠭᠣᠷᠢᠭ ᠤ᠋ᠨ ᠨᠣᠮ ᠤ᠋ᠨ ᠰᠠᠩ ᠳ᠋ᠤ ᠬᠥᠷ ᠬᠥᠭ᠌ᠵᠢᠶᠡᠨ ᠢ᠋ᠶ᠋ᠡᠷ ᠪᠢᠯᠬᠠᠨ᠂ ᠬᠤᠤᠰ ᠤᠶᠠᠩᠭ᠎ᠠ᠂ ᠪᠠᠶᠠᠰᠬᠤᠯᠠᠨᠭᠲᠤ ᠳ᠋ᠧᠩᠯᠦ᠍ ᠭᠢᠯᠠᠯᠵᠠᠵᠤ᠂ ᠥᠳᠭᠡᠨ ᠪᠡᠬᠡᠰ ᠤ᠋ᠨ ᠠᠩᠬᠢᠯᠤᠮ᠎ᠠ ᠦᠨᠦᠷ ᠪᠠ ᠬᠠᠭᠤᠷᠤᠬᠰᠠᠨ ᠡᠷᠳᠡᠨᠢ ᠰᠢᠰᠢ ᠶ᠋ᠢᠨ ᠭᠤᠶᠤ ᠦᠨᠦᠷ ᠬᠠᠨᠭᠬᠤᠯᠤᠨᠠ᠃
ᠳ᠋ᠦᠩᠱᠧᠩ ᠲᠣᠭᠣᠷᠢᠭ ᠤ᠋ᠨ ᠱᠢᠨ᠎ᠡ ᠴᠠᠭ ᠦᠶ᠎ᠡ ᠶ᠋ᠢᠨ ᠪᠣᠯᠪᠠᠰᠤᠨ ᠤ᠋ ᠦᠶ᠋ᠯᠡᠳᠦᠯᠭᠡ ᠶ᠋ᠢᠨ ᠲᠥᠪ᠂ ᠡᠪᠯᠡᠯ ᠤ᠋ᠨ ᠬᠣᠷᠢᠶ᠎ᠠ ᠵᠢᠴᠢ ᠵᠡᠷᠭᠡ ᠣᠯᠠᠨ ᠨᠢᠭᠡᠴᠢ ᠡᠴᠡ ᠬᠠᠮᠲᠤᠷᠠᠨ ᠡᠷᠭᠢᠯᠡᠭ᠌ᠰᠡᠨ ᠡᠨᠡ ᠬᠦ᠌ ᠠᠵᠢᠯᠯᠠᠭ᠎ᠠ ᠨᠢ ᠣᠯᠠᠨ ᠤ᠋ ᠮᠠᠭ᠍ᠲᠠᠭᠠᠯ ᠰᠠᠢᠱᠢᠶᠠᠯ ᠢ᠋ ᠤᠯᠪᠠ᠃
ᠲᠤᠰ ᠤᠳᠠᠭᠠᠨ ᠤ᠋ ᠠᠵᠢᠯᠯᠠᠭ᠎ᠠ ᠪᠣᠯ ᠳ᠋ᠦᠩᠱᠧᠩ ᠲᠣᠭᠣᠷᠢᠭ ᠤ᠋ᠨ ᠪᠣᠯᠪᠠᠰᠤᠨ ᠤ᠋ ᠦᠶ᠋ᠯᠡᠳᠦᠯᠭᠡ ᠶ᠋ᠢᠨ ᠪᠠᠶᠠᠯᠢᠭ ᠰᠠᠢᠬᠠᠨ ᠠᠵᠢᠯᠯᠠᠭ᠎ᠠ ᠶ᠋ᠢᠨ ᠬᠤᠷᠢᠶᠠᠩᠭᠤᠢ ᠳᠦᠷᠰᠦ ᠪᠣᠯᠤᠨ᠎ᠠ᠃ ᠳ᠋ᠦᠩᠱᠧᠩ ᠲᠣᠭᠣᠷᠢᠭ 《 ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ ᠤ᠋ᠨ ᠠᠵᠢᠯ ᠤ᠋ᠨ ᠦᠨᠳᠦᠰᠦᠨ ᠱᠠᠲᠤᠨ ᠤ᠋ ᠦᠶ᠋ᠯᠡᠴᠢᠯᠡᠭᠡᠨ ᠤ᠋ ᠶᠡᠷᠦᠩᠬᠡᠶ ᠴᠣᠩᠬᠣᠪᠴᠢ》ᠶ᠋ᠢᠨ ᠵᠢᠱ᠌ᠢᠶ᠎ᠡ ᠦᠵᠡᠭᠦᠯᠵᠦ᠍ ᠬᠥᠲᠥᠯᠥᠨ ᠳᠠᠭᠠᠭᠤᠯᠬᠤ ᠦᠶ᠋ᠯᠡᠳᠦᠯ ᠢ᠋ ᠪᠠᠳᠠᠷᠠᠭᠤᠯᠵᠤ᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ ᠤ᠋ᠨ ᠴᠢᠨᠠᠷ ᠰᠠᠢᠲᠠᠶ ᠡᠬᠢ ᠪᠠᠶᠠᠯᠢᠭ ᠢ᠋ ᠦᠷᠭᠦᠯᠵᠢᠯᠡᠨ ᠦᠨᠳᠦᠰᠦᠨ ᠱᠠᠲᠤᠨ ᠳ᠋ᠤ ᠪᠠᠭᠤᠯᠭᠠᠵᠤ᠂ 263 ᠥᠷᠲᠡᠭᠡ᠂ 400 ᠭᠠᠷᠤᠶ ᠰᠠᠢᠨ ᠳᠤᠷ᠎ᠠ ᠶ᠋ᠢᠨ ᠦᠶ᠋ᠯᠡᠴᠢᠯᠡᠭᠡᠨ ᠤ᠋ ᠠᠩᠭᠢ᠂ 30 ᠭᠠᠷᠤᠶ ᠨᠡᠢᠲᠡ ᠶ᠋ᠢᠨ ᠠᠰᠠᠷᠠᠮᠵᠢ ᠶ᠋ᠢᠨ ᠵᠣᠬᠢᠶᠠᠨ ᠪᠠᠢᠭᠤᠯᠤᠯᠲᠠ ᠵᠢ ᠨᠡᠢᠳᠭᠡᠵᠦ᠂ ᠵᠢᠯ ᠳᠤᠮᠳᠠᠴᠢ ᠪᠡᠷ 3000 ᠭᠠᠷᠤᠶ ᠤᠳᠠᠭ᠎ᠠ ᠶ᠋ᠢᠨ ᠨᠠᠷᠢᠯᠢᠭ ᠣᠨᠣᠴᠠᠲᠠᠶ ᠦᠢᠯᠡᠴᠢᠯᠡᠭᠡ ᠵᠢ ᠦᠷᠨᠢᠭᠦᠯᠵᠦ᠂ 5000 ᠭᠠᠷᠤᠶ ᠤᠳᠠᠭ᠎ᠠ ᠠᠵᠢᠯᠯᠠᠭ᠎ᠠ ᠥᠷᠨᠢᠭᠦᠯᠵᠦ᠍᠂ ᠣᠯᠠᠨ ᠲᠦᠮᠡᠨ ᠢ᠋ 20 ᠭᠠᠷᠤᠶ ᠲᠦᠮᠡᠨ ᠬᠥᠮᠦᠨ ᠤᠳᠠᠭ᠎ᠠ ᠬᠠᠮᠤᠷᠴᠠᠶ᠃
