ᠤᠤᠭᠠᠯ ᠨᠡᠬᠦᠳᠡᠯ ᠳᠠᠢ ᠤᠳᠬ᠎ᠠ ᠰᠤᠶᠤᠯᠳᠤ ᠨᠤᠳᠤᠭ — ᠠᠷᠦ ᠬᠤᠷᠴᠢᠨ ᠬᠤᠰᠢᠭᠤ
2025-11-21 11:19:05
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

44᠎ᠳ᠋ᠤᠭᠡᠷ ᠬᠤᠭᠤᠴᠠᠭ᠎ᠠ — ᠭᠤᠷᠪᠠᠨ  ᠱᠠᠳᠤᠨ᠎ᠤ   ᠬᠤᠯᠪᠤᠭᠠᠯᠠᠯ


ᠤᠷᠠᠯᠢᠭ ᠳᠡᠯᠬᠡᠷᠡᠨᠭᠬᠦᠢ ᠰᠤᠶᠤᠯ ᠪᠠᠳᠠᠷᠠᠨᠭᠭᠤᠢ ᠠᠷᠤ ᠬᠤᠷᠴᠢᠨ

ᠠᠭᠤᠯᠠ ᠬᠠᠢᠷᠬᠠᠨ ᠰᠢᠭ᠋ ᠵᠢᠡᠨ ᠪᠤᠰᠤᠭ᠎ᠠ ᠰᠠᠴᠤᠷᠠᠨᠭᠭᠤᠢ ᠠᠷᠤ ᠬᠤᠷᠴᠢᠨ

ᠠᠪᠢᠶᠡᠰ ᠨᠢ ᠴᠢᠳᠠᠮᠠᠭᠠᠢ ᠠᠭᠠᠯᠢ ᠨᠢ ᠡᠷᠡᠮᠡᠬᠡᠢ ᠠᠷᠤ ᠬᠤᠷᠴᠢᠨ

ᠤᠰᠤ ᠮᠦᠷᠡᠨ ᠰᠢᠭ ᠵᠢᠡᠨ ᠤᠷᠡᠨ ᠭᠠᠷᠮᠠᠭᠠᠢ ᠠᠷᠤ ᠬᠤᠷᠴᠢᠨ


QQ20251121-095617.png


ᠤᠳᠤᠷ ᠨᠡᠬᠦᠳᠡᠯ 

                ᠵᠢᠪᠬᠤᠯᠠᠩ ᠰᠡᠬᠦᠳᠡᠷᠯᠡᠪᠡ


ᠤᠯᠠᠭᠠᠨᠬᠠᠳᠠ ᠬᠤᠳᠠ ᠵᠢᠨ ᠵᠡᠬᠦᠨ ᠬᠤᠢᠳᠤ ᠭᠡᠰᠡᠭ ᠲᠣ᠌ ᠪᠠᠢᠷᠢᠯᠠᠵᠤ᠂ ᠶᠡᠷᠦᠩᠭᠡᠢ ᠲᠠᠯᠠᠪᠠᠢ ᠨᠢ 14277 ᠳᠡᠭᠰᠢ ᠲᠦᠷᠪᠡᠯᠵᠢᠨ ᠺᠢᠯᠤᠮᠸᠲᠷ᠂ 14 ᠰᠤᠮᠤ ᠰᠢᠶᠠᠩ ᠪᠠᠯᠭᠠᠰᠤ᠂ 2 ᠨᠡᠢᠬᠡᠮ ᠳᠤᠭᠤᠷᠢᠭ᠎ᠤᠨ ᠬᠡᠷᠡᠭ ᠡᠷᠬᠢᠯᠡᠬᠦ ᠭᠠᠵᠠᠷ᠂ 245 ᠭᠠᠴᠠᠭ᠎ᠠ ᠲᠤᠰᠬᠤᠨ᠂ 28.9 ᠲᠦᠮᠡᠨ ᠬᠦᠮᠤᠨ ᠠᠮᠠ ᠲᠠᠢ᠃