ᠳ᠋ᠦᠩᠱᠧᠩ ᠲᠣᠭᠣᠷᠢᠭ ᠤ᠋ᠨ ᠦᠨᠳᠦᠰᠦᠲᠡᠨ ᠤ᠋ ᠵᠡᠭᠡᠯᠢ ᠭᠤᠳᠤᠮᠵᠢ ᠶ᠋ᠢᠨ ᠨᠠᠮ ᠤ᠋ᠨ ᠠᠵᠢᠯᠤᠨ ᠬᠣᠷᠢᠶ᠎ᠠ ᠶ᠋ᠢᠨ ᠤᠬᠠᠭᠤᠯᠬᠤ ᠭᠡᠱᠢᠭᠦᠨ ᠦ᠋ ᡁᠢ ᠪᠢᠨ᠄ 《 ᠪᠢᠳᠡᠨ 〈ᠦᠲᠡᠯᠦᠭᠡ ᠨᠠᠰᠤᠨ ᠤ᠋ ᠲᠥᠯᠥᠪᠯᠡᠭᠡ〉 ᠪᠡᠷ ᠨᠠᠰᠤᠲᠠᠨ ᠢ᠋ ᠬᠠᠯᠠᠮᠵᠢᠯᠠᠨ ᠬᠠᠢᠷᠠᠯᠠᠵᠤ᠂ ᠺᠠᠷᠲ᠋ᠣᠨ ᠳᠦᠷᠢ 〈 ᠢ ᠮᠸᠩ 〉 ᠢ᠋ᠶ᠋ᠡᠷ ᠵᠠᠯᠠᠭᠤᠴᠤᠳ ᠤ᠋ᠨ ᠠᠩᠬᠠᠷᠤᠯ ᠢ᠋ ᠲᠠᠲᠠᠵᠤ᠂ ᠠᠵᠢᠯᠯᠠᠭ᠎ᠠ ᠶ᠋ᠢᠨ ᠬᠡᠯᠪᠡᠷᠢ ᠨᠢ ᠨᠠᠩ ᠪᠠᠶᠠᠯᠢᠭ᠂ ᠪᠦᠷᠬᠦᠴᠡ ᠨᠢ ᠨᠠᠩ ᠥᠷᠭᠡᠨ ᠪᠣᠯᠵᠠᠢ》 ᠭᠡᠨ᠎ᠠ᠃
ᠬᠣᠣᠰ ᠴᠢᠭ᠌ᠯᠡᠯ ᠢ᠋ᠶ᠋ᠡᠷ ᠠᠭᠤᠰᠤᠯᠴᠠᠭᠤᠯᠤᠨ ᠰᠦᠭ ᠰᠦᠨᠡᠰᠦ ᠵᠢ ᠱᠤᠭᠤᠬᠤᠵᠢᠨ ᠲᠠᠭᠠᠤ ᠤᠴᠢᠷ ᠶᠠᠪᠤᠳᠠᠯ ᠢ᠋ ᠢᠳᠡᠪᠬᠢᠳᠠᠢ ᠬᠦᠢᠴᠡᠳᠭᠡᠪᠠ
ᠪᠣᠯᠪᠠᠰᠤᠨ ᠤ᠋ ᠦᠢᠯᠡᠳᠦᠯᠭᠡ ᠳ᠋ᠤ ᠨᠠᠮ ᠤ᠋ᠨ ᠰᠠᠢᠨ ᠲᠦᠷᠦ ᠶ᠋ᠢᠨ ᠪᠤᠳᠤᠯᠭ᠎ᠠ ᠵᠢ ᠳᠠᠮᠵᠢᠭᠤᠯᠬᠤ ᠪᠡᠷ ᠪᠠᠷᠠᠬᠤ ᠦᠭᠡᠢ ᠪᠠᠰᠠ ᠤᠯᠠᠨ ᠲᠦᠮᠡᠨ ᠤ᠋ 《 ᠰᠡᠳᠭᠢᠯ ᠢ᠋ ᠳᠤᠯᠠᠭᠠᠴᠠᠭᠤᠯᠬᠤ ᠶᠠᠪᠤᠳᠠᠯ》 ᠢ᠋ ᠲᠣᠬᠢᠲᠠᠢ ᠬᠢᠬᠦ ᠬᠡᠷᠡᠭ᠌ᠲᠡᠢ᠃ ᠳ᠋ᠦᠩᠱᠧᠩ ᠲᠣᠭᠣᠷᠢᠭ 《5 + 2》 ᠦᠶ᠋ᠯᠡᠴᠢᠯᠡᠭᠡᠨ ᠤ᠋ ᠠᠭᠤᠯᠭ᠎ᠠ ᠳ᠋ᠤ ᠠᠩᠬᠠᠷᠤᠯ ᠢ᠋ᠶ᠋ᠡᠨ ᠲᠥᠪᠯᠡᠷᠡᠭᠦᠯᠵᠦ᠍᠂ 《ᠣᠨᠣᠯ ᠤ᠋ᠨ ᠤᠬᠠᠭᠤᠯᠭ᠎ᠠ + ᠲᠥᠷᠥ ᠶ᠋ᠢᠨ ᠪᠣᠳᠣᠯᠭ᠎ᠠ ᠶ᠋ᠢᠨ ᠤᠬᠠᠭᠤᠯᠭ᠎ᠠ》 ᠂ 《 ᠭᠤᠤᠯ ᠥᠷᠲᠡᠭ + ᠬᠡᠪ ᠵᠠᠨᠭᠰᠢᠯ ᠢ᠋ ᠥᠭᠡᠷᠡᠴᠢᠯᠡᠬᠦ᠌》᠂ 《ᠤᠮᠠᠷᠠᠲᠤ ᠬᠢᠯᠢ ᠶ᠋ᠢᠨ ᠰᠣᠶᠣᠯ + ᠰᠣᠶᠣᠯ ᠤ᠋ᠨ ᠦᠶ᠋ᠯᠡᠴᠢᠯᠡᠭᠡ》 ᠵᠡᠷᠭᠡ ᠬᠤᠤᠰ ᠴᠢᠭ᠌ᠯᠡᠯ ᠢ᠋ᠶ᠋ᠡᠷ ᠠᠭᠤᠰᠤᠯᠴᠠᠬᠤ ᠵᠢ ᠠᠬᠢᠭᠤᠯᠪᠠ᠃
ᠡᠨᠡ ᠵᠢᠯ ᠤ᠋ᠨ 5 ᠰᠠᠷ᠎ᠠ ᠶ᠋ᠢᠨ 20 ᠤ᠋ ᠡᠳᠦᠷ᠂ ᠳ᠋ᠦᠩᠱᠧᠩ ᠲᠣᠭᠣᠷᠢᠭ ᠤ᠋ᠨ ᠬᠣᠲᠠ ᠶ᠋ᠢᠨ ᠠᠷᠠᠳ ᠤ᠋ᠨ ᠦᠶ᠋ᠯᠡᠴᠢᠯᠡᠭᠡᠨ ᠤ᠋ ᠲᠥᠪ ᠤ᠋ᠨ ᠨᠢᠭᠡᠳᠦᠭᠡᠷ ᠳᠠᠪᠬᠤᠷᠯᠢᠭ ᠤ᠋ᠨ ᠵᠡᠭᠦᠨ ᠲᠢᠩᠬᠢᠮᠳᠤ ᠪᠠᠶᠠᠷ ᠪᠠᠶᠠᠰᠤᠯ ᠵᠢᠡᠷ ᠪᠢᠯᠬᠠᠵᠤ᠂ 20 ᠬᠣᠣᠰ ᠱᠢᠨ᠎ᠡ ᠤᠷᠤᠭᠯᠠᠭᠰᠠᠳ《ᠪᠣᠯᠪᠠᠰᠤᠨ ᠣᠷᠣᠭ ᠤ᠋ᠨ ᠶᠣᠰᠣ ᠵᠢ ᠰᠠᠨᠠᠭᠠᠴᠢᠯᠠᠭ᠍ᠤ》 ᠭᠡᠷᠡᠮ ᠲᠡᠭᠡᠷ᠎ᠠ ᠨᠠᠷᠠ ᠪᠠᠨ ᠪᠢᠴᠢᠵᠤ᠂ ᠬᠡᠪ ᠵᠠᠩᠱᠢᠯ ᠢ᠋ ᠥᠭᠡᠷᠡᠴᠢᠯᠡᠨ ᠤᠷᠤᠭ ᠤ᠋ᠨ ᠱᠢᠨ᠎ᠡ ᠵᠠᠩᠱᠢᠯ ᠢ᠋ ᠰᠠᠨᠠᠭᠠᠴᠢᠯᠠᠪᠠ᠃