ᠠᠷᠦ ᠬᠤᠷᠴᠢᠨ ᠬᠤᠰᠢᠭᠤ ᠤᠷᠲᠦ ᠤᠳᠠᠭᠠᠨ ᠲᠡᠥᠬᠡ ᠰᠤᠶᠤᠯ ᠲᠠᠢ᠃ 《ᠬᠠᠭᠠᠨ ᠤᠷᠳᠤᠨ ᠤ᠋ ᠬᠦᠭᠵᠢᠮ》 《ᠬᠠᠰᠠᠭ ᠲᠡᠷᠭᠡ ᠬᠢᠬᠦ ᠮᠡᠷᠭᠡᠵᠢᠯ 》 《ᠠᠷᠪᠠᠨ ᠰᠤᠮᠤ ᠵᠢᠨ ᠬᠤᠷᠢᠮ》 ᠨᠢ ᠤᠯᠤᠰ ᠤ᠋ᠨ ᠲᠡᠰ ᠤ᠋ᠨ ᠪᠤᠳᠠᠰ ᠤ᠋ᠨ ᠪᠤᠰᠤ ᠰᠤᠶᠤᠯ ᠤ᠋ᠨ ᠦᠪ ᠤ᠋ᠨ ᠲᠦᠷᠦᠯ ᠵᠤᠢᠯ ᠳ᠋ᠥ ᠵᠢᠭ᠍ᠰᠠᠭᠠᠭᠳᠠᠪᠠ᠃ ᠬᠤᠰᠢᠭᠤᠨ᠎ᠤ ᠬᠢᠵᠠᠭᠠᠷ ᠲᠣ᠌ ᠡᠷᠲᠡᠨ᠎ᠤ ᠬᠠᠭᠤᠴᠢᠳ 400 ᠭᠠᠷᠤᠢ ᠪᠠᠢᠵᠦ᠂ ᠤᠯᠤᠰ ᠤ᠋ᠨ ᠲᠡᠰ ᠤ᠋ᠨ ᠳᠡᠥᠬᠡ ᠶ᠋ᠢᠨ ᠳᠤᠷᠠᠰᠬᠠᠯᠲᠦ ᠵᠦᠢᠯ ᠤ᠋ᠨ ᠬᠠᠮᠠᠭᠠᠯᠠᠯᠲᠠ ᠶ᠋ᠢᠨ ᠨᠢᠭᠡᠴᠡ 7 ᠪᠠᠢᠨ᠎ᠠ᠃

ᠠᠷᠤ ᠬᠤᠷᠴᠢᠨ ᠬᠤᠰᠢᠭᠤᠨ ᠤ᠋ ᠠᠵᠤ ᠤᠢᠯᠠᠰ ᠤ᠋ᠨ ᠰᠠᠭᠤᠷᠢ ᠵᠤᠵᠠᠭᠠᠨ᠃ ᠪᠦᠬᠦ ᠤᠯᠤᠰ ᠤ᠋ᠨ ᠠᠮᠤ ᠪᠤᠳᠠᠭᠠᠨ ᠤ᠋ ᠭᠠᠷᠤᠯᠳᠠ ᠵᠢᠨ ᠶᠡᠭᠡ ᠬᠤᠰᠢᠭᠤ ᠮᠦᠷᠳᠡᠭᠡᠨ ᠪᠦᠬᠦ ᠣᠯᠣᠰ ᠤ᠋ᠨ ᠭᠣᠷᠪᠠᠨ ᠶᠡᠬᠡ ᠨᠣᠭᠣᠭᠠᠨ ᠪᠤᠷᠴᠠᠭ ᠤ᠋ᠨ ᠭᠣᠣᠯ ᠭᠠᠷᠣᠯᠳᠠ ᠵᠢᠨ ᠣᠷᠣᠨ ᠤ᠋ ᠨᠢᠭᠡ᠂ ᠮᠥᠨ ᠴᠦ᠍ ᠦᠪᠦᠷ ᠮᠣᠩᠭᠣᠯ ᠤ᠋ᠨ ᠮᠢᠬᠠᠨ᠎ᠤ ᠦᠬᠡᠷ ᠬᠤᠨᠢᠨ ᠤ᠋ ᠴᠢᠬᠣᠯᠠ ᠦᠢᠯᠡᠳᠪᠦᠷᠢᠯᠡᠯ ᠤ᠋ᠨ ᠰᠠᠭᠣᠷᠢᠨ ᠭᠠᠵᠠᠷ᠂ 2013 ᠤᠨ ᠳ᠋ᠥ 《ᠲᠤᠮᠳᠠᠳᠤ ᠤᠯᠤᠰ ᠤ᠋ᠨ ᠡᠪᠡᠰᠤᠨ ᠤ᠋ ᠨᠡᠢᠰᠯᠡᠯ 》᠂ 2017 ᠤᠨ ᠳ᠋ᠥ 《ᠤᠯᠤᠰ ᠤ᠋ᠨ ᠪᠤᠷᠤ ᠴᠠᠷᠭᠠᠰᠤ ᠲᠠᠷᠢᠬᠤ ᠪᠠᠷᠢᠮᠵᠢᠶᠠᠵᠢᠭ᠍ᠰᠠᠨ ᠵᠢᠱ᠌ᠢᠶ᠎ᠠ ᠦᠵᠡᠬᠦᠯᠬᠦ ᠤᠷᠤᠨ 》᠂ 2024 ᠤᠨ ᠳ᠋ᠥ 《ᠤᠯᠤᠰ ᠤ᠋ᠨ ᠲᠠᠯ᠎ᠠ ᠨᠤᠳᠤᠭ ᠤ᠋ᠨ ᠮᠠᠯ ᠠᠵᠤ ᠠᠬᠤᠢ ᠵᠢᠨ ᠡᠷᠬᠢᠯᠳᠡ ᠵᠢᠨ ᠲᠠᠰ ᠲᠠᠪᠰᠢᠭ᠌ᠰᠡᠨ ᠲᠤᠷᠰᠢᠯᠳᠠ ᠵᠢᠨ ᠬᠤᠰᠢᠭᠤ》 ᠪᠡᠷ ᠦᠨᠡᠯᠡᠭᠳᠡᠪᠡ᠃ 《ᠠᠷᠤ ᠬᠤᠷᠴᠢᠨ ᠤ᠋ ᠦᠭᠡᠷ ᠤ᠋ᠨ ᠮᠢᠬ᠎ᠠ》 《ᠠᠷᠤ ᠬᠤᠷᠴᠢᠨ ᠤ᠋ ᠬᠤᠨᠢᠨ ᠮᠢᠬ᠎ᠠ》 《ᠠᠷᠤ ᠬᠤᠷᠴᠢᠨ ᠤ᠋ ᠨᠠᠷᠢᠮᠤ》 《ᠠᠷᠤ ᠬᠤᠷᠴᠢᠨ ᠤ᠋ ᠪᠤᠷᠤ ᠴᠠᠷᠭᠠᠰᠤ 》 ᠵᠡᠷᠭᠡ ᠨᠢ ᠤᠯᠤᠰ ᠤ᠋ᠨ ᠭᠠᠵᠠᠷ ᠵᠦᠢ ᠵᠢᠨ ᠢᠯᠡᠷᠬᠡᠢᠯᠡᠯᠳᠦ ᠲᠠᠸᠠᠷ ᠤ᠋ᠨ ᠲᠡᠮᠳᠡᠭ ᠵᠢᠡᠷ ᠦᠨᠡᠯᠡᠭᠳᠡᠵᠡᠢ᠃

ᠠᠷᠤ ᠬᠤᠷᠴᠢᠨ ᠬᠤᠰᠢᠭᠤᠨ ᠤ᠋ ᠪᠠᠢᠭᠠᠯᠢ ᠵᠢᠨ ᠦᠩᠭᠡ ᠦᠵᠡᠮᠵᠢ ᠭᠤᠶᠤ᠂ ᠭᠠᠵᠠᠷ ᠵᠦᠢ ᠵᠢᠨ ᠤᠨᠴᠠᠯᠢᠭ᠋ ᠵᠢᠨᠷ ᠲᠠᠪᠠᠭᠤᠯᠢᠭ᠋ ᠪᠠᠢᠵᠤ᠂ ᠠᠭᠤᠯᠠᠷᠬᠠᠭ ᠭᠠᠵᠠᠷ ᠤ᠋ᠨ ᠤᠢ ᠰᠢᠭᠤᠢ ᠵᠢᠨ ᠰᠢᠰᠲᠸᠮ᠂ ᠲᠠᠯ᠎ᠠ ᠨᠤᠳᠤᠭ ᠤ᠋ᠨ ᠠᠮᠢ ᠠᠬᠤᠢ ᠵᠢᠨ ᠰᠢᠰᠲᠸᠮ᠂ ᠨᠤᠭᠤ ᠭᠠᠵᠠᠷ ᠤ᠋ᠨ ᠠᠮᠢ ᠠᠬᠤᠢ ᠶ᠋ᠢᠨ ᠰᠢᠰᠲᠸᠮ᠂ ᠡᠯᠡᠰᠤ ᠮᠠᠩᠬᠠᠨ ᠤ᠋ ᠠᠮᠢ ᠠᠬᠤᠢ ᠵᠢᠨ ᠰᠢᠰᠲᠸᠮ ᠪᠦᠷᠢᠨᠰᠢᠵᠤ᠂ᠢᠯᠠᠩᠭᠤᠶ᠎ᠠ ᠬᠤᠰᠢᠭᠤᠨ᠎ᠤ ᠠᠷᠦ ᠪᠡᠶ᠎ᠠ (ᠪᠡᠶᠡᠡᠡᠦ᠋ᠨᠳᠤᠷ ᠰᠤᠮᠤ) ᠵᠢᠨ 500 ᠲᠦᠮᠡ ᠭᠠᠷᠤᠢ ᠮᠤ᠌ ᠨᠡᠬᠦᠳᠡᠯ ᠮᠠᠯᠵᠢᠯ ᠤ᠋ᠨ ᠰᠢᠰᠲᠸᠮ ᠨᠢ 《ᠪᠦᠬᠦ ᠪᠦᠮᠪᠤᠷᠴᠡᠭ ᠤ᠋ᠨ ᠴᠢᠬᠤᠯᠠ ᠬᠦᠳᠡᠭᠡ ᠠᠵᠤ ᠠᠬᠤᠢ ᠵᠢᠨ ᠰᠤᠶᠤᠯ ᠤ᠋ᠨ ᠦᠪ》 ᠵᠢᠨᠷ ᠪᠦᠷᠢᠳᠬᠡᠭᠳᠡᠪᠡ᠃

(ᠠᠷᠦ ᠬᠤᠷᠴᠢᠨ ᠬᠤᠰᠢᠭᠤᠨ᠎ᠤ ᠬᠠᠮ ᠵᠠᠭᠤᠴᠢᠯᠠᠭᠤᠷ᠎ᠤᠨ ᠳᠦᠪ ᠳᠠᠢ ᠬᠠᠮᠳᠤᠷᠡᠨ ᠤᠬᠠᠭᠠᠯᠠᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号