《ᠵᠢᠭ᠍ᠰᠠᠭᠠᠯ ᠤ᠋ᠨ ᠭᠠᠵᠠᠷ ᠢ᠋ ᠬᠦᠴᠦᠷᠬᠡᠭ᠌ᠵᠢᠭᠦᠯᠵᠦ᠍᠂ ᠠᠵᠢᠯᠯᠠᠭ᠎ᠠ ᠥᠷᠨᠢᠭᠦᠯᠦᠨ᠂ ᠰᠣᠶᠣᠯ ᠢ᠋ ᠤᠯᠠᠮᠵᠢᠯᠠᠵᠤ》᠂ ᠳ᠋ᠦᠩᠱᠧᠩ ᠲᠣᠭᠣᠷᠢᠭ 《 ᠬᠠᠩᠰᠢ ᠶ᠋ᠢᠨ ᠡᠳᠦᠷ》᠂ 《520》 ᠵᠡᠷᠭᠡ ᠪᠣᠯᠪᠠᠰᠤᠨ ᠤ᠋ ᠦᠶ᠋ᠯᠡᠳᠦᠯᠭᠡ ᠶ᠋ᠢᠨ ᠠᠵᠢᠯᠯᠠᠭ᠎ᠠ ᠪᠡᠷ ᠭᠠᠷᠳᠠᠴᠠ ᠪᠣᠯᠭᠠᠵᠤ᠂ ᠬᠣᠲᠠ ᠶ᠋ᠢᠨ ᠠᠷᠠᠳ ᠤ᠋ᠨ ᠦᠶ᠋ᠯᠡᠴᠢᠯᠡᠭᠡᠨ ᠤ᠋ ᠲᠥᠪ᠂ ᠰᠠᠷᠠᠨᠠᠢ ᠴᠡᠴᠡᠭ ᠤ᠋ᠨ ᠴᠡᠴᠡᠷᠯᠢᠭ ᠵᠡᠷᠭᠡ ᠵᠢᠭ᠍ᠰᠠᠭᠠᠯ ᠤ᠋ᠨ ᠭᠠᠵᠠᠷ ᠢ᠋ᠶ᠋ᠡᠷ ᠲᠦᠱᠢᠭ ᠪᠣᠯᠭᠠᠵᠤ᠂ ᠵᠢᠯ ᠪᠦᠷᠢ ᠳᠤᠮᠳᠠᠴᠢ ᠪᠡᠷ 70 ᠭᠠᠷᠤᠶ ᠲᠠᠯᠠᠪᠠᠶ ᠠᠵᠢᠯᠯᠠᠭ᠎ᠠ ᠥᠷᠨᠢᠭᠦᠯᠪᠡ; ᠬᠡᠪ ᠵᠠᠨᠭᠰᠢᠯ ᠢ᠋ ᠥᠭᠡᠷᠡᠴᠢᠯᠡᠬᠦ᠌ ᠪᠢᠴᠢᠯ ᠤᠬᠤᠷ ᠵᠦᠴᠦᠭᠡ 《ᠣᠷᠣᠭ ᠬᠤᠷᠢᠮ ᠤ᠋ᠨ ᠵᠠᠩᠱᠢᠯ ᠢ᠋ ᠬᠤᠪᠢᠷᠠᠭᠤᠯᠬᠤ ᠠᠶ᠎ᠠ 》 ᠂ ᠠᠷᠪᠠᠨ ᠳᠤᠯᠤᠭᠠᠨ ᠦᠰᠦᠭᠲᠦ ᠰᠢᠯᠦᠭ 《ᠵᠠᠩ ᠳᠠᠳᠭᠠᠯ ᠢ᠋ ᠥᠭᠡᠷᠡᠴᠢᠯᠡᠬᠦ᠌ ᠨᠢ ᠰᠠᠢᠨ》 ᠵᠡᠷᠭᠡ ᠭᠣᠢᠳᠠ ᠰᠠᠢᠬᠠᠨ ᠫᠷᠤᠭ᠌ᠷᠠᠮ ᠢ᠋ ᠨᠠᠢᠷᠠᠭᠤᠯᠤᠨ ᠵᠣᠬᠢᠶᠠᠵᠤ᠂ ᠨᠡᠢᠲᠡ 30 ᠭᠠᠷᠤᠶ ᠲᠠᠯᠠᠪᠤᠷ ᠲᠣᠭᠣᠷᠢᠨ ᠲᠣᠭ᠍ᠯᠠᠪᠠ; ᠵᠢᠷᠭᠢᠶ᠎ᠡ ᠶ᠋ᠢᠨ ᠤᠯᠠᠨ ᠨᠡᠢᠲᠡ ᠶ᠋ᠢᠨ ᠲᠠᠪᠴᠠᠩ᠂ ᠤᠬᠠᠭᠤᠯᠭ᠎ᠠ ᠶ᠋ᠢᠨ ᠪᠤᠯᠤᠩ ᠵᠡᠷᠭᠡ ᠲᠠᠪᠴᠠᠩ ᠢ᠋ᠶ᠋ᠡᠷ 100 ᠭᠠᠷᠤᠢ ᠬᠡᠪ ᠵᠠᠨᠭᠰᠢᠯ ᠢ᠋ ᠦᠭᠡᠷᠡᠴᠢᠯᠡᠬᠦ ᠲᠤᠬᠠᠢ ᠮᠡᠳᠡᠭᠡ ᠵᠠᠩᠭᠢ ᠵᠢ ᠳᠠᠮᠵᠢᠭᠤᠯᠵᠤ᠂ 2.5 ᠲᠦᠮᠡ ᠭᠠᠷᠤᠢ ᠬᠤᠪᠢ ᠤᠬᠠᠭᠤᠯᠭ᠎ᠠ ᠶ᠋ᠢᠨ ᠮᠠᠲ᠋ᠧᠷᠢᠶᠠᠯ ᠲᠠᠷᠬᠠᠭᠠᠵᠤ᠂ ᠪᠣᠯᠪᠠᠰᠤᠨ ᠤ᠋ ᠣᠢᠯᠠᠭᠠᠭ᠍ᠳᠠᠬᠤᠨ ᠢ᠋ ᠬᠥᠮᠦᠰ ᠤ᠋ᠨ ᠰᠡᠳᠭᠢᠯ ᠳ᠋ᠤ ᠭᠦᠨ ᠬᠠᠳᠠᠩᠱᠢᠭᠤᠯᠪᠠ᠃
《ᠵᠠᠮ ᠬᠠᠢᠭ᠍ᠴᠢ》 ᠪᠠᠢᠭ᠍ᠰᠠᠨ ᠡᠴᠡ ᠪᠠᠨ 《ᠳᠠᠭᠠᠭᠤᠯᠤᠭ᠍ᠴᠢ》 ᠪᠤᠯᠬᠤ᠂ 《ᠬᠣᠣᠰ ᠲᠤᠷᠱᠢᠯᠲᠠ ᠶ᠋ᠢᠨ ᠴᠡᠭ》 ᠪᠠᠢᠭ᠍ᠰᠠᠨ ᠡᠴᠡ ᠪᠠᠨ 《ᠦᠯᠢᠭᠡᠷ ᠳᠠᠭᠤᠷᠢᠶᠠᠯᠲᠦ ᠲᠣᠭᠣᠷᠢᠭ》 ᠪᠤᠯᠬᠤ ᠶᠠᠪᠤᠴᠠ ᠳ᠋ᠤ᠂ ᠳ᠋ᠦᠩᠱᠧᠩ ᠲᠣᠭᠣᠷᠢᠭ ᠤ᠋ᠨ ᠱᠢᠨ᠎ᠡ ᠴᠠᠭ ᠦᠶ᠎ᠡ ᠶ᠋ᠢᠨ ᠪᠣᠯᠪᠠᠰᠤᠨ ᠤ᠋ ᠦᠢᠯᠡᠳᠦᠯᠭᠡ ᠶ᠋ᠢᠨ ᠠᠵᠢᠯ ᠨᠢ ᠲᠣᠭ᠍ᠲᠠᠴᠠ ᠶ᠋ᠢᠨ ᠱᠢᠨ᠎ᠡ ᠵᠢ ᠡᠭᠦᠳᠬᠦ᠌ ᠤᠶᠤᠨ ᠤᠬᠠᠭᠠᠨ᠂ ᠡᠬᠢ ᠪᠠᠶᠠᠯᠢᠭ ᠢ᠋ ᠨᠡᠢᠳᠭᠡᠬᠦ᠌ ᠰᠥᠰᠥ᠍ ᠵᠣᠷᠢᠭ ᠲᠦ᠍ ᠲᠦᠰᠢᠭᠯᠡᠭᠰᠡᠨ ᠪᠦᠭᠡᠳ ᠨᠡᠩ ᠴᠤ᠌ ᠠᠷᠠᠳ ᠲᠦᠮᠡᠨ ᠳ᠋ᠤ ᠦᠢᠯᠡᠴᠢᠯᠡᠬᠦ᠌ ᠤᠭ ᠰᠠᠨᠠᠭ᠎ᠠ ᠡᠴᠡ ᠦᠨᠳᠤᠰᠤᠯᠡᠭᠰᠡᠨ ᠶᠤᠮ᠃